ᠳᠡᠯᠡᠭᠡᠢ ᠳᠤ ᠳᠠᠩᠰᠠ ᠲᠠᠢ ᠮᠤᠩᠭᠤᠯ ᠨᠠᠶᠢᠷᠠᠬᠴᠢ
ᠨᠡᠶᠢᠲᠡᠯᠡᠭᠰᠡᠨ ᠴᠠᠭ᠄
2017/2/23
        ᠶᠡᠭᠡ ᠡᠵᠡᠨ ᠴᠢᠩᠬᠢᠰ ᠬᠠᠭᠠᠨ ᠤ ᠮᠡᠨᠳᠦᠯᠡᠭᠰᠡᠨ 853 ᠵᠢᠯ ᠤᠨ ᠤᠢ ᠪᠤᠶᠤ ᠮᠤᠩᠭᠤᠯ ᠪᠠᠭ᠋ᠠᠷᠬᠠᠯ ᠤᠨ ᠡᠳᠤᠷ᠂  ᠮᠤᠩᠭᠤᠯ ᠤᠯᠤᠰ ᠤᠨ ᠳᠦᠷᠦ ᠶᠢᠨ ᠳᠡᠭᠡᠳᠤ ᠱᠠᠩᠨᠡᠯ ᠪᠤᠯᠬᠤ ︽ᠴᠢᠩᠬᠢᠰ ᠬᠠᠭᠠᠨ︾ ᠤᠳᠤᠨ ᠢ ᠮᠤᠩᠭᠤᠯ ᠤᠨ  ᠪᠠᠭ᠋ᠠᠷᠬᠠᠯᠳᠤ ᠭᠦᠮᠤᠨ ᠭᠤᠮᠪᠤᠵᠠᠪ ᠤᠨ ᠮᠡᠨᠳᠤᠠᠦᠭᠶᠤ ᠳᠤ ᠭᠠᠷᠳᠠᠭᠤᠯᠤᠭᠰᠠᠨ ᠶᠤᠮ᠃ ᠶᠡᠷᠦᠩᠭᠡᠶᠢᠯᠡᠭᠴᠢ ᠴ᠊ ·  ᠡᠯᠪᠡᠭᠳᠦᠷᠵᠢ ᠡᠨᠡ ᠱᠠᠩᠨᠡᠯ ᠢ ᠳᠡᠭᠦᠨ ᠳᠤ ᠤᠯᠭᠤᠬᠤ ᠪᠠᠷ ᠰᠢᠢᠳᠪᠤᠷᠢᠯᠡᠭᠰᠡᠨ ᠢ ᠨᠡᠶᠢᠳᠡ ᠳᠤ ᠵᠠᠷᠯᠠᠭᠰᠠᠨ ᠨᠠᠮᠤᠷ ᠤᠨ  ᠤᠷᠤᠢ ᠶᠢᠨ ᠳᠡᠷᠡ ᠡᠳᠤᠷ᠂ ᠰᠤᠶᠤᠯ ᠤᠨ ᠭᠠᠪᠢᠶᠠᠳᠤ ᠵᠢᠳᠭᠦᠯᠳᠡᠨ ᠮᠠᠨᠳᠤᠠᠦᠭᠶᠤ ︽ᠡᠪᠤᠯᠵᠢᠶᠠᠨ ᠳᠡᠭᠡᠨ ᠪᠠᠭᠤᠵᠤ  ᠭᠡᠷ ᠢᠶᠠᠨ ᠳᠤᠯᠠᠭᠠᠯᠠᠭᠠᠳ ᠰᠢᠨ᠎ᠡ ᠭᠠᠷᠭᠠᠬᠤ ᠨᠤᠮ ᠤᠨ ᠳᠠᠷᠤᠳᠠᠰᠤ ᠠᠴᠠ ᠤᠩᠰᠢᠵᠤ ᠰᠠᠭᠤᠳᠠᠯ᠎ᠡ ᠤᠳᠠᠰᠤ  ᠡᠭᠡᠰᠢᠭᠯᠡᠵᠤ ᠡᠨᠡ ᠭᠠᠶᠢᠬᠠᠮᠰᠢᠭᠳᠤ ᠮᠡᠳᠡᠭᠡ ᠶᠢ ᠳᠤᠭᠤᠯᠭᠠᠪᠠ᠃ ᠬᠤᠶᠠᠷ ᠬᠤᠨᠤᠭ ᠤᠨ ᠳᠠᠷᠠᠭ᠎ᠠ ᠳᠠᠶᠢᠸᠠᠨ ᠳᠤ  ᠶᠠᠪᠤᠨ᠎ᠡ᠂ ᠬᠤᠷᠠᠯ ᠳᠠᠭᠠᠨ ᠰᠠᠭᠤᠭᠠᠳ ᠳᠡᠨᠳᠡ ᠠᠮᠠᠷᠠᠵᠤ ᠰᠤᠪᠢᠯᠠᠭᠤᠯᠬᠤ ᠳᠦᠯᠦᠪᠯᠡᠭᠡ ᠪᠠᠨ ᠦᠭᠡᠷᠠᠴᠢᠯᠡᠭᠡᠳ  ᠤᠳᠤᠨ ᠢᠶᠠᠨ ᠭᠦᠯᠢᠶᠠᠨ ᠠᠪᠬᠤ ᠪᠠᠷ ᠤᠳᠠᠬᠤ ᠦᠭᠡᠢ ᠪᠤᠴᠠᠵᠤ ᠢᠷᠡᠨ᠎ᠡ᠃ ᠳᠠ ᠪᠦᠭᠦᠨ ᠳᠤ ᠪᠠᠶᠠᠷᠯᠠᠯ᠎ᠡ︾ ᠭᠡᠮᠡᠭᠦ  ᠳᠠᠯᠠᠷᠬᠠᠯ ᠤᠨ ᠦᠭᠡᠰ ᠢ ᠨᠢᠭᠤᠷ ᠨᠤᠮ ᠳᠠᠭᠠᠨ ᠦᠯᠡᠳᠡᠭᠡᠭᠰᠡᠨ ᠪᠠᠶᠢᠪᠠ᠃ ᠳᠦᠷᠦ ᠶᠢᠨ ᠦᠨᠳᠤᠷ ᠭᠦᠨᠳᠤᠳᠭᠡᠯ  ᠭᠦᠯᠢᠶᠠᠵᠤ᠂ ᠳᠡᠷᠢᠭᠦᠨ ᠵᠡᠷᠭᠡ ᠶᠢᠨ ᠱᠠᠩᠨᠡᠯ ᠭᠦᠷᠳᠡᠭᠦ ᠪᠠᠶᠠᠷᠳᠠᠢ ᠮᠡᠳᠡᠭᠡ ᠳᠤᠭᠤᠯᠤᠭᠰᠠᠨ ᠳᠡᠭᠦᠨ ᠤ ᠠᠩᠬᠠᠨ ᠤ  ᠰᠠᠳᠬᠢᠭᠳᠡᠯ ᠡᠨᠡ ᠪᠠᠶᠢᠬᠰᠠᠨ᠃ ᠤᠷᠠᠯᠢᠭ ᠤᠳᠬ᠎ᠠ ᠵᠤᠬᠢᠶᠠᠯ ᠤᠨ ᠰᠠᠯᠪᠤᠷᠢ ᠳᠤ 40 ᠭᠠᠷᠤᠢ ᠵᠢᠯ ᠭᠦᠳᠡᠯᠮᠤᠷᠢᠯᠡᠵᠤ  ᠂ ᠡᠭᠡ ᠤᠷᠤᠨ ᠳᠠᠭᠠᠨ ᠳᠡᠳᠤᠢ ᠦᠭᠡᠢ ᠳᠡᠯᠡᠭᠡᠢ ᠳᠤ ᠦᠨᠡᠯᠡᠭᠳᠡᠭᠦ ᠪᠦᠳᠦᠭᠡᠯ ᠤᠳ ᠳᠤᠭᠤᠷᠪᠢᠭᠰᠠᠨ ᠢ ᠮᠤᠩᠭᠤᠯ ᠤᠨ  ᠳᠦᠷᠦ ᠦᠨᠳᠤᠷ ᠢᠶᠠᠷ ᠦᠨᠡᠯᠡᠨ ᠡᠨᠡᠭᠦ ᠱᠠᠩᠨᠡᠯ ᠢᠶᠠᠷ ᠪᠠᠳᠤᠯᠠᠵᠤ᠂ ᠳᠡᠷᠡᠪᠠᠷ ︽ᠴᠢᠩᠬᠢᠰ ᠬᠠᠭᠠᠨ︾ ᠤᠳᠤᠨ ᠤ  ᠶᠢᠰᠤᠳᠡᠬᠢ ᠭᠦᠮᠤᠨ ᠢᠶᠠᠷ ᠡᠷᠭᠦᠮᠵᠢᠯᠡᠭᠳᠡᠯ᠎ᠡ᠃            ᠮᠤᠩᠭᠤᠯ ᠤᠯᠤᠰ ᠤᠨ ᠶᠠᠷᠦᠩᠭᠡᠶᠢᠯᠡᠭᠴᠢ ᠴ᠊ · ᠡᠯᠪᠡᠭᠳᠤᠷᠵᠢ ᠳᠡᠭᠦᠨ ᠢ ᠨᠡᠶᠢᠭᠡᠮ ᠰᠤᠶᠤᠯ ᠤᠨ ᠨᠡᠷᠡᠳᠤ  ᠵᠢᠳᠭᠦᠯᠳᠡᠨ᠂ ᠵᠤᠬᠢᠶᠠᠯᠴᠢ᠂ ᠢᠷᠠᠭᠤ ᠨᠠᠶᠢᠷᠠᠭᠴᠢ᠂ ᠮᠠᠯᠴᠢᠨ ᠠᠷᠠᠳ ᠤᠨ ᠭᠦᠤ ᠭᠡᠰᠠᠨ ᠪᠢᠯᠡ᠃ ᠮᠠᠨᠳᠤᠠᠦᠭᠶᠤ  ᠳᠠᠷᠢᠭᠠᠩᠭ᠎ᠠ ᠶᠢᠨ ᠨᠤᠳᠤᠭ ᠲᠤ ᠮᠡᠨᠳᠤᠯᠡᠵᠤ᠂ ᠮᠠᠯ ᠰᠦᠷᠦᠭ ᠠᠳᠤᠭᠤᠯᠠᠵᠤ᠂ ᠬᠤᠷᠳᠤᠨ ᠮᠤᠷᠢ ᠤᠨᠤᠵᠤ  ᠦᠰᠦᠭᠰᠡᠨ ᠨᠡᠭᠦᠳᠡᠯᠴᠢᠨ ᠮᠠᠯᠴᠢᠨ ᠢᠵᠠᠭᠤᠷ ᠲᠠᠢ ᠵᠤᠬᠢᠶᠠᠯᠴᠢ ᠪᠦᠭᠡᠳ ᠳᠡᠭᠦᠨ ᠤ ᠤᠷᠠᠨ ᠪᠦᠳᠦᠭᠡᠯ ᠪᠠᠶᠢᠭᠠᠯᠢ  ᠳᠡᠯᠡᠭᠡᠢ ᠲᠠᠢ ᠪᠠᠨ ᠭᠦᠨ ᠰᠢᠳᠤᠯᠴᠡᠭᠰᠡᠨ ᠨᠡᠭᠦᠳᠡᠯᠴᠢᠨ ᠤ ᠰᠤᠶᠤᠯ᠂ ᠠᠬᠤᠢ᠂ ᠳᠠᠯ᠎ᠡ ᠨᠤᠳᠤᠭ ᠤᠨ ᠵᠦᠭᠡᠯᠡᠨ  ᠨᠠᠮᠤᠭᠤᠨ ᠵᠠᠩ ᠴᠢᠨᠠᠷ᠂ ᠮᠤᠩᠭᠤᠯ ᠤᠯᠠᠮᠵᠢᠯᠠᠯᠳᠤ ᠮᠡᠳᠡᠯᠭᠡ ᠤᠬᠠᠭᠠᠨ ᠲᠠᠢ ᠰᠠᠯᠤᠰᠢ ᠦᠭᠡᠢ ᠬᠤᠯᠪᠤᠭ᠎ᠠ ᠲᠠᠢ  ᠪᠠᠶᠢᠳᠠᠭ ᠪᠢᠯᠡ᠃ ᠳᠡᠭᠦᠨ ᠤ ᠪᠦᠳᠦᠭᠡᠯ ᠤᠳ ᠳᠡᠯᠡᠭᠡᠢ ᠶᠢᠨ 40 ᠭᠠᠷᠤᠢ ᠭᠡᠯᠡᠨ ᠳᠤ ᠤᠷᠴᠢᠭᠤᠯᠤᠭᠳᠠᠭᠰᠠᠨ ᠤ  ᠵᠡᠷᠭᠡᠴᠡᠭᠡ ᠳᠡᠷᠡᠪᠠᠷ ᠮᠤᠩᠭᠤᠯ ᠤᠨ ᠳᠡᠤᠭᠡ ᠰᠤᠶᠤᠯ᠂ ᠪᠠᠶᠢᠭᠠᠯᠢ ᠶᠢᠨ ᠦᠪ ᠢ ᠰᠠᠷᠭᠦᠭᠡᠨ ᠬᠠᠮᠠᠭᠠᠯᠠᠬᠤ ᠦᠢᠯᠡᠰ ᠲᠤ  ᠦᠪᠠᠷ ᠤᠨ ᠬᠤᠪᠢ ᠨᠠᠮᠠᠷᠢ ᠪᠠᠨ ᠤᠷᠤᠭᠤᠯᠤᠭᠰᠠᠭᠠᠷ ᠶᠠᠪᠤᠭ᠎ᠠ ᠠᠵᠢ᠃ ᠳᠠᠷᠢᠭᠠᠩᠭ᠎ᠠ ᠶᠢᠨ ᠳᠠᠯ᠎ᠡ ᠳᠤ ᠦᠰᠦᠭᠰᠡᠨ  ᠮᠠᠯᠴᠢᠨ ᠤᠳᠤᠮᠳᠤ ᠭᠦᠦ ᠬᠤᠵᠢᠮ ᠨᠢ ᠮᠤᠩᠭᠤᠯ ᠢᠶᠠᠨ ᠳᠡᠯᠡᠭᠡᠢ ᠳᠤ ᠰᠤᠷᠳᠠᠯᠴᠢᠯᠠᠭᠰᠠᠨ ᠶᠡᠭᠡ ᠨᠠᠶᠢᠷᠠᠭᠴᠢ ᠪᠤᠯᠪᠠ᠃  ᠠᠩᠬ᠎ᠠ ︽ᠪᠤᠳᠤᠯ ᠤᠨ ᠰᠢᠪᠠᠭᠤ︾ ᠨᠡᠷ᠎ᠡ ᠲᠠᠢ ᠰᠢᠯᠦᠭ ᠤᠨ ᠳᠡᠭᠦᠪᠤᠷᠢ ᠪᠠᠨ 1980 ᠤᠨ ᠳᠤ 28  ᠨᠠᠰᠤᠳᠠᠢ ᠳᠠᠭᠠᠨ ᠭᠡᠪᠯᠡᠭᠦᠯᠦᠭᠰᠡᠨ ᠠᠴᠠ ᠬᠤᠶᠢᠰᠢ 13 ᠵᠢᠯ ᠤᠨ ᠳᠠᠷᠠᠭ᠎ᠠ ᠠᠩᠬᠠᠨ ᠤ ᠳᠤᠤᠯᠢᠰ ᠤᠨ ᠳᠤᠮᠤ  ᠪᠦᠳᠦᠭᠡᠯ ᠪᠤᠯᠬᠤ ︽ᠠᠯᠳᠠᠨ ᠤᠪᠤᠭ᠎ᠠ︾᠎ ᠪᠠᠨ 1993 ᠤᠨ ᠳᠤ ᠭᠡᠪᠯᠡᠭᠦᠯᠵᠡᠢ᠃ ︽ᠠᠯᠳᠠᠨ ᠤᠪᠤᠭ᠎ᠠ︾  ᠨᠤᠮ ᠠᠴᠠ 19 ᠵᠢᠯ ᠤᠨ ᠳᠠᠷᠠᠭ᠎ᠠ ᠪᠤᠶᠤ 2012 ᠤᠨ ᠳᠤ ︽ᠭᠡᠭᠡᠨᠳᠡᠨ︾ ᠷᠤᠮᠠᠨ ᠢᠶᠠᠨ ᠤᠩᠰᠢᠬᠴᠢ ᠳᠦᠮᠡᠨ ᠤ  ᠭᠦᠷᠳᠡᠭᠡᠯ ᠪᠤᠯᠭᠠᠭᠰᠠᠨ ᠨᠢ ᠡᠳᠦᠭᠡ ᠨᠤᠮ ᠤᠨ ᠠᠮᠳᠠᠨ ᠳᠤ ᠳᠤᠷᠠᠯᠠᠭᠰᠠᠳ ᠤᠨ ᠳᠠᠯᠠᠷᠬᠠᠯ ᠭᠦᠯᠢᠶᠠᠵᠤ ᠪᠠᠶᠢᠨ᠎ᠡ᠃  ᠮᠦᠨ ᠤᠯᠠᠮᠵᠢᠯᠠᠯᠳᠤ ᠪᠤᠰᠤᠭ᠎ᠠ ᠪᠢᠴᠢᠭ ᠢᠶᠠᠨ ᠠᠪᠴᠤ ᠦᠯᠡᠳᠡᠭᠦ᠂ ᠳᠡᠭᠦᠨ ᠢᠶᠠᠨ ᠳᠡᠯᠭᠡᠷᠡᠭᠦᠯᠭᠦ ᠳᠤ ᠵᠤᠬᠢᠶᠠᠯᠴᠢ  ᠬᠤᠪᠢ ᠨᠡᠮᠡᠷᠢ ᠦᠵᠡᠭᠦᠯᠦᠭᠰᠡᠭᠡᠷ ᠢᠷᠡᠭᠰᠡᠨ ᠶᠤᠮ᠃ ᠳᠡᠷᠡᠪᠠᠷ ᠤᠷᠠᠨ ᠪᠢᠴᠢᠯᠭᠡ ᠰᠤᠨᠢᠷᠬᠠᠵᠤ᠂ ᠦᠪᠠᠷ ᠤᠨ  ᠪᠦᠳᠦᠭᠡᠯ ᠤᠳ ᠢᠶᠠᠨ ᠤᠷᠠᠨ ᠪᠢᠴᠢᠯᠭᠡ ᠳᠤ ᠪᠠᠭᠤᠯᠭᠠᠨ᠂ ᠳᠡᠭᠦᠨ ᠢᠶᠠᠷ ᠢᠶᠠᠨ ᠮᠤᠩᠭᠤᠯ ᠳᠤ ᠳᠡᠳᠤᠢ ᠦᠭᠡᠢ  ᠭᠠᠳᠠᠭᠠᠳᠤ ᠶᠢᠨ ᠭᠡᠳᠤ ᠭᠡᠳᠤᠨ ᠤᠷᠤᠨ ᠳᠤ ᠦᠵᠡᠰᠭᠦᠯᠠᠩ ᠭᠠᠷᠭᠠᠵᠤ᠂ ᠡᠭᠡ ᠭᠡᠯᠡ ᠪᠠᠨ ᠰᠤᠷᠳᠠᠯᠴᠢᠯᠠᠭᠰᠠᠨ  ᠭᠠᠪᠢᠶᠠᠳᠠᠨ ᠠᠵᠢ᠃            ᠵᠤᠬᠢᠶᠠᠯᠴᠢ ᠮᠠᠨᠳᠤᠠᠦᠭᠶᠤ ᠳᠠᠷᠢᠭᠠᠩᠭ᠎ᠠ ᠨᠤᠳᠤᠭ ᠠᠴᠠ ᠳᠦᠷᠦᠭᠰᠡᠨ ᠰᠤᠤᠳᠤ ᠠᠪᠢᠶᠠᠰ ᠲᠠᠢ ᠨᠠᠶᠢᠷᠠᠭᠴᠢᠳ ᠤᠨ  ᠨᠢᠭᠡ᠂ ᠭᠠᠩᠭ᠎ᠠ ᠨᠠᠭᠤᠷ ᠤᠨ ᠭᠦᠪᠡᠭᠡᠨ ᠳᠤ ᠳᠤᠭᠯᠠᠵᠤ᠂ ᠡᠨᠡ ᠨᠤᠳᠤᠭ ᠠᠴᠠ ᠠᠯᠤᠰ ᠤᠨ ᠵᠠᠮ ᠳᠤ ᠭᠠᠷᠤᠭᠰᠠᠨ  ᠭᠦᠮᠤᠨ ᠬᠤᠨ ᠶᠤᠮ᠃ ᠳᠡᠶᠢᠮᠤ ᠠᠴᠠ ᠨᠠᠭᠤᠷ ᠢᠶᠠᠨ ᠡᠷᠬᠢᠵᠤ ᠪᠠᠶᠢᠭᠠᠯᠢ ᠶᠢᠨ ᠦᠵᠡᠰᠭᠦᠯᠡᠩ ᠳᠤ᠂ ᠡᠨᠡ ᠨᠤᠳᠤᠭ ᠢ  ᠬᠠᠶᠢᠷᠠᠯᠠᠨ ᠬᠠᠮᠠᠭᠠᠯᠠᠬᠤ᠂ ᠤᠩᠭᠤᠨ ᠳᠠᠭᠱᠢᠨ ᠪᠠᠶᠢᠳᠠᠯ ᠢ ᠨᠢ ᠬᠠᠳᠠᠭᠠᠯᠠᠵᠤ ᠦᠯᠡᠳᠡᠭᠦ ᠳᠤᠬᠠᠢ ᠳᠤ ᠰᠢᠢᠳᠪᠤᠷᠢ  ᠭᠠᠷᠭᠠᠭᠰᠠᠨ ᠶᠤᠮ᠃ ᠦᠷ᠎ᠡ ᠳ᠋ᠦᠩ ᠳᠤᠨᠢ ᠭᠠᠩᠭ᠎ᠠ ᠨᠠᠭᠤᠷ ᠢ ᠬᠠᠮᠠᠭᠠᠯᠠᠬᠤ ᠠᠵᠢᠯᠯᠠᠭ᠎ᠠ ᠦᠷᠨᠢᠵᠤ᠂ ᠵᠢᠯ ᠠᠴᠠ  ᠵᠢᠯ ᠳᠤ ᠳᠠᠳᠠᠷᠠᠵᠤ᠂ ᠴᠤᠭᠯᠠᠷᠠᠬᠤ ᠬᠤᠨ ᠤ ᠳᠤᠭ᠎ᠠ ᠴᠦᠭᠡᠷᠡᠭᠰᠡᠭᠡᠷ ᠪᠠᠶᠢᠭ᠎ᠠ ᠡᠨᠡ ᠨᠤᠳᠤᠭ ᠤᠨ ᠡᠷᠭᠢ  ᠭᠦᠪᠡᠭᠡᠨ ᠳᠤ ᠮᠤᠳᠤ ᠳᠠᠷᠢᠬᠤ ᠵᠡᠷᠭᠡ ᠰᠠᠶᠢᠬᠠᠨ ᠰᠠᠨᠠᠭᠠᠴᠢᠯᠠᠭ᠎ᠠ ᠨᠤᠭᠤᠳ ᠪᠤᠳᠠᠳᠤ ᠠᠵᠢᠯᠯᠠᠭ᠎ᠠ ᠪᠤᠯᠤᠭᠠᠳ ᠡᠬᠢᠯᠡᠯ᠎ᠡ  ᠃ ᠡᠭᠦᠨ ᠢᠶᠠᠷ ᠢᠶᠠᠨ ᠳᠡᠷᠡ ᠨᠡᠶᠢᠭᠡᠮ ᠰᠤᠶᠤᠯ ᠤᠨ ᠨᠡᠷᠡᠳᠤ ᠵᠢᠳᠭᠦᠯᠳᠡᠨ ᠭᠡᠮᠡᠭᠦ ᠳᠤᠳᠤᠷᠬᠠᠢᠢᠯᠠᠯᠳᠠ ᠳᠤ ᠶᠠᠪ ᠴᠠᠪ  ᠨᠡᠶᠢᠴᠠᠵᠤ ᠪᠠᠶᠢᠨ᠎ᠡ᠃            ᠮᠡᠨᠳᠤᠠᠦᠭᠶᠤ ᠳᠡᠯᠡᠭᠡᠢ ᠳᠤ ᠳᠠᠩᠰᠠ ᠲᠠᠢ ᠨᠠᠶᠢᠷᠠᠭᠴᠢ᠃ ᠳᠡᠷᠡᠪᠠᠷ 2009 ᠤᠨ ᠳᠤ ᠳᠠᠯᠠᠭᠡᠢ ᠶᠢᠨ ᠤᠷᠠᠯᠢᠭ  ᠰᠤᠶᠤᠯ ᠤᠨ ᠠᠺᠠᠳᠧᠮᠢ ᠠᠴᠠ ᠤᠯᠭᠤᠳᠠᠭ ᠳᠡᠯᠡᠭᠡᠢ ᠶᠢᠨ ᠢᠷᠠᠭᠤ ᠨᠠᠶᠢᠷᠠᠭ ᠤᠨ ᠳᠡᠭᠡᠳᠤ ᠱᠠᠩᠨᠡᠯ ᠢ ᠭᠦᠷᠳᠡᠵᠤ᠂  ᠠᠯᠳᠠᠨ ᠳᠢᠳᠠᠮ ᠭᠠᠷᠳᠠᠭᠰᠠᠨ ᠶᠤᠮ᠃ 2014 ᠤᠨ ᠤ 9 ᠳ᠋ᠦ᠋ᠭᠡᠷ ᠰᠠᠷ᠎ᠡ ᠳᠤ᠂ ᠷᠤᠮᠠᠨᠢᠶ᠎ᠠ ᠳᠤ ᠪᠤᠯᠤᠭᠰᠠᠨ  ᠳᠡᠯᠡᠭᠡᠢ ᠶᠢᠨ ᠢᠷᠠᠭᠤ ᠨᠠᠶᠢᠷᠠᠭ ᠤᠨ ᠨᠠᠭᠠᠳᠤᠮ ᠳᠤ ᠤᠷᠤᠯᠴᠠᠵᠤ᠂ ᠳᠠᠯᠠᠭᠡᠢ ᠳᠤ ᠭᠦᠯᠢᠶᠠᠨ ᠵᠦᠪᠰᠢᠶᠡᠷᠡᠭᠳᠡᠭᠰᠡᠨ 50  ᠭᠠᠷᠤᠢ ᠢᠷᠡᠭᠤ ᠨᠠᠶᠢᠷᠠᠭᠴᠢ ᠠᠴᠠ ᠳᠤᠳᠤᠷᠠᠵᠤ ᠳᠡᠷᠢᠭᠦᠨ ᠱᠠᠩᠨᠡᠯ ᠭᠦᠷᠳᠡᠭᠰᠡᠨ ᠢ ᠮᠤᠩᠭᠤᠯ ᠳᠦᠮᠡᠨ ᠳᠠᠯᠠᠷᠬᠠᠨ  ᠤᠭᠳᠤᠭᠰᠠᠨ ᠶᠤᠮ᠃ ᠮᠤᠩᠭᠤᠯ ᠨᠠᠶᠢᠷᠠᠭᠴᠢ ᠶᠢᠨ ᠪᠦᠳᠤᠭᠡᠯ ᠢ ᠦᠷᠦᠨᠡᠳᠡᠬᠢᠨ ᠤ ᠰᠢᠮᠳᠠᠨ ᠰᠤᠨᠢᠷᠬᠠᠵᠤ ᠪᠤᠢ  ᠢᠯᠡᠷᠭᠡᠶᠢᠯᠡᠯ ᠡᠨᠡ ᠪᠢᠰᠢ ᠭᠡᠵᠤ ᠤᠤ⁈ ᠳᠡᠯᠡᠭᠡᠢ ᠶᠢᠨ ᠢᠷᠠᠭᠤ ᠨᠠᠶᠢᠷᠠᠭᠴᠢᠳ ᠤᠨ ᠶᠡᠭᠡ ᠬᠤᠷᠠᠯ ᠤᠨ ᠳᠡᠭᠡᠳᠤ  ᠶᠠᠷᠦᠩᠭᠡᠶᠢᠯᠡᠭᠴᠢ ᠶᠢᠨ ᠠᠯᠪᠠᠳᠠᠨ ᠳᠠᠷᠠᠪᠠᠷ ︽ᠴᠢᠩᠬᠢᠰ ᠬᠠᠭᠠᠨ︾ ᠤᠳᠤᠨ ᠢ ᠭᠠᠷᠳᠠᠬᠤ ᠠᠴᠠ ᠭᠡᠳᠤᠭᠡᠨ  ᠬᠤᠨᠤᠭ ᠤᠨ ᠡᠮᠤᠨ᠎ᠡ᠂ ᠳᠠᠶᠢᠸᠠᠨ ᠳᠤ ᠪᠤᠯᠤᠭᠰᠠᠨ ᠳᠡᠯᠡᠭᠡᠢ ᠶᠢᠨ ᠢᠷᠠᠭᠤ ᠨᠠᠶᠢᠷᠠᠭᠴᠢ ᠶᠢᠨ 35᠎ ᠳᠠᠬᠢ ᠶᠡᠭᠡ  ᠬᠤᠷᠠᠯ ᠳᠤ᠂ ᠨᠠᠶᠢᠷᠠᠭᠴᠢᠳ ᠤᠨ ᠢᠶᠠᠨ ᠬᠠᠮᠳᠤ ᠪᠠᠷ ᠤᠷᠤᠯᠴᠠᠭᠠᠳ ᠢᠷᠡᠪᠠ᠃ ᠴᠤᠭᠯᠠᠭᠠᠨ ᠤ ᠦᠶ᠎ᠡ ᠪᠠᠷ  ᠮᠤᠩᠭᠤᠯ ᠤᠨ ᠢᠷᠠᠭᠤ ᠨᠠᠶᠢᠷᠠᠭ ᠤᠨ ᠡᠳᠦᠷᠯᠢᠭ᠂ ᠤᠷᠠᠨ ᠪᠢᠴᠢᠯᠭᠡ ᠶᠢᠨ ᠦᠵᠡᠰᠭᠦᠯᠡᠩ ᠳᠡᠯᠭᠡᠵᠡᠢ᠃ ᠮᠦᠨ  ᠳᠡᠭᠦᠨ ᠤ ᠰᠢᠯᠦᠭ ᠤᠨ ᠳᠡᠭᠦᠪᠤᠷᠢ ︽ᠰᠢᠨ᠎ᠡ ᠨᠤᠳᠤᠭ︾ ᠠᠩᠭ᠍ᠯᠢ᠂ ᠬᠢᠳᠠᠳ ᠭᠡᠯᠡᠨ ᠳᠤ ᠭᠡᠪᠯᠡᠭᠳᠡᠨ ᠭᠠᠷᠴᠤ᠂  ᠳᠡᠭᠡᠵᠢ ᠶᠢ ᠨᠢ ᠳᠡᠯᠡᠭᠡᠢ ᠶᠢᠨ ᠦᠨᠴᠦᠭ ᠪᠤᠯᠤᠩ ᠠᠴᠠ ᠢᠷᠡᠭᠰᠡᠨ ᠨᠠᠶᠢᠷᠠᠭᠴᠢᠳ ᠭᠦᠷᠳᠡᠭᠡᠳ ᠪᠤᠴᠠᠭᠰᠠᠨ ᠪᠢᠯᠡ᠃  ᠮᠠᠨᠳᠤᠠᠦᠭᠶᠤ ᠭᠡᠮᠡᠭᠦ ᠮᠤᠩᠭᠤᠯ ᠭᠦᠮᠤᠨ ᠳᠡᠯᠡᠭᠡᠢ ᠶᠢᠨ ᠢᠷᠠᠭᠤ ᠨᠠᠶᠢᠷᠠᠭ ᠤᠨ ᠦᠷᠭᠦᠭᠡᠨ ᠤ ᠬᠤᠶᠢᠮᠤᠷ ᠲᠤ ᠭᠦᠨᠳᠤᠳᠠᠢ  ᠪᠠᠶᠢᠷᠢ ᠡᠵᠡᠯᠡᠭᠰᠡᠨ ᠤ ᠳᠤᠳᠤ ᠭᠡᠷᠠᠴᠢ ᠡᠨᠡ ᠪᠤᠶᠤ᠃ ᠳᠡᠷᠡᠪᠠᠷ ᠦᠩᠭᠡᠷᠡᠭᠰᠡᠨ ᠤᠨ ᠤ ᠳᠠᠪᠤ ᠵᠢᠷᠭᠤᠳᠤᠭᠠᠷ  ᠰᠠᠷ᠎ᠡ ᠳᠤ ᠢᠲ᠋ᠠᠯᠢ ᠶᠢᠨ ᠨᠢᠭᠡᠨ 15 ᠳ᠋ᠤᠭᠠᠷ ᠵᠠᠭᠤᠨ ᠤ ᠰᠢᠯᠳᠦᠭᠡᠨ ᠳᠤ ᠤᠷᠠᠨ ᠪᠦᠳᠤᠭᠡᠯ ᠢᠶᠠᠨ ᠳᠤᠭᠤᠷᠪᠢᠬᠤ  ᠤᠷᠢᠯᠭ᠎ᠠ ᠬᠦᠯᠢᠶᠠᠨ ᠠᠪᠴᠡᠢ᠃ ᠳᠡᠷᠡ ᠦᠶ᠎ᠡ ᠳᠡᠭᠡᠨ ᠳᠤᠭᠤᠷᠪᠢᠭᠰᠠᠨ ᠰᠢᠨᠡᠭᠡᠨ ᠷᠤᠮᠠᠨ ᠢᠶᠠᠨ ︽ᠭᠤᠤᠯ ᠤᠰᠤᠨ  