ᠭᠠᠷ ᠤᠲᠠᠰᠤ ᠶᠢ ᠵᠤᠬᠢᠰᠲᠠᠢ ᠬᠡᠷᠡᠭᠯᠡᠬᠦ ᠠᠷᠭ᠎ᠠ
ᠨᠡᠶᠢᠲᠡᠯᠡᠭᠰᠡᠨ ᠴᠠᠭ᠄
2017/3/1
        ᠭᠠᠷ ᠤᠲᠠᠰᠤ ᠪᠠᠨ ᠲᠤᠯᠤᠭᠠᠢ ᠠᠴᠠ ᠪᠠᠨ ᠵᠠᠶᠢᠲᠠᠢ ᠪᠠᠶᠢᠯᠭᠠᠬᠤ᠃ ᠭᠠᠷ ᠤᠲᠠᠰᠤ ᠲᠤᠯᠤᠭᠠᠢ ᠠᠴᠠ ᠬᠡᠳᠦᠢ ᠬᠤᠯᠠ ᠪᠠᠶᠢᠪᠠᠯ ᠬᠦᠮᠦᠨ ᠤ ᠶᠡᠭᠡ ᠲᠠᠷᠢᠬᠢᠨ ᠤ ᠬᠦᠯᠢᠶᠡᠬᠦ ᠰᠠᠴᠤᠷᠠᠭ ᠨᠢ ᠲᠡᠳᠦᠢ ᠪᠠᠭ᠎ᠠ᠂ ᠰᠤᠨᠤᠰᠤᠭᠤᠷ ᠢ ᠬᠡᠷᠡᠭᠯᠡᠬᠦ ᠨᠢ ᠰᠠᠴᠤᠷᠠᠭ ᠢ ᠪᠦᠷᠢᠮᠦᠰᠦᠨ ᠤᠰᠠᠳᠬᠠᠵᠤ ᠴᠢᠳᠠᠬᠤ ᠦᠭᠡᠢ ᠪᠤᠯᠪᠠᠴᠤ ᠬᠦᠮᠦᠨ ᠤ ᠪᠡᠶ᠎ᠡ ᠶᠢ ᠰᠠᠴᠤᠷᠠᠭ  ᠤᠨ ᠡᠬᠢ ᠠᠴᠠ ᠰᠠᠯᠭᠠᠬᠤ ᠤᠶᠢᠯᠡᠳᠦᠯ ᠲᠠᠢ᠃ ᠨᠤᠮᠧᠷ ᠢᠶᠠᠨ ᠤᠷᠤᠭᠤᠯᠤᠭᠰᠡᠨ ᠤ ᠳᠠᠷᠠᠭ᠎ᠠ ᠤᠲᠠᠰᠬᠢᠬᠡᠳ ᠰᠠᠶ᠋ᠢ ᠴᠢᠩᠨᠠᠬᠤ᠃ ᠤᠳᠠᠰᠤᠨ ᠤ ᠨᠤᠮᠧᠷ ᠢᠶᠠᠨ  ᠤᠷᠤᠭᠤᠯᠤᠭᠰᠠᠨ ᠤ ᠳᠠᠷᠠᠭ᠎ᠠ᠂ ᠳᠠᠷᠤᠢ ᠳᠤᠨᠢ ᠴᠢᠩᠨᠠᠪᠠᠯ ᠰᠠᠴᠤᠷᠠᠭ ᠤᠨ ᠬᠤᠤᠷᠳᠠᠯ ᠲᠤᠩ ᠶᠡᠭᠡ᠂ ᠬᠠᠷᠢᠨ ᠨᠡᠪᠲᠡᠷᠡᠭᠰᠡᠨ ᠳᠠᠭᠤ ᠭᠠᠷᠤᠭᠰᠡᠨ ᠤ ᠳᠠᠷᠠᠭ᠎ᠠ ᠰᠠᠶ᠋ᠢ ᠴᠢᠩᠨᠠᠪᠠᠯ ᠰᠠᠴᠤᠷᠠᠭ ᠤᠨ ᠬᠤᠤᠷᠳᠠᠯ ᠠᠴᠠ ᠵᠠᠶᠢᠯᠠᠰᠬᠢᠵᠤ ᠴᠢᠳᠠᠨ᠎ᠠ᠃ ᠴᠢᠳᠠᠬᠤ ᠶᠢᠨ ᠳᠤᠲᠤᠷ᠎ᠠ ᠲᠤᠭᠲᠠᠮᠠᠯ ᠤᠲᠠᠰᠤ ᠶᠢ ᠬᠡᠷᠡᠭᠯᠡᠬᠦ᠃ ᠲᠤᠭᠲᠠᠮᠠᠯ ᠤᠲᠠᠰᠤ ᠲᠠᠢ ᠪᠠᠶᠢᠲᠠᠯ ᠲᠤᠤᠷ᠎ᠠ ᠭᠠᠷ ᠤᠲᠠᠰᠤ ᠬᠡᠷᠡᠭᠯᠡᠬᠦ ᠦᠭᠡᠢ ᠪᠤᠯ ᠭᠠᠷ ᠤᠲᠠᠰᠤᠨ ᠤ ᠰᠠᠴᠤᠷᠠᠭ ᠤᠨ ᠬᠤᠤᠷᠳᠠᠯ ᠠᠴᠠ ᠵᠠᠶᠢᠯᠠᠰᠬᠢᠵᠤ ᠴᠢᠳᠠᠨ᠎ᠠ᠃ ᠴᠠᠬᠢᠯᠭᠠᠨ ᠱᠠᠲᠦ᠂ ᠲᠡᠷᠭᠡ ᠤᠨᠤᠭ᠎ᠠ᠂ ᠬᠡᠷᠡᠮ ᠤᠨ ᠪᠤᠯᠤᠩ ᠵᠡᠷᠭᠡ ᠢᠪᠴᠤᠤ ᠪᠢᠲᠡᠭᠦᠦ ᠭᠠᠵᠠᠷ ᠭᠠᠷ ᠤᠲᠠᠰᠤ ᠬᠡᠷᠡᠭᠯᠡᠬᠦ ᠠᠴᠠ ᠵᠠᠶᠢᠯᠠᠰᠬᠢᠬᠦ᠂ ᠡᠳᠡᠭᠡᠷ ᠪᠢᠲᠡᠭᠦᠦ ᠤᠷᠴᠢᠨ ᠳᠤ ᠭᠠᠷ ᠤᠲᠠᠰᠤᠨ ᠤ ᠲᠤᠬᠢᠶ᠎ᠠ ᠲᠤᠩ ᠲᠤᠷᠤᠢ ᠲᠤᠯᠠ ᠭᠠᠷ ᠤᠲᠠᠰᠤᠨ ᠤ ᠰᠠᠴᠤᠷᠠᠭ ᠤᠨ ᠬᠤᠤᠷᠳᠠᠯ ᠬᠠᠮᠤᠭ ᠶᠡᠭᠡ ᠪᠠᠶᠢᠳᠠᠭ᠃            ᠭᠠᠷ ᠤᠲᠠᠰᠤ ᠨᠡᠪᠲᠡᠷᠡᠭᠦ ᠴᠠᠭ ᠢᠶᠠᠨ ᠪᠠᠭᠠᠰᠬᠠᠬᠤ᠃ ᠭᠠᠷ ᠤᠲᠠᠰᠤ ᠪᠠᠷ ᠦᠭᠡ ᠨᠡᠪᠲᠡᠷᠡᠬᠦ ᠦᠶᠡᠰ ᠬᠠᠷᠢᠯᠴᠠᠬᠤ ᠬᠤᠭᠤᠴᠠᠭ᠎ᠠ ᠬᠡᠲᠤᠢ ᠤᠷᠲᠤ ᠪᠤᠯ ᠬᠦᠮᠦᠨ ᠤ ᠪᠡᠶ᠎ᠡ ᠶᠢᠨ ᠬᠦᠯᠢᠶᠡᠬᠦ ᠰᠠᠴᠤᠷᠠᠭ ᠤᠨ ᠬᠤᠤᠷᠳᠠᠯ ᠨᠢ ᠤᠯᠠᠮ ᠶᠡᠭᠡ ᠪᠠᠶᠢᠳᠠᠭ᠃            ᠤᠨᠲᠠᠬᠤ ᠦᠶᠡᠰ ᠭᠠᠷ ᠤᠲᠠᠰᠤ ᠪᠠᠨ ᠲᠡᠷ᠎ᠡ ᠶᠢᠨ ᠬᠠᠵᠠᠭᠤ ᠳᠤ ᠲᠠᠯᠪᠢᠬᠤ ᠦᠭᠡᠢ ᠪᠠᠶᠢᠬᠤ᠃ ᠭᠠᠷ ᠤᠲᠠᠰᠤᠨ ᠤ ᠰᠠᠴᠤᠷᠠᠭ ᠨᠢ ᠬᠦᠮᠦᠨ ᠤ ᠪᠡᠶ᠎ᠡ ᠶᠢᠨ ᠬᠤᠤᠷ᠎ᠠ ᠶᠢ ᠲᠠᠶᠢᠯᠠᠬᠤ ᠬᠤᠷᠮᠤᠨ ᠱᠦᠭᠦᠷᠡᠭᠦᠯᠬᠦ ᠬᠡᠮᠵᠢᠶ᠎ᠡ ᠶᠢ ᠪᠠᠭᠠᠰᠬᠠᠵᠦ᠂ ᠤᠨᠲᠠᠯᠭ᠎ᠠ ᠶᠢᠨ ᠴᠢᠨᠠᠷ ᠢ ᠮᠠᠭᠤᠲᠠᠭᠤᠯᠲᠠᠭ᠃
 
ᠢᠷᠡᠯᠲᠡ᠄ ᠦᠢᠯᠡᠰ ᠤᠨ ᠬᠤᠯᠪᠤᠭ᠎ᠠ ᠪᠦᠷᠬᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号