ᠬᠠᠪᠤᠷ ᠤᠨ ᠲᠦᠯ ᠤᠨ ᠠᠵᠢᠯ ᠳᠠᠭᠠᠨ ᠰᠢᠭᠤᠷᠬᠠᠢᠢᠯᠠᠶ᠎ᠠ
ᠨᠡᠶᠢᠲᠡᠯᠡᠭᠰᠡᠨ ᠴᠠᠭ᠄
2017-03-13
            ︽ᠬᠠᠪᠤᠷ ᠤᠨ ᠲᠡᠭᠷᠢ ᠬᠠᠭᠠᠰ ᠲᠠᠢ ᠬᠤᠭᠤᠰ ᠲᠠᠢ︾ ᠭᠡᠳᠡᠭ ᠢᠶᠠᠷ ᠮᠠᠯᠴᠢᠳ ᠮᠠᠨᠢ ᠬᠠᠪᠤᠷ ᠤᠨ ᠲᠦᠯ  ᠲᠤᠰᠬᠤ ᠳᠠᠭᠠᠨ ᠡᠷᠳᠡᠯᠡᠵᠦ ᠤᠷᠦ᠋ᠢᠯᠠᠨ ᠠᠵᠢᠯᠯᠠᠵᠦ᠂ ᠡᠪᠡᠰᠥ ᠪᠤᠷᠳᠤᠭ᠎ᠠ᠂ ᠫᠸᠡᠭ ᠬᠤᠷᠤᠭ᠎ᠠ ᠶᠢᠨ ᠨᠦᠬᠦᠴᠡᠯ ᠢᠶᠠᠨ  ᠪᠦᠷᠢᠳᠥᠬᠦᠯᠵᠥ᠂ ᠮᠠᠯᠵᠢᠯ ᠤᠨ ᠠᠷᠭ᠎ᠠ ᠲᠤᠷᠰᠢᠯᠭ᠎ᠠ ᠪᠠᠷ ᠢᠶᠠᠨ ᠲᠤᠯᠭᠠᠷᠠᠬᠰᠠᠨ ᠬᠥᠴᠢᠷ ᠪᠡᠷᠭᠡ ᠶᠢ ᠵᠤᠷᠢᠭᠳᠠᠢ  ᠲᠤᠭᠤᠯᠵᠦ ᠭᠠᠷᠬᠤ ᠭᠡᠷᠡᠭᠳᠡᠢ᠃ ᠬᠠᠪᠤᠷ ᠲᠠᠭᠠᠨ ᠢᠯᠡᠬᠦᠦ ᠨᠢᠭᠡ ᠲᠦᠯ ᠪᠤᠶᠢᠵᠢᠭᠤᠯᠪᠠᠯ ᠨᠠᠮᠤᠷ ᠲᠠᠭᠠᠨ ᠶᠡᠭᠡ ᠠᠰᠢᠭ  ᠤᠯᠤᠨ᠎ᠠ᠃ ᠤᠳᠤ ᠬᠠᠪᠤᠷ ᠤᠨ ᠦᠡᠭᠭᠡ ᠰᠠᠶᠢᠬᠠᠨ᠂ ᠲᠤᠯᠠᠭᠠᠨ ᠲᠠᠭᠠᠯᠠᠮᠵᠢᠳᠠᠢ᠂ ᠲᠦᠯ ᠲᠤᠰᠬᠤ ᠳᠤ ᠲᠠᠭᠠᠷᠠᠵᠦ  ᠪᠡᠭᠡᠷᠡᠬᠦ ᠦᠭᠡᠢ ᠲᠠᠭᠠᠳᠠᠢ ᠪᠠᠶᠢᠨ᠎ᠠ᠂ ᠭᠡᠪᠡᠴᠦ ᠪᠢᠳᠡ ᠰᠤᠨᠤᠷ ᠰᠡᠷᠡᠮᠵᠢ ᠪᠠᠨ ᠠᠯᠳᠠᠵᠦ ᠪᠤᠯᠬᠤ ᠦᠭᠡᠢ᠂ ᠬᠠᠪᠤᠷ ᠤᠨ  ᠬᠠᠷ᠎ᠠ ᠰᠠᠯᠬᠢᠨ ᠬᠦᠳᠡᠯᠵᠦ᠂ ᠭᠡᠨᠡᠳᠳᠡ ᠬᠦᠢᠳᠡᠷᠡᠬᠦ ᠵᠡᠷᠭᠡ ᠪᠠᠶᠢᠳᠠᠯ ᠭᠠᠷᠪᠠᠯ ᠠᠷᠭᠠᠴᠠᠵᠦ ᠲᠡᠶᠢᠯᠬᠦ ᠪᠠᠷ ᠪᠡᠯᠡᠳᠭᠡᠯ  ᠠᠵᠢᠯ ᠢᠶᠠᠨ ᠰᠠᠶᠢᠳᠤᠷ ᠬᠢᠪᠡᠯ ᠵᠤᠬᠢᠨ᠎ᠠ᠃                ᠬᠠᠪᠤᠷ ᠤᠨ ᠤᠯᠠᠷᠢᠯ ᠨᠢ ᠬᠦᠢᠳᠡᠨ ᠬᠠᠯᠠᠭᠤᠨ ᠲᠡᠭᠰᠢ ᠦᠭᠡᠢ᠂ ᠬᠢᠵᠢᠭ ᠭᠡᠮ ᠠᠮᠠᠷᠬᠠᠨ ᠡᠬᠦᠰᠳᠡᠭ ᠤᠯᠠᠷᠢᠯ  ᠪᠤᠯᠬᠤᠷ ᠲᠦᠯ ᠮᠠᠯ ᠤᠨ ᠢᠶᠠᠨ ᠭᠡᠪᠳᠡᠷᠢ ᠶᠢ ᠲᠤᠯᠠᠭᠠᠯᠠᠵᠦ᠂ ᠡᠪᠡᠰᠦ ᠪᠤᠷᠳᠤᠭ᠎ᠠ ᠶᠢ ᠲᠡᠩᠴᠡᠬᠦᠯᠵᠦ ᠰᠠᠶᠢᠬᠠᠨ  ᠠᠷᠠᠴᠢᠯᠠᠵᠦ ᠮᠠᠯᠵᠢᠬᠤ ᠭᠡᠷᠡᠭᠳᠡᠢ᠃ ︽ᠲᠤᠨᠳᠠᠭᠤᠷ ᠢᠳᠡᠰᠢ ᠲᠤᠯᠠᠭᠠᠨ ᠭᠡᠪᠳᠡᠷᠢ︾ ᠭᠡᠳᠡᠭ᠃ ᠪᠢᠳᠡ ᠲᠦᠯ  ᠮᠠᠯ ᠤᠨ ᠢᠶᠠᠨ ᠭᠡᠪᠳᠡᠷᠢ ᠶᠢ ᠴᠡᠪᠡᠷᠯᠡᠵᠦ᠂ ᠭᠡᠵᠢᠶᠡᠳᠡ ᠬᠠᠭᠤᠷᠠᠢ ᠲᠠᠭᠠᠯᠠᠮᠵᠢᠳᠠᠢ ᠪᠠᠶᠢᠯᠭᠠᠵᠦ᠂ ᠲᠦᠯᠯᠡᠬᠦ ᠮᠠᠯ ᠢᠶᠠᠨ  ᠴᠠᠭ ᠲᠠᠢ ᠭᠡᠮᠵᠢᠶ᠎ᠠ ᠲᠠᠢ ᠲᠡᠵᠢᠭᠡᠵᠦ ᠲᠠᠷᠭᠤ ᠬᠥᠴᠥ ᠶᠢ ᠪᠠᠳᠤᠯᠠᠬᠤ ᠵᠢᠴᠢ ᠲᠦᠯᠯᠡᠬᠦ ᠴᠠᠭ ᠬᠤᠭᠤᠴᠠᠭ᠎ᠠ ᠶᠢ  ᠰᠠᠶᠢᠳᠤᠷ ᠠᠩᠬᠠᠷᠴᠦ᠂ ᠲᠦᠯ ᠮᠠᠯ ᠳᠠᠭᠠᠨ ᠰᠠᠶᠢᠨ ᠨᠦᠬᠦᠴᠡᠯ ᠡᠬᠦᠳᠴᠦ ᠦᠭᠬᠦ ᠭᠡᠷᠡᠭᠳᠡᠢ᠃ ᠤᠳᠤ ᠠᠶᠢᠯ ᠡᠷᠦᠭᠡ  ᠪᠤᠯᠭᠠᠨ ᠲᠤᠯᠠᠭᠠᠨ ᠫᠸᠡᠭ ᠲᠠᠢ ᠪᠤᠯᠵᠦ᠂ ᠨᠡᠯᠢᠶᠡᠳ ᠲᠦᠬᠦᠮ ᠪᠤᠯᠤᠭᠰᠠᠨ ᠪᠤᠯᠪᠠᠴᠦ ᠦᠷᠯᠦᠭᠡ ᠦᠳᠡᠰᠢ ᠶᠢᠨ  ᠬᠦᠢᠳᠡᠨ ᠳᠤ ᠬᠤᠷᠠᠭ᠎ᠠ ᠬᠦᠯᠳᠡᠵᠦ ᠤᠰᠤᠭᠤᠬᠤ᠂ ᠴᠢᠴᠠᠭ᠎ᠠ ᠠᠯᠳᠠᠬᠤ ᠵᠡᠷᠭᠡ ᠪᠠᠶᠢᠳᠠᠯ ᠪᠠᠶᠢᠡᠭᠭᠤ ᠭᠠᠷᠴᠦ᠂  ᠭᠤᠯᠤᠩᠬᠠᠢ ᠲᠦᠯ ᠴᠦ ᠭᠠᠷᠳᠠᠭ ᠪᠠᠶᠢᠨ᠎ᠠ᠃ ᠬᠠᠰᠢᠷ ᠮᠠᠯᠴᠢᠳ ᠮᠠᠯᠵᠢᠬᠤ ᠦᠢᠯᠡᠳᠪᠦᠷᠢᠯᠡᠯ ᠤᠨ  ᠲᠤᠷᠰᠢᠯᠭ᠎ᠠ ᠪᠠᠷ ᠢᠶᠠᠨ ᠠᠮᠠᠷᠬᠠᠨ ᠠᠷᠭᠠᠴᠠᠵᠦ ᠲᠠᠶᠢᠯᠳᠡᠭ ᠪᠠᠶᠢᠬᠤ ᠳᠤ ᠵᠠᠯᠠᠭᠤ ᠮᠠᠯᠴᠢᠳ ᠶᠠᠭᠠᠬᠢᠵᠦ ᠢᠢᠬᠦ ᠪᠠᠨ  ᠤᠯᠬᠤ ᠦᠭᠡᠢ ᠭᠠᠷ ᠨᠤᠬᠤᠯᠠᠨ ᠭᠠᠴᠢᠭᠳᠠᠳᠠᠭ᠃ ᠮᠠᠯᠴᠢᠨ ᠬᠦᠮᠤᠨ ᠮᠠᠯ ᠤᠨᠤᠭ᠎ᠠ ᠪᠠᠨ ᠬᠠᠶᠢᠷᠠᠯᠠᠵᠥ᠂ ᠮᠠᠯᠵᠢᠯ ᠤᠨ  ᠲᠤᠷᠰᠢᠯᠭ᠎ᠠ ᠬᠤᠷᠠᠮᠳᠤᠭᠤᠯᠵᠦ᠂ ᠠᠷᠠᠴᠢᠯᠠᠭ᠎ᠠ ᠮᠠᠯᠵᠢᠯᠭ᠎ᠠ ᠶᠢᠨ ᠲᠤᠬᠠᠢ ᠮᠡᠳᠡᠯᠭᠡ ᠮᠡᠷᠭᠡᠵᠢᠯ ᠢ ᠠᠮᠢᠳᠤᠷᠠᠯ ᠤᠨ  ᠲᠤᠮᠳᠠ ᠪᠠᠨ ᠵᠦᠪ ᠡᠵᠡᠮᠰᠢᠪᠡᠯ ᠬᠠᠪᠤᠷ ᠤᠨ ᠭᠠᠴᠢᠭ᠂ ᠬᠢᠵᠢᠭ ᠭᠡᠮ ᠢ ᠨᠡᠩ ᠰᠠᠶᠢᠳᠤᠷ ᠠᠷᠭᠠᠴᠠᠵᠦ᠂ ᠲᠦᠯ  ᠮᠠᠯ ᠤᠨ ᠬᠤᠬᠢᠷᠠᠯ ᠰᠦᠢᠳᠦᠯ ᠢ ᠬᠠᠮᠤᠭ ᠶᠡᠭᠡ ᠭᠡᠮᠵᠢᠶ᠎ᠠ ᠪᠠᠷ ᠬᠢᠵᠠᠭᠠᠷᠯᠠᠵᠥ ᠴᠢᠳᠠᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号