ᠮᠤᠩᠭᠤᠯ ᠬᠡᠯᠡ ᠮᠤᠯᠤᠷ ᠡᠷᠳᠡᠨᠢ
ᠨᠡᠶᠢᠲᠡᠯᠡᠭᠰᠡᠨ ᠴᠠᠭ᠄
2017/2/23
        2 ᠰᠠᠷ᠎ᠠ ᠶᠢᠨ 19᠎ ᠤ ᠡᠳᠦᠷ᠂ ᠥᠪᠥᠷ ᠮᠤᠩᠭᠤᠯ ᠤᠨ ᠨᠤᠮ ᠤᠨ  ᠰᠠᠩ ᠳᠤ ᠬᠦᠷᠬᠦ ᠳᠤ ︽ᠦᠰᠬᠦ ᠠᠴᠠ ᠰᠤᠷᠤᠭᠰᠠᠨ ᠦᠨᠳᠦᠰᠦᠨ  ᠬᠡᠯᠡ  ᠮᠠᠷᠳᠠᠵᠤ  ᠪᠤᠯᠤᠰᠢ  ᠦᠭᠡᠢ  ᠰᠤᠶᠤᠯ︾  ᠭᠡᠵᠤ  ᠬᠠᠩᠭᠢᠨᠠᠨ ᠴᠤᠤᠷᠢᠶᠠᠳᠤᠵᠤ᠂ ᠪᠦᠬᠦ  ᠬᠦᠮᠦᠰ ᠮᠤᠩᠭᠤᠯ ᠳᠡᠪᠡᠯ ᠢᠶᠠᠷ ᠢᠶᠠᠨ ᠭᠤᠶᠤᠵᠠᠢ᠃ ᠲᠡᠳᠡᠨ ᠤ ᠵᠤᠷᠢᠯᠭ᠎ᠠ — ᠡᠬᠡ ᠬᠡᠯᠡᠨ ᠤ ᠪᠠᠨ ᠲᠦᠯᠦᠭᠡ᠃                 ᠦᠰᠪᠦᠷᠢ ᠶᠢᠨ ᠪᠠᠭᠠᠴᠤᠳ᠂ ᠦᠭᠡᠯᠠᠢ ᠲᠤᠮᠤᠴᠤᠤᠯ ᠦᠪᠦᠷ ᠮᠤᠩᠭᠤᠯ ᠤᠨ ᠨᠤᠮ ᠤᠨ  ᠰᠠᠩ ᠤᠨ  ᠠᠷᠪᠠᠨ  ᠨᠠᠢᠮᠠᠳᠤᠭᠠᠷ ᠬᠤᠭᠤᠴᠠᠭᠠᠨ ᠤ ︽ᠳᠡᠯᠡᠬᠡᠢ ᠶᠢᠨ ᠡᠬᠡ ᠬᠡᠯᠡᠨ ᠤ ᠡᠳᠦᠷ︾᠎ ᠢ ᠳᠤᠷᠠᠰᠬᠠᠨ ᠳᠡᠮᠳᠡᠭᠯᠡᠬᠦ ︽ᠮᠤᠩᠭᠤᠯ ᠦᠭᠡ ᠪᠠᠨ ᠤᠷᠤᠰᠤᠮ᠎ᠠ  ᠶᠠᠷᠢᠨ᠂ ᠮᠤᠩᠭᠤᠯ ᠦᠰᠦᠭ ᠢᠶᠠᠨ ᠤᠷᠠᠯᠢᠭ ᠪᠢᠴᠢᠵᠤ᠂ ᠡᠬᠡ ᠬᠡᠯᠡ ᠪᠠᠨ ᠳᠡᠭᠡᠳᠦᠯᠡᠶ᠎ᠡ︾ ᠭᠡᠬᠦ ᠭᠤᠤᠯ ᠰᠡᠳᠦᠪᠳᠦ ᠠᠵᠢᠯᠯᠠᠭ᠎ᠠ ᠶᠢ ᠵᠤᠷᠢᠨ ᠨᠢᠭᠡ ᠳᠤᠤᠷ᠎ᠠ ᠴᠤᠭᠯᠠᠷᠠᠨ ᠢᠷᠡᠭᠰᠡᠨ ᠨᠢ ᠡᠨᠡ ᠪᠠᠶᠢᠵᠠᠢ᠃ ᠲᠤᠰ ᠠᠵᠢᠯᠯᠠᠭ᠎ᠠ ᠳᠤ ᠦᠪᠦᠷ  ᠮᠤᠩᠭᠤᠯ ᠤᠨ ᠨᠤᠮ ᠤᠨ ᠰᠠᠩ ᠤᠨ ᠮᠤᠩᠭᠤᠯ ᠤᠷᠠᠨ ᠪᠢᠴᠢᠯᠭᠡ ᠶᠢᠨ ᠠᠩᠬᠢ ᠶᠢᠨ ᠬᠢᠴᠢᠶᠡᠯ ᠡᠬᠢᠯᠡᠬᠦ ᠶᠤᠰᠤᠯᠠᠯ ᠪᠤᠯᠤᠨ ︽ᠴᠤᠮᠤᠷᠯᠢᠭ︾ ᠮᠤᠩᠭᠤᠯ ᠬᠡᠯᠡᠨ ᠤ  ᠠᠩᠬᠢ ᠶᠢᠨ  ᠪᠠᠭ᠎ᠠ ᠠᠩᠬᠢ ᠶᠢᠨ ᠰᠢᠨ᠎ᠡ ᠰᠤᠷᠤᠯᠭ᠎ᠠ ᠶᠢᠨ ᠬᠤᠭᠤᠴᠠᠭᠠᠨ ᠤ ᠬᠢᠴᠢᠶᠡᠯ ᠡᠬᠢᠯᠡᠯᠳᠡ ᠬᠤᠶᠠᠷ ᠠᠭᠤᠯᠭ᠎ᠠ ᠪᠠᠭᠳᠠᠵᠤ ᠪᠠᠶᠢᠯ᠎ᠠ᠃                  ᠠᠵᠢᠯᠯᠠᠭ᠎ᠠ ᠳᠤ ᠬᠡᠦᠭᠡᠳ ᠤᠳ ᠰᠢᠨ᠎ᠡ ᠢᠷᠡᠭᠰᠡᠨ ᠤᠷᠠᠨ ᠪᠢᠴᠢᠯᠭᠡ ᠶᠢᠨ ᠪᠠᠭᠰᠢ ᠨᠠᠷ ᠲᠠᠢ ᠪᠠᠨ ᠳᠠᠨᠢᠯᠴᠠᠵᠤ᠂  ᠪᠠᠭᠰᠢ᠂ ᠭᠡᠷ ᠤᠨ ᠠᠬᠠᠮᠠᠳ ᠪᠤᠯᠤᠨ ᠬᠡᠦᠬᠡᠳ ᠤᠳ  ᠮᠤᠩᠭᠤᠯ  ᠤᠷᠠᠨ  ᠪᠢᠴᠢᠯᠭᠡ  ᠰᠤᠷᠬᠤ  ᠲᠤᠬᠠᠢ  ᠪᠤᠳᠤᠯ  ᠰᠠᠨᠠᠯ ᠢᠶᠠᠨ  ᠴᠢᠯᠦᠭᠡᠳᠠᠢ ᠰᠤᠯᠢᠯᠴᠠᠭᠰᠠᠨ ᠤ ᠤᠯᠠᠮ ᠳᠤ ᠤᠷᠠᠨ ᠪᠢᠴᠢᠯᠭᠡ ᠶᠢᠨ ᠠᠩᠬᠢ ᠪᠤᠯᠤᠨ ︽ᠴᠤᠮᠤᠷᠯᠢᠭ︾ ᠡᠬᠡ ᠬᠡᠯᠡᠨ ᠤ ᠠᠩᠬᠢ ᠶᠢᠨ ᠬᠢᠴᠢᠶᠡᠯ ᠲᠤᠰ ᠲᠤᠰ ᠲᠠᠭᠠᠨ ᠡᠬᠢᠯᠡᠪᠡ᠃                ︽ᠪᠠᠭᠰᠢ ᠡ︕ ᠪᠢ ᠦᠰᠦᠨ ᠪᠢᠷ ᠦᠭᠡᠢ ᠪᠠᠶᠢᠨ᠎ᠠ︾᠂ ︽ᠪᠠᠭᠰᠢ ᠡ︕ ᠤᠳᠤ  ᠪᠢᠴᠢᠵᠤ  ᠪᠤᠯᠤᠨ᠎ᠠ  ᠤᠤ︖︾᠂ ︽ᠪᠠᠭᠰᠢ ᠡ︕ ᠮᠢᠨᠤ ᠪᠢᠷ ᠪᠠᠷᠢᠵᠤ ᠪᠠᠶᠢᠬᠤ ᠵᠦᠪ  ᠤᠤ︖︾᠁  ᠵᠦᠭ  ᠵᠦᠭ ᠤᠨ  ᠠᠰᠠᠭᠤᠯᠳᠠ ᠠᠴᠠ  ᠮᠤᠩᠭᠤᠯ  ᠤᠷᠠᠨ ᠪᠢᠴᠢᠯᠭᠡ ᠶᠢᠨ ᠬᠢᠴᠢᠶᠡᠯ ᠡᠬᠢᠯᠡᠵᠤ᠂ ᠪᠢᠷ ᠪᠠᠷᠢᠬᠤ ᠠᠴᠠ ᠠᠴᠤᠭ ᠰᠢᠯᠪᠢ  ᠭᠠᠷᠭᠠᠬᠤ  ᠬᠦᠷᠳᠡᠯ᠎ᠡ  ᠪᠠᠭᠰᠢ  ᠰᠤᠷᠤᠭᠴᠢ  ᠪᠦᠭᠦᠳᠡᠭᠡᠷ ᠠᠩᠬᠠᠷᠤᠯ ᠳᠦᠪᠯᠡᠷᠡᠨ  ᠪᠢᠴᠢᠵᠡᠭᠡᠨ᠎ᠠ᠃  ᠭᠠᠵᠠᠷ  ᠳᠡᠭᠷᠢ ᠶᠢᠨ  ᠳᠤᠮᠳᠠ  ᠭᠠᠭᠴᠠᠬᠠᠨ  ᠪᠤᠰᠤᠭ᠎ᠠ  ᠦᠰᠦᠭ ᠤᠨ  ᠭᠠᠶᠢᠬᠠᠮᠰᠢᠭ ᠢ ᠬᠠᠷᠠᠭᠤᠯᠤᠭᠰᠠᠨ ᠮᠤᠩᠭᠤᠯ ᠤᠷᠠᠨ ᠪᠢᠴᠢᠯᠭᠡ ᠪᠠᠨ ᠤᠯᠠᠮ ᠰᠠᠶᠢᠨ ᠢᠶᠠᠷ ᠮᠤᠩᠭᠤᠯ ᠬᠡᠦᠬᠡᠳ ᠲᠤ ᠪᠠᠨ ᠤᠯᠠᠮᠵᠢᠯᠠᠬᠤ ᠶᠢᠨ  ᠲᠤᠰᠠᠳᠠ ᠦᠪᠦᠷ ᠮᠤᠩᠭᠤᠯ ᠤᠨ ᠨᠤᠮ ᠤᠨ ᠰᠠᠩ ᠨᠢ ᠮᠤᠩᠭᠤᠯ ᠤᠷᠠᠨ ᠪᠢᠴᠢᠯᠭᠡ ᠶᠢᠨ ᠠᠩᠬᠢ ᠡᠷᠬᠢᠯᠡᠵᠤ᠂ ᠬᠠᠷᠠᠮᠵᠢ ᠲᠦᠯᠦᠪᠦᠷᠢ ᠦᠭᠡᠢ ᠪᠠᠷ ᠮᠤᠩᠭᠤᠯ ᠬᠡᠦᠬᠡᠳ ᠤᠳ ᠲᠡᠭᠡᠨ ᠤᠷᠠᠨ ᠪᠢᠴᠢᠯᠭᠡ ᠵᠢᠭᠠᠵᠤ ᠪᠠᠶᠢᠭ᠎ᠠ ᠨᠢ ᠡᠨᠡ ᠪᠢᠯᠡ᠃ ᠪᠢᠷ ᠪᠠᠷᠢᠵᠤ ᠴᠢᠳᠠᠬᠤ ᠦᠭᠡᠢ  ᠪᠠᠶᠢᠭᠰᠠᠨ ᠬᠡᠦᠬᠡᠳ ᠤᠳ ︽ᠠ︾᠂ ︽ᠡ︾ ᠭᠡᠳ ᠲᠤᠷᠠᠶᠢᠳᠠᠯ᠎ᠠ ᠰᠠᠶᠢᠬᠠᠨ ᠪᠢᠴᠢᠬᠦ ᠪᠤᠯᠤᠭᠰᠠᠨ ᠢ ᠬᠠᠷᠠᠭᠠᠳ ᠪᠠᠶᠠᠷᠯᠠᠵᠤ ᠪᠠᠶᠢᠭ᠎ᠠ ᠪᠤᠤ ᠶᠢᠨ ᠰᠢᠶᠠᠩ ᠪᠠᠭᠰᠢ ᠪᠤᠯ ᠦᠪᠦᠷ ᠮᠤᠩᠭᠤᠯ ᠤᠨ ᠨᠤᠮ ᠤᠨ ᠰᠠᠩ ᠤᠨ  ᠮᠤᠩᠭᠤᠯ  ᠨᠤᠮ ᠤᠨ  ᠰᠠᠩ ᠤᠨ ᠬᠠᠷᠢᠭᠤᠴᠠᠯᠭᠠᠳᠠᠨ ᠪᠤᠯᠤᠨ᠎ᠠ᠃ ᠲᠡᠭᠦᠨ ᠤ ᠬᠡᠯᠡᠬᠦ ᠪᠠᠷ ᠤᠳᠤ ᠡᠨᠡᠬᠦ ᠠᠩᠬᠢ 32 ᠰᠤᠷᠤᠭᠴᠢ ᠲᠠᠢ᠃ ᠴᠢᠮᠡᠳ᠂ ᠲᠠᠯ᠎ᠠ᠂ ᠸᠠᠩ ᠭᠦᠢ ᠷᠦᠩ  ᠵᠡᠷᠭᠡ ᠶᠢᠨ ᠲᠦᠷᠪᠡᠨ ᠰᠠᠶᠢᠨ ᠲᠤᠷ᠎ᠠ ᠶᠢᠨ ᠪᠠᠭᠰᠢ ᠲᠠᠢ ᠪᠠᠶᠢᠵᠤ᠂ ᠡᠨᠡ ᠡᠳᠤᠷ ᠵᠢᠩᠬᠢᠨᠢ ᠪᠠᠷ ᠬᠢᠴᠢᠶᠡᠯᠯᠡᠵᠤ᠂ ᠭᠠᠷᠠᠭ ᠪᠤᠯᠭᠠᠨ ᠤ ᠭᠠᠷᠠᠭ ᠤᠨ ᠵᠢᠷᠭᠤᠭᠠᠨ ᠤ ᠦᠳᠡ ᠶᠢᠨ ᠡᠮᠦᠨ᠎ᠡ ᠬᠢᠴᠢᠶᠠᠯ ᠤᠷᠤᠬᠤ ᠪᠤᠯᠤᠨ᠎ᠠ᠃ ᠤᠷᠠᠨ ᠪᠢᠴᠢᠯᠭᠡ ᠶᠢᠨ ᠠᠩᠬᠢ ᠠᠴᠠ ᠭᠠᠷᠴᠤ ᠢᠷᠡᠭᠡᠳ  ᠮᠤᠩᠭᠤᠯ  ᠬᠡᠯᠡᠨ ᠤ ᠠᠩᠬᠢ ᠳᠤ ᠬᠦᠷᠬᠦ ᠳᠤ ᠠᠳᠠᠯᠢᠬᠠᠨ ᠨᠡᠶᠢᠳᠡ ᠶᠢᠨ ᠲᠦᠯᠦᠭᠡᠨ᠎ᠡ ᠵᠢᠳᠭᠦᠵᠤ ᠶᠠᠪᠤᠭ᠎ᠠ ᠰᠠᠶᠢᠨ ᠲᠤᠷ᠎ᠠ ᠶᠢᠨ ᠪᠠᠭᠰᠢ ᠠᠯᠳᠠᠨᠳᠤᠶᠠᠭ᠎ᠠ ᠶᠠᠭ ᠡᠬᠡ ᠬᠡᠯᠡ ᠮᠢᠨᠢ ᠬᠡᠬᠦ ᠰᠢᠯᠦᠭ ᠵᠢᠭᠠᠵᠤ ᠪᠠᠶᠢᠯ᠎ᠠ᠃ ᠪᠠᠭ᠎ᠠ ᠠᠩᠬᠢ ᠶᠢᠨ ᠵᠢᠭᠠᠯ ᠤᠳ᠄ ︽ᠠᠪᠤ  ᠡᠵᠢ ᠠᠴᠠ  ᠰᠤᠶᠤᠷᠬᠠᠭᠰᠠᠨ  ᠠᠮᠢᠨ ᠰᠠᠬᠢᠶ᠎ᠠ ᠡᠬᠡ ᠬᠡᠯᠡ ᠮᠢᠨᠢ᠁︾ ᠭᠡᠵᠤ ᠤᠩᠰᠢᠯᠭ᠎ᠠ ᠶᠢᠨ ᠦᠷᠦᠭᠡ ᠶᠢ ᠡᠷᠭᠦᠭᠡᠳ  ᠠᠪᠤᠮᠠᠷ  ᠬᠠᠩᠭᠢᠨᠠᠭᠤᠯᠬᠤ ᠳᠤ  ᠬᠠᠵᠠᠭᠤ ᠳᠤᠨᠢ ᠰᠠᠭᠤᠭ᠎ᠠ ᠠᠪᠤ ᠡᠵᠢ᠂ ᠬᠠᠷᠠᠭᠠᠳ ᠪᠠᠶᠠᠰᠬᠤ ᠪᠠᠭᠰᠢ ᠨᠠᠷ ᠨᠢ ᠠᠯᠠᠭ᠎ᠠ ᠳᠠᠰᠢᠨ ᠤᠷᠮ᠎ᠠ ᠨᠠᠮᠡᠨ᠎ᠠ᠃                   ᠡᠬᠡ ᠬᠡᠯᠡ ᠪᠤᠯ ᠡᠨᠡ ᠲᠡᠯᠡᠬᠡᠢ ᠳᠤ ᠰᠤᠨᠤᠰᠤᠬᠰᠠᠨ ᠬᠠᠮᠤᠭ ᠤᠨ ᠠᠩᠬᠠᠨ ᠤ ᠪᠦᠪᠡᠢ ᠶᠢᠨ  ᠲᠠᠭᠤᠤ᠂  ᠡᠬᠡ ᠬᠡᠯᠡ  ᠪᠤᠯ ᠡᠷᠳᠡᠮ ᠤᠨ  ᠤᠭᠳᠠᠷᠭᠤᠢ ᠳᠤ  ᠳᠡᠭᠦᠯᠢᠬᠦ  ᠬᠦᠴᠦᠳᠦ  ᠳᠠᠯᠠᠪᠴᠢ᠂  ᠡᠬᠡ  ᠬᠡᠯᠡ  ᠪᠤᠯ  ᠡᠨᠡ  ᠬᠤᠷᠸ᠎ᠠ ᠳᠤ  ᠦᠪᠡᠷ ᠤᠨ ᠬᠦᠭ ᠠᠶᠠᠰ ᠢᠶᠠᠷ ᠢᠶᠠᠨ ᠡᠭᠡᠰᠢᠭᠯᠡᠬᠦ ᠳᠡᠭᠷᠢᠯᠢᠭ ᠠᠶᠠᠰ᠂ ᠡᠬᠡ ᠬᠡᠯᠡ ᠪᠤᠯ ᠤᠷᠬᠢᠵᠦ ᠪᠤᠯᠤᠰᠢ  ᠦᠭᠡᠢ  ᠦᠪ  ᠰᠤᠶᠤᠯ  ᠮᠦᠨ᠃ ᠡᠶᠢᠮᠦ ᠪᠤᠯᠬᠤᠷ ᠡᠨᠡ ᠡᠳᠦᠷ ᠠᠳᠡ ᠴᠤᠭᠯᠠᠷᠠᠭᠰᠠᠨ ᠬᠦᠮᠤᠨ ᠪᠤᠯᠭᠠᠨ ᠡᠬᠡ  ᠬᠡᠯᠡ ᠪᠠᠨ  ᠬᠠᠶᠢᠷᠠᠯᠠᠶ᠎ᠠ᠂  ᠨᠠᠨᠳᠢᠩᠨᠠᠶ᠎ᠠ᠂  ᠡᠬᠡ  ᠬᠡᠯᠡ ᠪᠠᠨ ᠤᠯᠠᠮᠵᠢᠯᠠᠵᠤ ᠬᠦᠭᠵᠢᠭᠦᠯᠵᠤ ᠶᠠᠪᠤᠶ᠎ᠠ ᠭᠡᠮᠡᠨ ᠤᠷᠢᠶᠠᠯᠠᠵᠠᠭᠠᠵᠤ ᠪᠠᠶᠢᠯ᠎ᠠ᠁
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号