ᠮᠤᠩᠭᠤᠯ ᠬᠡᠯᠡ
ᠨᠡᠶᠢᠲᠡᠯᠡᠭᠰᠡᠨ ᠴᠠᠭ᠄
2017/2/20
         ᠮᠤᠩᠭᠤᠯ ᠬᠡᠯᠡ                          ﹇ᠮᠤᠩᠭᠤᠯ﹈  ᠳ᠋᠊ · ᠪᠤᠯᠤᠳᠬᠤᠶᠠᠭ        ᠬᠢᠩᠭᠠᠨ ᠤ ᠠᠭᠤᠯᠠᠨ ᠳᠤ ᠠᠵᠢᠷᠭᠠᠨ ᠴᠢᠨ᠋ᠸ᠎ᠠ ᠤᠯᠢᠬᠤ ᠨᠢ ᠤᠷᠳᠤ ᠶᠢᠨ ᠳᠠᠭᠤᠤ ᠶᠢᠨ ᠰᠢᠷᠦᠩᠬᠠᠢ ᠶᠤᠮ        ᠬᠠᠭᠠᠴᠠᠯ ᠤᠨ ᠭᠤᠨᠢᠭ ᠢ ᠤᠷᠳᠤ ᠶᠢᠨ ᠲᠠᠭᠤᠤ ᠪᠠᠷ ᠠᠷᠭᠠᠳᠠᠬᠤ ᠨᠢ ᠦᠨᠳᠦᠷ ᠭᠠᠵᠠᠷ ᠤᠨ ᠰᠠᠯᠬᠢ ᠶᠤᠮ        ᠡᠷᠳᠡᠨ ᠤ ᠨᠤᠳᠤᠭ ᠲᠤ ᠦᠨᠳᠦᠷ ᠤᠨ ᠰᠠᠯᠬᠢ ᠬᠠᠤᠬᠢᠬᠤ ᠨᠢ ᠠᠮᠤᠷᠵᠢᠬᠤ ᠡᠬᠡ ᠶᠢᠨ ᠳᠣᠩᠰᠢᠯ ᠶᠤᠮ        ᠡᠬᠡ ᠠᠴᠠ ᠲᠦᠷᠦᠭᠡᠳ ᠲᠡᠩᠭᠡᠭᠡ ᠮᠡᠳᠡᠨ ᠴᠢᠷᠠᠯᠠᠬᠤ ᠨᠢ ᠮᠢᠨᠤ ᠮᠤᠩᠭᠤᠯ ᠬᠡᠯᠡ ᠶᠤᠮ        ᠬᠡᠷᠡᠮ ᠤᠨ ᠴᠢᠨᠠᠳᠤ ᠠᠴᠠ ᠠᠳᠤᠭᠤ ᠨᠤᠳᠤᠭ ᠢᠶᠠᠨ ᠬᠦᠶᠦᠬᠦ ᠨᠢ ᠠᠭᠠᠳᠠᠷ ᠪᠤᠷᠤᠭᠠᠨ ᠤ ᠲᠤᠪᠰᠢᠶ᠎ᠠ ᠶᠤᠮ        ᠬᠡᠭᠡᠷ᠎ᠡ ᠲᠠᠯ᠎ᠠ ᠳᠤ ᠠᠭᠠᠳᠠᠷ ᠱᠠᠭᠢᠨ ᠤᠷᠤᠬᠤ ᠨᠢ ᠠᠮᠠᠷᠠᠭ ᠱᠠᠨᠵᠠ ᠶᠢᠨ ᠠᠶᠠᠯᠭᠤ ᠶᠤᠮ        ᠲᠦᠪᠥᠩᠬᠢ ᠠᠷᠭᠠᠭᠠᠵᠦ ᠠᠮᠠᠷᠠᠭ ᠱᠠᠨᠵᠠ ᠴᠤᠷᠬᠢᠷᠠᠬᠤ ᠨᠢ ᠰᠡᠳᠬᠢᠯ ᠢᠶᠠᠨ ᠢᠯᠡᠴᠢᠯᠡᠭᠰᠡᠨ ᠦᠭᠡ ᠶᠤᠮ        ᠲᠦᠭᠳᠡᠷᠡᠨ ᠪᠠᠶᠢᠵᠤ ᠬᠠᠶᠢᠷ᠎ᠡ ᠰᠡᠳᠬᠢᠯ ᠢᠶᠠᠨ ᠢᠯᠡᠴᠢᠯᠡᠬᠦ ᠨᠢ ᠮᠢᠨᠤ ᠮᠤᠩᠭᠤᠯ ᠬᠡᠯᠡ ᠶᠤᠮ        ᠡᠷᠴᠢᠰ ᠮᠦᠷᠡᠨ ᠪᠤᠳᠤᠯ ᠪᠤᠯᠤᠨ ᠤᠷᠤᠰᠬᠤ ᠨᠢ ᠬᠦᠭᠡᠮᠡᠢ ᠶᠢᠨ ᠵᠠᠳᠠᠭᠠᠢ ᠠᠶᠠᠯᠭᠤ ᠶᠤᠮ        ᠡᠯᠢᠭᠡ ᠲᠡᠮᠳᠡᠷᠢᠬᠦ ᠡᠩᠭᠡᠷ ᠵᠠᠳᠠᠭᠠᠢ ᠬᠦᠭᠡᠮᠡᠢ ᠨᠢ ᠡᠪᠦᠭᠡᠨ ᠪᠦᠷᠭᠦᠳ ᠤᠨ ᠲᠠᠭᠤᠳᠠᠯᠭ᠎ᠠ ᠶᠤᠮ        ᠦᠳᠤ ᠨᠢ ᠪᠤᠭᠤᠷᠤᠯᠳᠤᠭᠰᠠᠨ ᠪᠦᠷᠭᠦᠳ ᠰᠢᠪᠠᠭᠤ ᠪᠦᠭᠡᠷᠡᠬᠦ ᠨᠢ ᠡᠴᠢᠭᠡ ᠶᠢᠨ ᠠᠯᠳᠠᠨ ᠬᠡᠷᠢᠶᠡᠰᠤ ᠶᠤᠮ        ᠡᠪᠦᠭᠡ ᠲᠡᠭᠡᠳᠦᠰ ᠤᠨ ᠴᠢᠩᠳᠡᠯᠡᠨ ᠵᠠᠬᠢᠭᠰᠠᠨ ᠬᠡᠷᠢᠶᠡᠰᠤ ᠨᠢ ᠮᠢᠨᠤ ᠮᠤᠩᠭᠤᠯ ᠬᠡᠯᠡ ᠶᠤᠮ        ᠪᠠᠶᠢᠭᠠᠯ ᠲᠠᠯᠠᠢ ᠲᠡᠯ ᠢᠶᠠᠨ ᠬᠡᠶᠢᠰᠭᠡᠨ ᠲᠠᠪᠡᠯᠭᠠᠯᠠᠬᠤ ᠨᠢ ᠲᠤᠩ ᠬᠢᠰᠤᠭ᠎ᠠ ᠶᠢᠨ ᠴᠤᠤᠷᠢᠶ᠎ᠠ ᠶᠤᠮ        ᠪᠠᠷᠠᠭᠤᠨ ᠴᠢᠬᠢᠨ ᠳᠤ ᠲᠤᠩ ᠬᠢᠰᠤᠭ᠎ᠠ ᠴᠤᠤᠷᠢᠶᠠᠯᠠᠬᠤ ᠨᠢ ᠤᠢ ᠶᠢᠨ ᠰᠠᠯᠬᠢᠨ ᠤ ᠱᠤᠤᠬᠢᠶᠠᠨ ᠶᠤᠮ        ᠲᠦᠷᠢᠮᠡᠬᠡᠢ ᠰᠠᠯᠬᠢᠨ ᠳᠤ ᠮᠤᠳᠤᠨ ᠤ ᠤᠷᠤᠢ ᠱᠤᠤᠬᠢᠬᠤ ᠨᠢ ᠴᠡᠷᠢᠭ ᠡᠷᠡᠰ ᠤᠨ ᠤᠤᠬᠠᠢ ᠶᠤᠮ        ᠲᠡᠦᠬᠡ ᠱᠠᠰᠳᠢᠷ ᠠᠴᠠ ᠴᠢᠩᠬᠢᠰ ᠤᠨ ᠪᠠᠭᠠᠳᠤᠷ ᠤᠳ ᠤᠤᠬᠠᠶᠢᠯᠠᠬᠤ ᠨᠢ ᠮᠢᠨᠤ ᠮᠤᠩᠭᠤᠯ ᠬᠡᠯᠡ ᠶᠤᠮ        ᠡᠨᠡ ᠲᠦᠷᠪᠡᠨ ᠬᠢᠵᠠᠭᠠᠷ ᠤᠨ ᠬᠢᠯᠢ ᠲᠡᠭᠡᠰᠤᠨ ᠲᠤᠳᠤᠷ᠎ᠠ        ᠡᠯᠡᠰᠤᠨ ᠤ ᠰᠢᠷᠭᠡᠭ ᠪᠦᠮᠪᠦᠷᠢᠬᠦ ᠠᠴᠠ ᠠᠶᠤᠩᠭ᠎ᠠ ᠨᠢᠷᠭᠡᠬᠦ ᠬᠦᠷᠳᠡᠯ᠎ᠠ        ᠡᠬᠡ ᠪᠠᠶᠢᠭᠠᠯᠢ ᠶᠢᠨ ᠲᠠᠭᠤᠯᠠᠭᠰᠠᠨ ᠠᠪᠢᠶ᠎ᠠ ᠪᠦᠬᠦᠨ ᠢ ᠰᠤᠨᠤᠷᠳᠠᠵᠤ        ᠡᠯᠦᠨᠴᠠ ᠶᠢᠨ ᠡᠯᠦᠨᠴᠠ ᠠᠴᠠ ᠲᠤᠭᠤᠷᠪᠢᠭᠰᠠᠨ ᠳᠠᠩᠴᠣ ᠢᠷᠠᠭᠤ ᠮᠤᠩᠭᠤᠯ ᠬᠡᠯᠡ ᠡ᠃                          ★ᠮᠤᠩᠭᠤᠯ ᠤᠯᠤᠰ ᠤᠨ 2011 ᠤᠨ ᠤ ︽ᠪᠤᠯᠤᠷ ᠴᠤᠮᠤ︾ ᠰᠢᠯᠦᠭ ‍ᠤᠨ‌ᠨᠠᠭᠠᠳᠤᠮ ᠳᠤ  ᠳᠡᠷᠢᠬᠦᠯᠡᠭᠰᠡᠨ ᠰᠢᠯᠦᠭ  
 
ᠢᠷᠡᠯᠲᠡ᠄ ᠲᠦᠪ ᠤᠨ ᠲᠧᠯᠸᠢᠰ ᠤᠨ ᠮᠡᠳᠡᠭᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号