ᠬᠠᠪᠤᠷ ᠪᠡᠶ᠎ᠡ ᠰᠤᠪᠢᠯᠠᠬᠤ ᠳᠤ ᠬᠤᠤᠷ ᠭᠠᠳᠠᠭᠰᠢᠯᠠᠭᠤᠯᠬᠤ ᠳᠤ ᠬᠠᠮᠤᠭ ᠤᠨ ᠲᠤᠰᠠᠳᠠᠢ ᠲᠦᠷᠪᠡᠨ ᠵᠦᠢᠯ ᠤᠨ ᠠᠷᠭ᠎ᠠ
ᠨᠡᠶᠢᠲᠡᠯᠡᠭᠰᠡᠨ ᠴᠠᠭ᠄
2017/2/27
       ᠬᠠᠪᠤᠷ ᠶᠠᠭᠠᠬᠢᠵᠦ ᠬᠠᠯᠠᠭᠤᠳᠠᠬᠤ ᠶᠢ ᠰᠡᠷᠬᠡᠶᠢᠯᠡᠵᠦ᠂ ᠬᠠᠯᠠᠭᠤᠨ ᠢ ᠲᠠᠭᠤᠵᠦ᠂ ᠬᠤᠤᠷ ᠭᠠᠳᠠᠭᠰᠢᠯᠠᠭᠤᠯᠬᠤ ᠬᠠᠷᠠᠯᠳᠠ ᠳᠤ ᠬᠦᠷᠬᠦ ᠪᠤᠢ︖ ᠬᠡᠪᠡᠯ ᠬᠢᠳᠠᠳ ᠡᠮᠨᠡᠯᠬᠡ ᠡᠯᠳᠡᠪ ᠵᠦᠢᠯ ᠤᠨ ᠠᠷᠭ᠎ᠠ ᠪᠠᠷ ᠪᠡᠶ᠎ᠡ ᠮᠠᠬᠠᠪᠤᠳ ᠲᠠᠬᠢ ᠬᠤᠤᠷᠳᠤ ᠡᠳ᠋ ᠢ ᠭᠠᠳᠠᠭᠰᠢᠯᠠᠭᠤᠯᠪᠠᠯ ᠬᠦᠮᠦᠨ ᠰᠠᠶ᠋ᠢ ᠡᠷᠡᠬᠦᠯ ᠮᠡᠨᠳᠦ ᠪᠠᠨ ᠰᠡᠷᠬᠦᠬᠡᠵᠦ᠂ ᠴᠤᠭ ᠵᠤᠯᠢ ᠲᠠᠢ ᠪᠠᠶᠢᠵᠦ ᠴᠢᠳᠠᠨ᠎ᠠ ᠬᠡᠵᠦ ᠦᠵᠡᠳᠡᠭ᠃        ᠨᠢᠬᠡ᠂ ᠤᠰᠤ ᠢᠯᠡᠬᠦᠤ ᠤᠤᠭᠤᠨ᠎ᠠ᠃ ᠢᠯᠭᠠᠷᠠᠭᠤᠯᠬᠤ ᠪᠤᠯ ᠪᠡᠶ᠎ᠡ ᠮᠠᠬᠠᠪᠤᠳ ᠤᠨ ᠬᠤᠤᠷ ᠭᠠᠳᠠᠭᠰᠢᠯᠠᠭᠤᠯᠬᠤ ᠴᠢᠬᠤᠯᠠ ᠠᠷᠭ᠎ᠠ ᠶᠢᠨ ᠨᠢᠬᠡ᠂ ᠡᠳᠦᠷ ᠪᠤᠯᠭᠠᠨ ᠬᠤᠶᠠᠷ ᠯᠢᠲᠷ ᠤᠰᠤ ᠤᠤᠭᠤᠬᠤ ᠨᠢ ᠪᠡᠶ᠎ᠡ ᠶᠢᠨ ᠲᠤᠳᠤᠭᠠᠳᠤ ᠳᠠᠬᠢ ᠬᠤᠤᠷᠳᠤ ᠡᠳ᠋ ᠢ ᠤᠬᠢᠶᠠᠨ ᠴᠡᠪᠡᠷᠯᠡᠵᠦ᠂ ᠪᠦᠬᠡᠷᠡᠨ ᠤ ᠲᠠᠷᠤᠭᠠᠰᠤ ᠶᠢ ᠬᠦᠡᠭᠬᠡᠯᠡᠨ᠂ ᠬᠤᠤᠷ ᠭᠠᠳᠠᠭᠰᠢᠯᠠᠭᠤᠯᠬᠤ ᠬᠠᠮᠤᠭ ᠤᠨ ᠲᠦᠬᠦᠮ ᠠᠷᠭ᠎ᠠ ᠪᠤᠯᠬᠤ ᠶᠤᠮ᠃        ᠬᠤᠶᠠᠷ᠂ ᠲᠤᠭᠳᠠᠭᠰᠠᠨ ᠬᠤᠭᠤᠴᠠᠭ᠎ᠠ ᠲᠠᠢ ᠪᠠᠷ ᠡᠪᠡᠷᠯᠢᠭ ᠡᠳ᠋ ᠢ ᠠᠷᠢᠯᠭᠠᠨ᠎ᠠ᠃ ᠠᠷᠠᠰᠦ ᠮᠢᠬᠠᠨ ᠤ ᠬᠦᠷᠦᠰᠦᠨ ᠳᠠᠬᠢ ᠦᠳᠡᠯᠦᠭᠰᠡᠨ ᠡᠪᠡᠷᠯᠢᠭ ᠡᠳ᠋ ᠦᠰᠦᠨ ᠤ ᠰᠦᠪᠡ ᠪᠠᠷ ᠰᠤᠯᠢᠯᠴᠠᠭᠠᠨ ᠤ ᠬᠤᠤᠷᠳᠤ ᠡᠳ᠋ ᠭᠠᠳᠠᠭᠰᠢᠯᠠᠬᠤ ᠶᠢ ᠬᠠᠷᠰᠢᠯᠠᠳᠠᠭ᠃ ᠲᠡᠶᠢᠨᠬᠦ᠂ ᠡᠪᠡᠷᠯᠢᠭ ᠡᠳ᠋ ᠢ ᠲᠤᠭᠳᠠᠭᠰᠠᠨ ᠬᠤᠭᠤᠴᠠᠭ᠎ᠠ ᠲᠠᠢ ᠠᠷᠢᠯᠭᠠᠪᠠᠯ᠂ ᠠᠷᠠᠰᠦ ᠬᠦᠷᠦᠰᠦᠨ ᠤ ᠰᠤᠯᠢᠯᠴᠠᠭᠠᠨ ᠤ ᠴᠢᠳᠠᠪᠤᠷᠢ ᠶᠢᠨ ᠬᠡᠪ ᠤᠨ ᠪᠠᠶᠢᠳᠠᠯ ᠢ ᠪᠠᠳᠤᠯᠠᠵᠦ ᠴᠢᠳᠠᠨ᠎ᠠ᠃        ᠭᠤᠷᠪᠠ᠂ ᠠᠭᠤᠷ ᠤᠨ ᠤᠬᠢᠶᠠᠯᠭ᠎ᠠ ᠬᠢᠨ᠎ᠡ᠃ ᠭᠠᠷᠠᠭ ᠪᠤᠯᠭᠠᠨ ᠨᠢᠬᠡ ᠤᠳᠠᠭ᠎ᠠ ᠠᠭᠤᠷ ᠤᠨ ᠤᠬᠢᠶᠠᠯᠭ᠎ᠠ ᠬᠢᠪᠡᠯ ᠰᠢᠨ᠎ᠡ ᠬᠠᠭᠤᠴᠢᠨ ᠤ ᠰᠤᠯᠢᠯᠴᠠᠭ᠎ᠠ ᠲᠦᠷᠬᠡᠰᠴᠦ᠂ ᠬᠤᠤᠷ ᠭᠠᠳᠠᠭᠰᠢᠯᠠᠨ᠂ ᠦᠡᠭᠬᠡ ᠵᠢᠰᠦ ᠭᠤᠸᠠᠵᠢᠨ᠎ᠠ᠃ ᠠᠭᠤᠷ ᠤᠨ ᠤᠬᠢᠶᠠᠯᠭ᠎ᠠ ᠬᠢᠬᠦ ᠳᠡᠭᠡᠨ ᠤᠰᠤ ᠤᠤᠭᠤᠬᠤ ᠶᠢ ᠠᠩᠬᠠᠷᠤᠨ᠎ᠠ᠃ ᠤᠷᠢᠳᠠᠪᠡᠷ ᠨᠢᠬᠡ ᠴᠤᠮᠤ ᠤᠰᠤ ᠤᠤᠭᠤᠪᠠᠯ ᠬᠤᠤᠷ ᠲᠠᠭᠤᠭᠳᠠᠨ ᠲᠦᠷᠭᠡᠨ ᠭᠠᠳᠠᠭᠰᠢᠯᠠᠵᠦ᠂ ᠤᠬᠢᠶᠠᠯᠭ᠎ᠠ ᠶᠢᠨ ᠲᠠᠷᠠᠭ᠎ᠠ ᠨᠢᠬᠡ ᠴᠤᠮᠤ ᠤᠰᠤ ᠤᠤᠭᠤᠪᠠᠯ ᠪᠡᠶ᠎ᠡ ᠳᠤ ᠤᠰᠤ ᠨᠦᠬᠦᠭᠳᠡᠬᠦ ᠶᠢᠨ ᠲᠠᠭᠠᠤ ᠦᠯᠡᠳᠡᠭᠰᠡᠨ ᠬᠤᠤᠷ ᠢ ᠭᠠᠳᠠᠭᠰᠢᠯᠠᠭᠤᠯᠤᠨ᠎ᠠ᠃        ᠲᠦᠷᠪᠡ᠂ ᠢᠳᠡᠵᠦ ᠤᠤᠭᠤᠬᠤ ᠵᠠᠩᠰᠢᠯ ᠢᠶᠠᠨ ᠬᠤᠪᠢᠷᠠᠭᠤᠯᠤᠨ᠎ᠠ᠃ ᠲᠠᠷᠤᠢ ᠪᠠᠶᠢᠭᠠᠯᠢᠯᠢᠭ ᠢᠳᠡᠬᠡᠨ ᠢ ᠨᠠᠷᠢᠯᠢᠭ ᠪᠤᠯᠪᠠᠰᠤᠷᠠᠭᠤᠯᠤᠭᠰᠠᠨ ᠢᠳᠡᠬᠡᠨ ᠢᠶᠠᠷ ᠤᠷᠤᠯᠠᠭᠤᠯᠤᠨ᠎ᠠ᠃ ᠰᠢᠨ᠎ᠡ ᠰᠤᠷᠭᠤᠭ ᠵᠢᠮᠢᠰ ᠪᠤᠯ ᠴᠢᠩᠭ᠎ᠠ ᠴᠡᠪᠡᠷᠰᠢᠬᠦᠯᠬᠦ ᠦᠢᠯᠡᠳᠦᠯ ᠲᠠᠢ ᠢᠳᠡᠬᠡᠨ᠂ ᠬᠠᠨ ᠪᠤᠷᠭᠤᠴᠠᠢ᠂ ᠭᠠᠳᠢᠷ᠎ᠠ᠂ ᠠᠯᠢᠮ᠎ᠠ ᠵᠡᠷᠭᠡ ᠶᠢ ᠢᠳᠡᠬᠦ ᠨᠢ ᠪᠦᠷ ᠵᠦᠬᠡᠷ ᠰᠤᠩᠭᠤᠯᠳᠠ ᠪᠤᠯᠬᠤ ᠶᠤᠮ᠃ ᠬᠡᠷᠪᠡ ᠶᠡᠷᠤ ᠶᠢᠨ ᠦᠶ᠎ᠡ ᠳᠡᠭᠡᠨ ᠸᠢᠲ᠋ᠠᠮᠢᠨ ᠡᠯᠪᠡᠭ ᠠᠯᠠᠰᠢ ᠠᠮᠤ᠂ ᠢᠳᠡᠰᠢᠨ ᠨᠤᠭᠤᠭ᠎ᠠ᠂ ᠵᠢᠮᠢᠰ ᠵᠡᠷᠭᠡ ᠶᠢ ᠢᠯᠡᠬᠦᠤ ᠢᠳᠡᠪᠡᠯ ᠪᠦᠷ ᠬᠤᠳᠤᠭᠤᠳᠤ ᠬᠡᠳᠡᠰᠦᠨ ᠤ ᠬᠦᠷᠪᠡᠯᠵᠡᠯᠳᠡ ᠶᠢ ᠰᠠᠶᠢᠵᠢᠷᠠᠭᠤᠯᠵᠦ᠂ ᠬᠤᠷᠭᠤᠰᠤᠯᠠᠬᠤ ᠬᠡᠮ ᠢ ᠴᠦᠬᠡᠳᠬᠡᠨ᠎ᠡ᠃ ᠲᠡᠶᠢᠨᠬᠦ᠂ ᠨᠤᠭᠤᠭ᠎ᠠ ᠵᠢᠮᠢᠰ ᠢᠯᠡᠬᠦᠬᠡᠨ ᠢᠳᠡᠵᠦ᠂ ᠭᠠᠰᠢᠭᠤᠨ ᠭᠤᠱᠤᠭᠤᠨ ᠢᠳᠡᠬᠡᠨ ᠢ ᠲᠤᠳᠠᠭᠤ ᠢᠳᠡᠨ᠂ ᠤᠰᠤ ᠪᠤᠶᠤ ᠬᠠᠯᠠᠭᠤᠨ ᠢ ᠲᠠᠭᠤᠬᠤ ᠤᠮᠳᠠᠭᠠᠨ ᠢ ᠢᠯᠡᠬᠦᠬᠡᠨ ᠤᠤᠭᠤᠪᠠᠯ ᠪᠡᠶ᠎ᠡ ᠶᠢᠨ ᠲᠤᠳᠤᠭᠠᠳᠤ ᠳᠠᠬᠢ ︿︿ᠬᠠᠯᠠᠭᠤᠨ ᠡᠬᠦᠰᠬᠡᠭᠴᠢ ᠡᠳ᠋﹀﹀ ᠰᠢᠬᠡᠰᠦ ᠬᠦᠯᠦᠰᠦ ᠎ ᠪᠠᠷ ᠪᠡᠶ᠎ᠡ ᠠᠴᠠ ᠭᠠᠳᠠᠭᠰᠢᠯᠠᠬᠤ ᠶᠢ ᠠᠬᠢᠭᠤᠯᠳᠠᠭ ᠠᠴᠠ ᠬᠠᠯᠠᠭᠤᠨ ᠢ ᠲᠠᠭᠤᠨ᠂ ᠬᠤᠤᠷ ᠢ ᠭᠠᠳᠠᠭᠰᠢᠯᠠᠭᠤᠯᠬᠤ ᠵᠤᠷᠢᠯᠭ᠎ᠠ ᠳᠤ ᠬᠦᠷᠴᠦ ᠴᠢᠳᠠᠨ᠎ᠠ᠃                                                                  ᠢᠷᠭᠤᠢ
 
ᠢᠷᠡᠯᠲᠡ᠄ ᠲᠦᠪ ᠶᠢᠨ ᠲᠧᠯᠸᠢᠰ ᠤᠨ ᠮᠡᠳᠡᠭᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号