ᠳᠤᠩᠭᠠᠯᠠᠭᠰᠢᠬᠤ ᠴᠠᠭ ᠢᠶᠠᠷ︾ ᠭᠡᠮᠡᠨ ᠨᠡᠷᠡᠶᠢᠳᠴᠤ᠂ ᠤᠩᠰᠢᠬᠴᠢ ᠳᠦᠮᠡᠨ ᠳᠡᠭᠡᠨ ᠡᠷᠭᠦᠨ ᠪᠠᠷᠢᠬᠤ ᠪᠠᠷ  ᠠᠷᠢᠭᠤᠳᠬᠠᠨ ᠱᠦᠭᠦᠵᠤ ᠰᠠᠭᠤᠨ᠎ᠡ᠃ ᠵᠤᠨ ᠤ ᠳᠠᠯᠭᠡᠷ ᠴᠠᠭ ᠲᠤ ᠭᠦᠳᠡᠭᠡ ᠭᠠᠳᠠᠭᠤᠷ ᠶᠠᠪᠤᠬᠤ ᠠᠵᠢᠯ ᠶᠡᠭᠡ ᠲᠠᠢ  ᠳᠤᠯᠠ ᠤᠷᠠᠨ ᠪᠦᠳᠦᠭᠡᠯ ᠬᠢᠵᠤ᠂ ᠳᠦᠪᠯᠡᠷᠡᠵᠤ ᠰᠠᠭᠤᠬᠤ ᠴᠠᠭ ᠤᠯᠳᠠᠬᠤ ᠦᠭᠡᠢ᠃ ᠬᠠᠷᠢᠨ ᠡᠪᠤᠯ ᠤᠨ  ᠤᠯᠠᠷᠢᠯ ᠳᠤ ᠡᠪᠦᠯᠵᠢᠭᠡ ᠪᠠᠨ ᠳᠤᠯᠠᠭᠠᠯᠠᠵᠤ ᠠᠪᠤᠭᠠᠳ ᠤᠷᠠᠨ ᠪᠦᠳᠤᠭᠡᠯ ᠳᠤᠭᠤᠷᠪᠢᠬᠤ ᠳᠤ ᠨᠡᠩ ᠳᠠᠭᠠᠳᠠᠢ  ᠪᠠᠶᠢᠳᠠᠭ ᠢᠶᠠᠨ ᠵᠤᠬᠢᠶᠠᠯᠴᠢ ᠨᠢᠭᠡᠨ ᠶᠠᠷᠢᠯᠴᠠᠯᠭ᠎ᠠ ᠳᠠᠭᠠᠨ ᠦᠭᠭᠦᠭᠰᠡᠨ ᠪᠢᠯᠡ᠃ ᠡᠪᠤᠯ ᠤᠨ ᠳᠡᠷᠢᠭᠦᠨ ᠰᠠᠷ᠎ᠡ ᠶᠢᠨ  ᠰᠢᠨ᠎ᠡ ᠶᠢᠨ ᠨᠢᠭᠡᠨ ᠠᠴᠠ ᠡᠮᠤᠨ᠎ᠡ ᠮᠡᠨᠳᠤᠠᠦᠭᠶᠤ ᠡᠪᠤᠯᠵᠢᠶ᠎ᠡ ᠪᠠᠨ ᠭᠡᠳᠦ᠋ᠢᠨᠢ ᠳᠤᠯᠠᠭᠠᠯᠠᠵᠤ᠂ ᠪᠢᠴᠢᠭ ᠨᠤᠮ ᠤᠨ ᠶᠡᠭᠡ  ᠠᠵᠢᠯ ᠳᠠᠭᠠᠨ ᠱᠤᠩᠪᠠᠨ ᠤᠷᠤᠵᠡᠢ᠃ ᠡᠨᠡ ᠴᠠᠭ ᠢᠶᠠᠷ ᠨᠢ ᠶᠡᠭᠡ ᠨᠠᠶᠢᠷᠠᠭᠴᠢ ᠳᠤ ᠳᠤᠮᠤ ᠭᠦᠨᠳᠤᠳᠭᠡᠯ ᠢᠷᠡᠪᠠ᠃  
 ᠰᠤᠶᠤᠯ ᠤᠨ ᠭᠠᠪᠢᠶᠠᠳᠤ ᠵᠢᠳᠭᠦᠯᠳᠡᠨ ᠮᠡᠨᠳᠤᠠᠦᠭᠶᠤ     ︵ᠮᠤᠩᠭᠤᠯ ᠤᠨ ᠰᠦᠯᠵᠢᠶ᠎ᠡ ᠠᠴᠠ ᠵᠤᠯᠠ ᠭᠦᠷᠪᠡᠭᠦᠯᠪᠠ︶  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号