︽ᠮᠣᠩᠭᠤᠯ ᠲᠤᠯᠭᠠᠲᠠᠨ ᠤ 100︾ ᠨᠡᠪᠳᠠᠷᠠᠬᠦᠯᠬᠡ  ᠳᠤ ᠴᠢ᠊ · ᠪᠤᠯᠠᠭ  ᠵᠤᠴᠢᠨ ᠢᠶᠠᠷ ᠰᠠᠭᠠᠳᠠᠯ᠎ᠠ
ᠨᠡᠶᠢᠲᠡᠯᠡᠭᠰᠡᠨ ᠴᠠᠭ᠄
2017/2/21
      ᠮᠣᠩᠭᠤᠯᠴᠤᠳ ᠤᠨ ᠥᠪ ᠰᠤᠶᠤᠯ᠂ ᠡᠬᠡ ᠣᠷᠣᠨ ᠢᠶᠠᠷ ᠢᠶᠠᠨ ᠣᠮᠣᠭᠰᠢᠬᠤ ᠰᠡᠳᠬᠢᠯ ᠤᠨ ᠨᠠᠷᠢᠨ ᠤᠲᠠᠰᠤ ᠶᠢ  ᠮᠤᠩᠭᠤᠯ ᠤᠯᠤᠰ ᠤᠨ ︽ᠮᠣᠩᠭᠤᠯ ᠲᠤᠯᠭᠠᠲᠠᠨ ᠤ 100 ᠡᠷᠬᠢᠮ︾ ᠨᠡᠪᠲᠡᠷᠡᠭᠦᠯᠭᠡ ᠬᠥᠨᠳᠡᠵᠦ ᠴᠢᠳᠠᠳᠠᠭ᠃  ᠠᠩᠬ᠎ᠠ ︽ᠤᠯᠠᠭᠠᠨ ᠵᠠᠯᠠᠭᠠᠲᠤ ᠮᠣᠩᠭᠤᠯᠴᠤᠳ ᠲᠠᠭᠠᠨ︾ ᠵᠣᠷᠢᠭᠤᠯᠤᠯ᠎ᠠ ᠬᠡᠮᠡᠨ ᠨᠡᠪᠲᠡᠷᠡᠭᠦᠯᠭᠡ ᠡᠬᠢᠯᠡᠬᠦ ᠴᠠᠭ  ᠮᠥᠴᠡ ᠳᠤ ᠬᠡᠯᠡᠳᠡᠭ ᠪᠣᠯ ᠡᠳᠦᠭᠡ ︽ᠳᠡᠯᠡᠬᠡᠢ ᠶᠢᠨ ᠮᠣᠩᠭᠤᠯᠴᠤᠳ ᠲᠤ ᠵᠣᠷᠢᠭᠤᠯᠪᠠ︾ ᠪᠣᠯᠵᠤ  ᠥᠭᠡᠷᠡᠴᠢᠯᠡᠭᠰᠡᠨ ᠨᠢ ᠦᠪᠤᠷ ᠮᠤᠩᠭᠤᠯ ᠤᠨ ᠠᠯᠳᠠᠷᠲᠤ ᠵᠦᠴᠦᠭᠡᠴᠢᠨ ᠪ᠊ · ᠪᠠᠰᠠᠩᠵᠠᠪ ᠤᠨ ᠣᠷᠣᠯᠴᠠᠭᠰᠠᠨ  ᠨᠡᠪᠲᠡᠷᠡᠭᠦᠯᠭᠡ ᠠᠴᠠ ᠪᠢᠳᠡ ᠪᠦᠭᠦᠨ ᠬᠠᠷᠠᠵᠤ ᠪᠠᠶᠢᠨ᠎ᠠ᠃           ᠨᠡᠪᠲᠡᠷᠡᠭᠦᠯᠭᠡ ᠶᠢᠨ ᠴᠢᠨᠠᠷ ᠴᠢᠨᠰᠠᠭ᠎ᠠ᠂ ᠤᠳᠬ᠎ᠠ ᠠᠭᠤᠯᠭ᠎ᠠ ᠶᠢᠨ ᠢᠶᠠᠨ ᠬᠤᠪᠢ ᠳᠤ ︽ᠳᠡᠩᠳᠡᠭᠦᠦ ᠲᠣᠮᠣ︾  ᠭᠡᠵᠦ ᠳ᠋ᠦᠩᠨᠡᠵᠦ ᠪᠣᠯᠬᠤ ᠡᠨᠡ ᠨᠡᠪᠲᠡᠷᠡᠭᠦᠯᠭᠡ ᠬᠢᠯᠢ ᠶᠢᠨ ᠭᠠᠳᠠᠨᠠᠬᠢ ᠳᠡᠯᠡᠬᠡᠢ ᠶᠢᠨ ᠮᠣᠩᠭᠤᠯᠴᠤᠳ ᠲᠠᠭᠠᠨ ᠬᠦᠷᠴᠦ  ᠡᠬᠢᠯᠡᠭᠰᠡᠨ ᠨᠢ ᠣᠯᠵᠠᠭᠤᠷᠬᠠᠭᠤᠰᠢᠲᠠᠢ᠃ ᠥᠩᠭᠡᠷᠡᠭᠰᠡᠨ ᠣᠨ ᠤ 10 ᠳ᠋ᠤᠭᠠᠷ ᠰᠠᠷ᠎ᠠ ᠠᠴᠠ ᠬᠤᠶᠢᠰᠢ ︽ᠮᠣᠩᠭᠤᠯ  ᠲᠤᠯᠭᠠᠲᠠᠨ︾ ᠲᠥᠰᠥᠯ ᠤᠨ ᠬᠠᠮᠲᠤ ᠣᠯᠠᠨ ᠰᠢᠨ᠎ᠡ ᠳ᠋ᠤᠭᠠᠷ ᠪᠡᠯᠡᠳᠬᠡᠵᠦ ᠪᠤᠢ ᠪᠥᠭᠡᠳ ᠦᠪᠤᠷ ᠮᠤᠩᠭᠤᠯ ᠤᠨ  ᠨᠡᠷᠡᠲᠦ ᠮᠣᠷᠢᠨ ᠬᠤᠭᠤᠷᠴᠢ ᠴᠢ᠊ · ᠪᠤᠯᠠᠭ ᠣᠷᠣᠯᠴᠠᠬᠤ ᠪᠠᠷ ᠪᠣᠯᠤᠭᠰᠠᠨ ᠲᠤᠬᠠᠢ ᠮᠡᠳᠡᠭᠡᠯᠡᠯ ᠳᠠᠷᠬᠠᠵᠤ ᠡᠬᠢᠯᠡᠭᠰᠡᠨ᠃  ᠲᠡᠭᠦᠨ ᠠᠴᠠ ᠬᠤᠶᠢᠰᠢ ᠳᠡᠯᠡᠬᠡᠢ ᠶᠢᠨ ᠮᠣᠩᠭᠤᠯᠴᠤᠳ ᠤᠨ ᠳᠤᠮᠳᠠ ᠬᠦᠯᠢᠶᠡᠯᠲᠡ ᠡᠭᠦᠰᠦᠭᠡᠳ ᠪᠠᠶᠢᠭᠰᠠᠨ ᠲᠤᠰ  ᠨᠡᠪᠲᠡᠷᠡᠭᠦᠯᠭᠡ ᠦᠵᠡᠭᠴᠢ ᠣᠯᠠᠨ ᠳᠠᠭᠠᠨ ᠭᠦᠷᠦᠯ᠎ᠡ᠃ ᠴᠢ᠊ · ᠪᠤᠯᠠᠭ ᠨᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ  ᠤᠯᠤᠰ ᠤᠨ ᠲᠡᠷᠢᠭᠦᠨ ᠵᠡᠷᠭᠡ ᠶᠢᠨ ᠬᠥᠭᠵᠢᠮᠴᠢᠨ᠂ ᠨᠡᠷᠡᠲᠦ ᠮᠣᠷᠢᠨ ᠬᠤᠭᠤᠷᠴᠢ᠂ ᠳᠤᠮᠳᠠᠳᠤ ᠤᠯᠤᠰ ᠤᠨ  ᠰᠤᠶᠤᠯ ᠤᠨ ᠨᠡᠷᠡᠲᠦ ᠬᠦᠮᠦᠨ ᠭᠡᠳᠡᠭ ᠢ ᠤᠩᠰᠢᠬᠴᠢᠳ ᠠᠨᠳᠠᠬᠤ ᠦᠭᠡᠢ᠃ ᠬᠠᠮᠤᠭ ᠤᠨ ᠭᠤᠣᠯ ᠨᠢ ᠲᠤᠰ  ᠨᠡᠪᠲᠡᠷᠡᠭᠦᠯᠭᠡ ᠶᠢ ᠦᠵᠡᠭᠡᠳ ᠴᠢ᠊ · ᠪᠤᠯᠠᠭ ᠲᠠᠢ ᠠᠭᠤᠯᠵᠠᠵᠤ᠂ ᠦᠪᠤᠷ ᠮᠤᠩᠭᠤᠯ ᠤᠨ ᠣᠯᠠᠨ ᠵᠠᠭᠤᠨ ᠬᠦᠮᠦᠨ ᠤ  ᠮᠣᠩᠭᠤᠯ ᠢᠶᠠᠨ ᠭᠡᠬᠦ ᠴᠢᠩ ᠬᠦᠰᠡᠯ ᠢ ᠲᠠᠨᠢᠬᠤ ᠳᠤ ᠴᠢᠬᠤᠯᠠ ᠨᠥᠯᠥᠭᠡ ᠲᠠᠢ ᠰᠠᠨᠠᠭᠳᠠᠭᠰᠠᠨ᠃ ᠨᠡᠪᠲᠡᠷᠡᠭᠦᠯᠭᠡ ᠶᠢ  ᠳᠡᠭᠡᠳᠦ ᠲᠦᠪᠰᠢᠨ ᠳᠤ ᠬᠢᠬᠦ᠂ ᠦᠵᠡᠭᠴᠢᠳ ᠲᠤ ᠬᠦᠷᠭᠡᠬᠦ᠂ ᠶᠠᠷᠢᠯᠴᠠᠬᠤ ᠬᠦᠮᠦᠰ ᠢᠶᠠᠨ ᠵᠥᠪ ᠰᠤᠩᠭᠤᠬᠤ᠂  ᠳᠦᠷᠢ ᠳᠦᠷᠰᠦᠯᠡᠯ᠂ ᠶᠠᠷᠢᠶᠠᠨ ᠤ ᠤᠳᠬ᠎ᠠ ᠠᠭᠤᠯᠭ᠎ᠠ ᠲᠠᠢ ᠵᠣᠬᠢᠴᠠᠭᠰᠠᠨ ᠬᠥᠭᠵᠢᠮ ᠤᠨ ᠡᠭᠡᠰᠢᠭ ᠢᠶᠠᠷ  ᠬᠦᠮᠦᠰ ᠤᠨ ᠰᠡᠳᠬᠢᠯ ᠢ ᠬᠥᠨᠳᠡᠬᠦ ᠲᠠᠯ᠎ᠠ ᠳᠤ ᠲᠤᠰ ᠨᠠᠪᠲᠠᠷᠠᠬᠦᠯᠬᠡ ᠨᠢ ᠮᠠᠰᠢ ᠴᠢᠳᠠᠮᠠᠭᠠᠢ ᠪᠠᠶᠢᠳᠠᠭ᠃           ︽ᠮᠣᠩᠭᠤᠯ ᠲᠤᠯᠭᠠᠲᠠᠨ︾ ᠲᠥᠰᠥᠯ ᠤᠨ ᠬᠠᠮᠲᠤ ᠣᠯᠠᠨ ᠶᠠᠷᠢᠯᠴᠠᠭᠴᠢ ᠪᠠᠨ ᠰᠤᠩᠭᠤᠬᠤ ᠲᠠᠯ᠎ᠠ ᠳᠡᠭᠡᠷ᠎ᠡ  ᠮᠠᠰᠢ ᠵᠥᠪ ᠤᠬᠠᠭᠠᠯᠢᠭ ᠰᠢᠢᠳᠪᠦᠷᠢ ᠭᠠᠷᠭᠠᠵᠤ ᠴᠢᠳᠠᠳᠠᠭ ᠨᠢ ᠰᠢᠨᠡᠬᠡᠨ ᠨᠡᠪᠲᠡᠷᠡᠭᠦᠯᠭᠡ ᠪᠠᠷ ᠳᠠᠬᠢᠨ ᠪᠠᠲᠤᠯᠠᠭᠳᠠᠵᠤ  ᠪᠤᠢ᠃ ᠥᠨᠥᠳᠥᠷ ᠴᠠᠬᠢᠮ ᠶᠢᠷᠲᠢᠨᠴᠦ ᠳᠤ ᠵᠠᠯᠠᠭᠤᠰ ᠢᠳᠡᠪᠬᠢ ᠲᠠᠢ ᠪᠣᠯᠤᠭᠰᠠᠨ ᠢᠶᠠᠷ ᠲᠡᠳᠡᠭᠡᠷ ᠵᠠᠯᠠᠭᠤᠰ ᠲᠤ ᠡᠬᠡ  ᠣᠷᠣᠨ ᠢᠶᠠᠨ ᠬᠠᠶᠢᠷᠠᠯᠠᠬᠤ᠂ ᠡᠯᠢᠭᠡᠨ ᠲᠦᠮᠡᠨ ᠢᠶᠠᠨ ᠡᠨᠡᠷᠢᠭᠦ ᠰᠡᠳᠬᠢᠯ ᠤᠨ ᠰᠠᠶᠢᠬᠠᠨ ᠢ ᠶᠠᠭᠤᠲᠠᠢ ᠴᠤ ᠵᠦᠢᠷᠯᠡᠰᠢ  ᠦᠭᠡᠢ ᠶᠢ ᠴᠢ᠊ · ᠪᠤᠯᠠᠭ ᠬᠠᠷᠠᠭᠤᠯᠵᠤ ᠴᠢᠳᠠᠯ᠎ᠠ᠃ ᠨᠡᠪᠲᠡᠷᠡᠭᠦᠯᠭᠡ ᠶᠢᠨ ᠳᠤᠤᠷᠠᠳᠤ ᠲᠠᠯ᠎ᠠ ᠶᠢᠨ ᠰᠡᠳᠬᠢᠭᠳᠡᠯ  ᠦᠯᠡᠳᠡᠭᠡᠬᠦ ᠬᠡᠰᠡᠭ ᠲᠤ ᠨᠢᠭᠡᠨ ᠵᠠᠯᠠᠭᠤ ︽ᠨᠢᠯᠪᠤᠰᠤ ᠶᠢ ᠨᠢ ᠬᠠᠷᠠᠬᠤ ᠬᠡᠴᠡᠭᠦᠦ︾ ᠪᠠᠶᠢᠯ᠎ᠠ ᠭᠡᠵᠦ ᠪᠢᠴᠢᠵᠡᠢ᠃  ᠮᠣᠩᠭᠤᠯᠴᠤᠳ ᠪ᠊ · ᠪᠠᠰᠠᠩᠵᠠᠪ᠂ ᠰ᠊ · ᠲᠩᠷᠢ᠂ ᠴᠢ᠊ · ᠪᠤᠯᠠᠭ ᠭᠡᠬᠦ ᠬᠦᠮᠦᠰ ᠤᠨ ᠲᠤᠬᠠᠢ ᠶᠡᠭᠡ ᠶᠢ ᠮᠡᠳᠡᠳᠡᠭ  ᠪᠣᠯᠵᠤ᠂ ᠥᠪᠤᠷ ᠮᠣᠩᠭᠤᠯ ᠠᠬᠠᠨ ᠳᠡᠭᠦᠤᠰ ᠢᠶᠠᠨ ᠬᠠᠶᠢᠷᠠᠯᠠᠵᠤ ᠡᠬᠢᠯᠡᠵᠦ ᠪᠠᠶᠢᠨ᠎ᠠ᠃ ᠮᠣᠩᠭᠤᠯ ᠠᠳᠤᠭᠤᠨ ᠤ ᠥᠪ  ᠰᠤᠶᠤᠯ᠂ ᠣᠩᠭᠤᠨ ᠳᠠᠭᠱᠢᠨ ᠪᠠᠶᠢᠭᠠᠯᠢ ᠶᠢᠨ ᠦᠵᠡᠰᠬᠦᠯᠡᠩᠲᠦ ᠲᠥᠷᠬᠦ᠂ ᠦᠨᠳᠦᠰᠦᠳᠡᠨ ᠤ ᠬᠤᠪᠴᠠᠰᠤ ᠪᠠᠷ ᠢᠶᠠᠨ  ᠭᠤᠶᠣᠭᠰᠠᠨ ᠠᠯᠳᠠᠷᠲᠤ ᠨᠤᠭᠤᠳ ᠢ ᠬᠠᠷᠠᠭᠤᠯᠤᠭᠰᠠᠨ ᠪᠣᠭᠤᠨᠢ ᠮᠥᠴᠡᠯᠭᠡ ᠪᠦᠬᠦᠢ ᠵᠢᠷᠤᠭ ᠠᠪᠤᠯᠲᠠ ᠨᠤᠭᠤᠳ ᠢ  ᠬᠤᠷᠳᠤᠨ ᠴᠤᠬᠢᠯᠭ᠎ᠠ ᠲᠠᠢ ᠬᠥᠭᠵᠢᠮ ᠤᠨ ᠠᠶ᠎ᠡ ᠪᠠᠷ ᠴᠢᠮᠡᠭᠯᠡᠭᠰᠡᠨ ᠨᠢ ᠨᠡᠪᠲᠡᠷᠡᠭᠦᠯᠭᠡ ᠶᠢᠨ ᠪᠤᠰᠤᠳ ᠠᠴᠠ  ᠢᠯᠭᠠᠷᠠᠬᠤ ᠭᠤᠣᠯ ᠣᠨᠴᠠᠯᠢᠭ ᠪᠤᠯᠤᠨ᠎ᠡ᠃           ᠲᠥᠷᠥ ᠶᠢᠨ ᠱᠠᠩᠨᠠᠯᠲᠤ᠂ ᠠᠷᠠᠳ ᠤᠨ ᠤᠷᠠᠨ ᠵᠣᠬᠢᠶᠠᠯᠴᠢ ᠪ᠊ · ᡀᠠᠭᠪᠰᠦ᠋ᠷᠦᠩ ᠲᠠᠢ ᠬᠠᠮᠲᠤ ᠲᠥᠷᠥ ᠶᠢᠨ  ᠰᠣᠶᠣᠷᠬᠠᠯᠳᠤ᠂ ᠠᠷᠠᠳ ᠤᠨ ᠵᠦᠴᠦᠭᠡᠴᠢᠨ ᠨ᠊ · ᠰᠤᠪᠤᠳ ᠨᠡᠪᠲᠡᠷᠡᠭᠦᠯᠭᠡ ᠶᠢ ᠬᠥᠲᠥᠯᠦᠨ ᠶᠠᠪᠤᠭᠤᠯᠤᠭᠰᠠᠨ ᠪᠠᠶᠢᠨ᠎ᠡ  ᠃ ᠡᠭᠦᠨ ᠳᠤ ᠦᠵᠡᠭᠴᠢᠳ ᠤᠨ ᠵᠦᠭ ᠠᠴᠠ ︽ᠬᠥᠲᠥᠯᠥᠭᠴᠢ ᠠᠨᠤᠵᠢᠨ ᠢ ᠰᠠᠨᠠᠵᠤ ᠪᠠᠶᠢᠨ᠎ᠠ ᠰᠢᠦ᠂ ᠰᠤᠪᠤᠳ  ᠭᠤᠸᠠᠢ ᠬᠡᠲᠦ ᠬᠡᠯᠪᠡᠷᠢ ᠶᠤᠮ ᠡ︾ ᠭᠡᠬᠦ ᠵᠡᠷᠭᠡ ᠪᠠᠷ ᠰᠡᠳᠬᠢᠭᠳᠡᠯ ᠢᠶᠠᠨ ᠢᠯᠡᠷᠬᠡᠶᠢᠯᠡᠭᠰᠡᠨ ᠪᠠᠶᠢᠨ᠎ᠡ᠃ ᠭᠡᠪᠡᠴᠦ  ᠥᠪᠡᠷ ᠤᠨ ᠠᠪᠢᠶᠠᠰ᠂ ᠬᠥᠳᠡᠯᠮᠦᠷᠢ ᠶᠢᠨ ᠦᠷ᠎ᠡ ᠪᠠᠷ ᠥᠨᠳᠥᠷ ᠲᠤ ᠬᠦᠷᠦᠭᠰᠡᠨ ᠬᠦᠮᠦᠨ᠂ ᠬᠡᠨ ᠠᠴᠠ ᠶᠠᠭᠤ  ᠠᠰᠠᠭᠤᠬᠤ ᠪᠠᠨ ᠮᠠᠰᠢ ᠰᠠᠶᠢᠨ ᠮᠡᠳᠡᠳᠡᠭ ᠨᠢ ᠨ᠊ · ᠰᠤᠪᠤᠳ ᠭᠤᠸᠠᠢ ᠶᠢᠨ ᠵᠣᠴᠢᠨ ᠠᠴᠠ ᠠᠰᠠᠭᠤᠬᠤ ᠠᠰᠠᠭᠤᠯᠲᠠ᠂  ᠰᠡᠳᠬᠢᠯ ᠢ ᠨᠢ ᠬᠡᠷᠬᠢᠨ ᠠᠭᠤᠳᠠᠯᠯᠠᠵᠤ᠂ ᠳᠣᠲᠣᠭᠠᠳᠤ ᠶᠢᠷᠳᠢᠨᠴᠤ ᠪᠠᠷ ᠨᠢ ᠦᠵᠡᠭᠴᠢᠳ ᠲᠠᠢ ᠪᠠᠨ ᠬᠠᠮᠲᠤ ᠠᠶᠠᠯᠠᠵᠤ  ᠪᠠᠶᠢᠭ᠎ᠠ ᠠᠴᠠ ᠦᠵᠡᠭᠴᠢᠳ ᠠᠩᠵᠠᠭᠠᠷᠠᠵᠤ ᠬᠠᠷᠠᠭᠰᠠᠨ ᠪᠢᠵᠡ᠃ ᠤᠷᠢᠳᠤ ᠨᠢ ᠪᠡᠯᠡᠳᠬᠡᠵᠦ ᠲᠥᠯᠥᠪᠯᠡᠭᠡ ᠦᠭᠡᠢ  ᠥᠪᠡᠷ ᠤᠨ ᠬᠢ ᠪᠠᠷ ᠢᠶᠠᠨ ᠠᠰᠠᠭᠤᠯᠲᠠ ᠪᠠᠨ ᠲᠠᠯᠪᠢᠵᠤ᠂ ᠵᠣᠴᠢᠨ ᠲᠠᠢ ᠪᠠᠨ ᠰᠢᠭᠤᠳ ᠶᠠᠷᠢᠯᠴᠠᠭᠰᠠᠨ ᠨᠢ  ᠬᠠᠷᠠᠭᠳᠠᠨ᠎ᠠ᠃ ᠳᠡᠭᠡᠷ᠎ᠡ ᠨᠢ ᠴᠢ᠊ · ᠪᠤᠯᠠᠭ ᠬᠡᠨ ᠤ ᠲᠠᠯ᠎ᠠ ᠪᠠᠷ ᠶᠠᠷᠢᠬᠤ ᠭᠡᠳ ᠪᠠᠶᠢᠭ᠎ᠠ ᠶᠢ ᠤᠷᠢᠳ ᠠᠴᠠ ᠨᠢ  ᠲᠠᠭᠠᠪᠤᠷᠢᠯᠠᠨ ᠬᠡᠯᠡᠵᠦ ᠴᠢᠳᠠᠵᠤ ᠪᠠᠶᠢᠨ᠎ᠠ ᠭᠡᠳᠡᠭ ᠬᠥᠲᠥᠯᠥᠭᠴᠢ ᠶᠢᠨ ᠠᠰᠤᠷᠤ ᠪᠠᠶᠠᠯᠢᠭ ᠮᠡᠳᠡᠯᠭᠡ ᠂  ᠮᠡᠳᠡᠭᠡᠯᠡᠯ ᠲᠠᠢ ᠶᠢ ᠬᠠᠷᠠᠭᠤᠯᠵᠤ ᠪᠤᠢ ᠬᠡᠷᠡᠭ᠃ ᠲᠡᠭᠡᠭᠡᠳ ᠴᠤ ᠮᠡᠳᠡᠬᠦ ᠦᠭᠡᠢ ᠵᠦᠢᠯ ᠤᠨ ᠢᠶᠠᠨ ᠲᠠᠯ᠎ᠠ ᠪᠠᠷ  ᠠᠰᠠᠭᠤᠵᠤ ᠶᠠᠷᠢᠬᠤ ᠦᠭᠡᠢ ᠪᠠᠶᠢᠭ᠎ᠠ ᠨᠢ ᠮᠠᠰᠢ ᠲᠣᠮᠣ ᠰᠤᠶᠤᠯ᠃     ᠤᠭ ᠳ᠋ᠤᠭᠠᠷ ᠲᠤ ᠭᠠᠭᠴᠠ ᠴᠢ᠊ · ᠪᠤᠯᠠᠭ ᠭᠡᠬᠦ ᠬᠦᠮᠦᠨ ᠢ ᠮᠣᠩᠭᠤᠯᠴᠤᠳ ᠲᠤ ᠲᠠᠨᠢᠭᠤᠯᠤᠭᠰᠠᠨ ᠭᠡᠵᠦ  ᠳ᠋ᠦᠩᠨᠡᠪᠡᠯ ᠮᠠᠰᠢ ᠲᠣᠮᠣ ᠠᠯᠳᠠᠭ᠎ᠠ ᠪᠣᠯᠤᠨ᠎ᠠ᠃ ᠤᠴᠢᠷ ᠨᠢ ᠲᠡᠭᠦᠨ ᠤ ︽ᠨᠡᠷᠡᠲᠦ ᠮᠣᠷᠢᠨ ᠬᠤᠭᠤᠷᠴᠢ︾ ᠬᠡᠮᠡᠬᠦ  ᠪᠠᠷᠤᠭ ᠣᠪᠤᠭ ᠨᠢ ᠪᠣᠯᠤᠭᠰᠠᠨ ᠭᠡᠮᠡᠷ ᠴᠣᠯᠠ ᠬᠡᠷᠭᠡᠮ ᠢ ᠰᠠᠨᠠᠬᠤ ᠬᠡᠷᠡᠭᠲᠡᠢ᠃ ᠲᠡᠶᠢᠮᠦ ᠠᠴᠠ ᠳᠠᠩ ᠭᠠᠭᠴᠠ  ᠮᠣᠩᠭᠤᠯᠴᠤᠳ ᠪᠤᠰᠤ ᠳᠡᠯᠡᠬᠡᠢ ᠶᠢᠨ ᠣᠯᠠᠨ ᠦᠵᠡᠭᠴᠢᠳ ᠲᠤ ᠮᠣᠷᠢᠨ ᠬᠤᠭᠤᠷ ᠤᠨ ᠤᠷᠠᠨ ᠢᠷᠠᠭᠤ ᠶᠢ᠂  ᠦᠨᠳᠦᠰᠦᠳᠡᠨ ᠤ ᠬᠥᠭᠵᠢᠮ ᠤᠨ ᠢᠶᠠᠨ ᠭᠠᠶᠢᠬᠠᠮᠰᠢᠭ ᠢ ᠰᠤᠷᠲᠠᠯᠴᠢᠯᠠᠨ ᠲᠠᠨᠢᠭᠤᠯᠤᠭᠰᠠᠨ ᠳᠤ ᠨᠡᠪᠲᠡᠷᠡᠭᠦᠯᠭᠡ ᠶᠢᠨ  ᠬᠤᠶᠠᠳᠡᠬᠢ ᠵᠣᠷᠢᠯᠭ᠎ᠠ ᠣᠷᠣᠰᠢᠨ᠎ᠠ᠃ ᠥᠭᠡᠷ᠎ᠡ ᠤᠯᠤᠰ ᠭᠦᠷᠦᠨ ᠤ ᠬᠦᠮᠦᠰ ᠴᠤ ᠠᠶᠠᠯᠭᠤ ᠶᠢ ᠨᠢ ᠰᠣᠨᠣᠰᠤᠭᠠᠳ  ᠰᠡᠳᠬᠢᠯ ᠨᠢ ᠤᠶᠠᠷᠠᠲᠠᠭ ᠡᠭᠡᠰᠢᠭ ᠢᠷᠠᠭᠤ ᠬᠥᠭᠵᠢᠮ ᠪᠣᠯ ᠮᠣᠷᠢᠨ ᠬᠤᠭᠤᠷ᠃ ᠨᠠᠶᠢᠷᠠᠭᠤᠯᠤᠭᠴᠢ ᠪ᠊ · ᠪᠠᠭᠠᠲᠤᠷ  ᠰᠢᠨ᠎ᠡ ᠴᠠᠭ ᠤᠨ ᠵᠠᠯᠠᠭᠤᠰ ᠢ ᠡᠬᠡ ᠬᠡᠯᠡ ᠪᠠᠨ ᠳᠡᠭᠡᠳᠦᠯᠡᠳᠡᠭ᠂ ᠦᠰᠦᠨ ᠤ ᠵᠠᠰᠠᠯᠲᠠ ᠪᠠᠷ ᠪᠤᠰᠤ ᠦᠨᠳᠦᠰᠦᠳᠡᠨ ᠤ  ᠶᠣᠰᠣ ᠵᠠᠩᠰᠢᠯ ᠢᠶᠠᠨ ᠮᠡᠳᠡᠳᠡᠭ᠂ ᠲᠡᠭᠦᠪᠡᠷ ᠭᠠᠩᠭᠠᠷᠠᠳᠠᠭ ᠪᠠᠶᠢᠭᠠᠰᠠᠢ ᠭᠡᠰᠡᠨ ᠬᠦᠰᠡᠯ ᠢ ᠳᠣᠲᠣᠷ᠎ᠠ ᠪᠠᠨ ᠠᠭᠤᠯᠵᠤ  ᠪᠤᠢ ᠨᠢ ᠲᠣᠳᠣᠷᠬᠠᠢ ᠬᠠᠷᠠᠭᠳᠠᠨ᠎ᠠ᠃ ᠮᠡᠳᠡᠭᠡᠵᠢ ᠰᠡᠳᠬᠦᠯ ᠵᠦᠢ ᠶᠢᠨ ︽ᠬᠥᠷᠥᠭ ᠶᠠᠷᠢᠯᠴᠠᠯᠭ᠎ᠠ︾᠎ ᠶᠢᠨ ᠲᠥᠷᠥᠯ᠂  ᠵᠢᠷᠤᠭ ᠠᠪᠤᠯᠲᠠ ᠨᠤᠭᠤᠳ ᠨᠢ ᠥᠪᠡᠷ ᠤᠨ ᠭᠡᠰᠡᠨ ᠳᠦᠷᠢᠮ ᠲᠠᠢ᠃ ᠭᠡᠲᠡᠯ᠎ᠡ ᠨᠠᠶᠢᠷᠠᠭᠤᠯᠤᠭᠴᠢ ᠲᠣᠳᠣᠷᠬᠠᠢ  ᠬᠡᠯᠪᠡᠷᠢ ᠳᠤ ᠪᠠᠷᠢᠭᠳᠠᠯ ᠦᠭᠡᠢ ᠪᠠᠷ ᠴᠣ ᠰᠢᠨ᠎ᠡ ᠵᠦᠢᠯ ᠢ ᠪᠤᠢ ᠪᠣᠯᠭᠠᠵᠤ᠂ ᠲᠧᠯᠸᠢᠰ ᠤᠨ ᠨᠡᠪᠲᠡᠷᠡᠭᠦᠯᠭᠡ ᠳᠤ  ᠰᠢᠨᠡᠴᠢᠯᠡᠯ ᠬᠢᠵᠦ ᠴᠢᠳᠠᠵᠤ ᠪᠠᠶᠢᠨ᠎ᠠ᠃ ᠡᠨᠡ ᠨᠢ ᠵᠣᠴᠢᠨ ᠤ ᠪᠠᠨ ᠤᠷ᠎ᠠ ᠴᠢᠳᠠᠪᠤᠷᠢ᠂ ᠳᠡᠭᠡᠳᠦᠯᠡᠳᠡᠭ ᠡᠷᠬᠢᠮ ᠵᠦᠢᠯ᠂  ᠠᠪᠢᠶᠠᠰ ᠪᠢᠯᠢᠭ ᠢᠶᠠᠷ ᠨᠢ ᠳᠠᠮᠵᠢᠭᠤᠯᠵᠤ ᠥᠪ ᠰᠤᠶᠤᠯ ᠢᠶᠠᠨ ᠪᠤᠰᠤᠳ ᠲᠤ ᠲᠠᠨᠢᠭᠤᠯᠬᠤ᠂ ᠲᠦᠭᠡᠭᠡᠨ ᠳᠡᠯᠭᠡᠷᠡᠭᠦᠯᠬᠦ  ᠭᠡᠰᠡᠨ ᠰᠠᠨᠠᠭ᠎ᠠ ᠨᠢ ᠶᠤᠮ ᠃           ᠨᠡᠪᠲᠡᠷᠡᠭᠦᠯᠭᠡ ᠶᠢᠨ ᠲᠡᠭᠦᠰᠬᠡᠯ ᠳᠤ ᠴᠢ᠊ · ᠪᠤᠯᠠᠭ ︽ᠡᠪᠦᠭᠡ ᠳᠡᠭᠡᠳᠦᠰ ᠴᠢᠩᠭᠢᠰ ᠬᠠᠭᠠᠨ ᠮᠢᠨᠢ ᠳᠡᠯᠡᠬᠡᠢ ᠶᠢ  ᠥᠪᠡᠷ ᠤᠨ ᠢᠶᠠᠨ ᠲᠠᠯ᠎ᠠ ᠨᠤᠲᠤᠭ ᠭᠡᠵᠦ ᠪᠣᠳᠣᠵᠤ ᠶᠠᠪᠤᠭᠰᠠᠨ᠃ ᠪᠢ ᠳᠡᠯᠡᠬᠡᠢ ᠶᠢ ᠮᠣᠷᠢᠨ ᠬᠤᠭᠤᠷ ᠤᠨ ᠢᠶᠠᠨ  ᠲᠠᠶᠢᠰᠠ ᠭᠡᠵᠦ ᠪᠣᠳᠣᠳᠠᠭ︾ ᠬᠡᠮᠡᠨ ᠬᠡᠯᠡᠭᠰᠡᠨ ᠢ ᠣᠨᠴᠠᠯᠠᠬᠤ ᠨᠢ ᠵᠦᠢ ᠶᠣᠰᠣᠨ ᠤ ᠬᠡᠷᠡᠭ᠃ ᠪᠢᠳᠡ ᠡᠬᠡ  ᠳᠡᠯᠡᠬᠡᠢ ᠶᠢᠨ ᠲᠦᠮᠡᠨ ᠠᠮᠢᠲᠠᠨ ᠤ ᠤᠴᠢᠷ ᠶᠠᠪᠤᠳᠠᠯ ᠢ ᠬᠤᠶᠠᠷᠬᠠᠨ ᠴᠢᠪᠬᠠᠳᠠᠰᠤᠨ ᠳᠤ ᠪᠠᠭᠲᠠᠭᠠᠨ ᠬᠦᠦᠷᠨᠢᠵᠦ  ᠴᠢᠳᠠᠳᠠᠭ ᠭᠠᠶᠢᠬᠠᠮᠰᠢᠭᠳᠤ ᠬᠥᠭᠵᠢᠮ ᠪᠣᠯᠬᠤ ᠮᠣᠷᠢᠨ ᠬᠤᠭᠤᠷ ᠤᠨ ᠡᠵᠡᠨ ᠨᠢ ᠪᠣᠯᠵᠤ ᠲᠦᠷᠦᠭᠰᠡᠨ ᠦᠨᠳᠦᠰᠦᠲᠡᠨ᠃  ᠦᠨᠳᠦᠰᠦᠳᠡᠨ ᠤ ᠪᠠᠭ᠋ᠠᠷᠬᠠᠯ ᠪᠣᠯᠤᠭᠰᠠᠨ ᠬᠥᠭᠵᠢᠮ ᠤᠨ ᠢᠷᠠᠭᠤ ᠲᠠᠩᠰᠤᠭ ᠡᠭᠡᠰᠢᠭ ᠢ ᠪᠤᠰᠤᠳ ᠲᠤ ᠲᠠᠨᠢᠭᠤᠯᠵᠤ ᠂  ᠠᠯᠬᠤᠮ ᠪᠦᠷᠢ ᠳᠡᠭᠡᠨ ᠰᠢᠨ᠎ᠡ ᠰᠠᠨᠠᠭ᠎ᠠ ᠶᠢ ᠡᠷᠢᠯᠬᠢᠯᠡᠵᠦ ᠶᠠᠪᠤᠭᠰᠠᠨ ᠠᠴᠠ ᠪᠤᠰᠤ ᠠᠷᠤᠭᠰᠢ ᠬᠠᠷᠠᠵᠤ ᠰᠠᠭᠤᠭ᠎ᠠ  ᠦᠭᠡᠢ ︽ᠮᠣᠩᠭᠤᠯ ᠲᠤᠯᠭᠠᠲᠠᠨ︾ ᠲᠥᠰᠥᠯ ᠤᠨ ᠬᠠᠮᠲᠤ ᠤᠯᠠᠨ ᠳᠤ ᠲᠠᠯᠠᠷᠬᠠᠯ ᠢᠯᠡᠷᠬᠡᠶᠢᠯᠡᠬᠦ ᠤᠴᠢᠷᠲᠠᠢ᠃ ︵ᠮᠤᠩᠭᠤᠯ ᠤᠨ ᠰᠦᠯᠵᠢᠶ᠎ᠡ ᠠᠴᠠ ᠵᠤᠯᠠ ᠭᠦᠷᠪᠡᠭᠦᠯᠪᠠ︶
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号