︽ᠬᠠᠪᠤᠷ ᠤᠨ ᠲᠡᠭᠷᠢ ᠬᠠᠭᠠᠰ ᠲᠠᠢ ᠬᠤᠭᠤᠰ ᠲᠠᠢ︾ ᠭᠡᠳᠡᠭ ᠢᠶᠠᠷ ᠮᠠᠯᠴᠢᠳ ᠮᠠᠨᠢ ᠬᠠᠪᠤᠷ ᠤᠨ | ᠲᠦᠯ ᠲᠤᠰᠬᠤ ᠳᠠᠭᠠᠨ ᠡᠷᠳᠡᠯᠡᠵᠦ ᠤᠷᠦ᠋ᠢᠯᠠᠨ ᠠᠵᠢᠯᠯᠠᠵᠦ᠂ ᠡᠪᠡᠰᠥ ᠪᠤᠷᠳᠤᠭ᠎ᠠ᠂ ᠫᠸᠡᠭ ᠬᠤᠷᠤᠭ᠎ᠠ ᠶᠢᠨ | ᠨᠦᠬᠦᠴᠡᠯ ᠢᠶᠠᠨ ᠪᠦᠷᠢᠳᠥᠬᠦᠯᠵᠥ᠂ ᠮᠠᠯᠵᠢᠯ ᠤᠨ ᠠᠷᠭ᠎ᠠ ᠲᠤᠷᠰᠢᠯᠭ᠎ᠠ ᠪᠠᠷ ᠢᠶᠠᠨ ᠲᠤᠯᠭᠠᠷᠠᠬᠰᠠᠨ ᠬᠥᠴᠢᠷ ᠪᠡᠷᠭᠡ ᠶᠢ | ᠵᠤᠷᠢᠭᠳᠠᠢ ᠲᠤᠭᠤᠯᠵᠦ ᠭᠠᠷᠬᠤ ᠭᠡᠷᠡᠭᠳᠡᠢ᠃ ᠬᠠᠪᠤᠷ ᠲᠠᠭᠠᠨ ᠢᠯᠡᠬᠦᠦ ᠨᠢᠭᠡ ᠲᠦᠯ ᠪᠤᠶᠢᠵᠢᠭᠤᠯᠪᠠᠯ ᠨᠠᠮᠤᠷ ᠲᠠᠭᠠᠨ | ᠶᠡᠭᠡ ᠠᠰᠢᠭ ᠤᠯᠤᠨ᠎ᠠ᠃ ᠤᠳᠤ ᠬᠠᠪᠤᠷ ᠤᠨ ᠦᠡᠭᠭᠡ ᠰᠠᠶᠢᠬᠠᠨ᠂ ᠲᠤᠯᠠᠭᠠᠨ ᠲᠠᠭᠠᠯᠠᠮᠵᠢᠳᠠᠢ᠂ ᠲᠦᠯ ᠲᠤᠰᠬᠤ ᠳᠤ | ᠲᠠᠭᠠᠷᠠᠵᠦ ᠪᠡᠭᠡᠷᠡᠬᠦ ᠦᠭᠡᠢ ᠲᠠᠭᠠᠳᠠᠢ ᠪᠠᠶᠢᠨ᠎ᠠ᠂ ᠭᠡᠪᠡᠴᠦ ᠪᠢᠳᠡ ᠰᠤᠨᠤᠷ ᠰᠡᠷᠡᠮᠵᠢ ᠪᠠᠨ ᠠᠯᠳᠠᠵᠦ ᠪᠤᠯᠬᠤ ᠦᠭᠡᠢ᠂ | ᠬᠠᠪᠤᠷ ᠤᠨ ᠬᠠᠷ᠎ᠠ ᠰᠠᠯᠬᠢᠨ ᠬᠦᠳᠡᠯᠵᠦ᠂ ᠭᠡᠨᠡᠳᠳᠡ ᠬᠦᠢᠳᠡᠷᠡᠬᠦ ᠵᠡᠷᠭᠡ ᠪᠠᠶᠢᠳᠠᠯ ᠭᠠᠷᠪᠠᠯ ᠠᠷᠭᠠᠴᠠᠵᠦ ᠲᠡᠶᠢᠯᠬᠦ ᠪᠠᠷ | ᠪᠡᠯᠡᠳᠭᠡᠯ ᠠᠵᠢᠯ ᠢᠶᠠᠨ ᠰᠠᠶᠢᠳᠤᠷ ᠬᠢᠪᠡᠯ ᠵᠤᠬᠢᠨ᠎ᠠ᠃ | ᠬᠠᠪᠤᠷ ᠤᠨ ᠤᠯᠠᠷᠢᠯ ᠨᠢ ᠬᠦᠢᠳᠡᠨ ᠬᠠᠯᠠᠭᠤᠨ ᠲᠡᠭᠰᠢ ᠦᠭᠡᠢ᠂ ᠬᠢᠵᠢᠭ ᠭᠡᠮ ᠠᠮᠠᠷᠬᠠᠨ ᠡᠬᠦᠰᠳᠡᠭ | ᠤᠯᠠᠷᠢᠯ ᠪᠤᠯᠬᠤᠷ ᠲᠦᠯ ᠮᠠᠯ ᠤᠨ ᠢᠶᠠᠨ ᠭᠡᠪᠳᠡᠷᠢ ᠶᠢ ᠲᠤᠯᠠᠭᠠᠯᠠᠵᠦ᠂ ᠡᠪᠡᠰᠦ ᠪᠤᠷᠳᠤᠭ᠎ᠠ ᠶᠢ ᠲᠡᠩᠴᠡᠬᠦᠯᠵᠦ | ᠰᠠᠶᠢᠬᠠᠨ ᠠᠷᠠᠴᠢᠯᠠᠵᠦ ᠮᠠᠯᠵᠢᠬᠤ ᠭᠡᠷᠡᠭᠳᠡᠢ᠃ ︽ᠲᠤᠨᠳᠠᠭᠤᠷ ᠢᠳᠡᠰᠢ ᠲᠤᠯᠠᠭᠠᠨ ᠭᠡᠪᠳᠡᠷᠢ︾ ᠭᠡᠳᠡᠭ᠃ ᠪᠢᠳᠡ | ᠲᠦᠯ ᠮᠠᠯ ᠤᠨ ᠢᠶᠠᠨ ᠭᠡᠪᠳᠡᠷᠢ ᠶᠢ ᠴᠡᠪᠡᠷᠯᠡᠵᠦ᠂ ᠭᠡᠵᠢᠶᠡᠳᠡ ᠬᠠᠭᠤᠷᠠᠢ ᠲᠠᠭᠠᠯᠠᠮᠵᠢᠳᠠᠢ ᠪᠠᠶᠢᠯᠭᠠᠵᠦ᠂ ᠲᠦᠯᠯᠡᠬᠦ | ᠮᠠᠯ ᠢᠶᠠᠨ ᠴᠠᠭ ᠲᠠᠢ ᠭᠡᠮᠵᠢᠶ᠎ᠠ ᠲᠠᠢ ᠲᠡᠵᠢᠭᠡᠵᠦ ᠲᠠᠷᠭᠤ ᠬᠥᠴᠥ ᠶᠢ ᠪᠠᠳᠤᠯᠠᠬᠤ ᠵᠢᠴᠢ ᠲᠦᠯᠯᠡᠬᠦ ᠴᠠᠭ | ᠬᠤᠭᠤᠴᠠᠭ᠎ᠠ ᠶᠢ ᠰᠠᠶᠢᠳᠤᠷ ᠠᠩᠬᠠᠷᠴᠦ᠂ ᠲᠦᠯ ᠮᠠᠯ ᠳᠠᠭᠠᠨ ᠰᠠᠶᠢᠨ ᠨᠦᠬᠦᠴᠡᠯ ᠡᠬᠦᠳᠴᠦ ᠦᠭᠬᠦ ᠭᠡᠷᠡᠭᠳᠡᠢ᠃ | ᠤᠳᠤ ᠠᠶᠢᠯ ᠡᠷᠦᠭᠡ ᠪᠤᠯᠭᠠᠨ ᠲᠤᠯᠠᠭᠠᠨ ᠫᠸᠡᠭ ᠲᠠᠢ ᠪᠤᠯᠵᠦ᠂ ᠨᠡᠯᠢᠶᠡᠳ ᠲᠦᠬᠦᠮ ᠪᠤᠯᠤᠭᠰᠠᠨ ᠪᠤᠯᠪᠠᠴᠦ | ᠦᠷᠯᠦᠭᠡ ᠦᠳᠡᠰᠢ ᠶᠢᠨ ᠬᠦᠢᠳᠡᠨ ᠳᠤ ᠬᠤᠷᠠᠭ᠎ᠠ ᠬᠦᠯᠳᠡᠵᠦ ᠤᠰᠤᠭᠤᠬᠤ᠂ ᠴᠢᠴᠠᠭ᠎ᠠ ᠠᠯᠳᠠᠬᠤ ᠵᠡᠷᠭᠡ ᠪᠠᠶᠢᠳᠠᠯ | ᠪᠠᠶᠢᠡᠭᠭᠤ ᠭᠠᠷᠴᠦ᠂ ᠭᠤᠯᠤᠩᠬᠠᠢ ᠲᠦᠯ ᠴᠦ ᠭᠠᠷᠳᠠᠭ ᠪᠠᠶᠢᠨ᠎ᠠ᠃ ᠬᠠᠰᠢᠷ ᠮᠠᠯᠴᠢᠳ ᠮᠠᠯᠵᠢᠬᠤ | ᠦᠢᠯᠡᠳᠪᠦᠷᠢᠯᠡᠯ ᠤᠨ ᠲᠤᠷᠰᠢᠯᠭ᠎ᠠ ᠪᠠᠷ ᠢᠶᠠᠨ ᠠᠮᠠᠷᠬᠠᠨ ᠠᠷᠭᠠᠴᠠᠵᠦ ᠲᠠᠶᠢᠯᠳᠡᠭ ᠪᠠᠶᠢᠬᠤ ᠳᠤ ᠵᠠᠯᠠᠭᠤ ᠮᠠᠯᠴᠢᠳ | ᠶᠠᠭᠠᠬᠢᠵᠦ ᠢᠢᠬᠦ ᠪᠠᠨ ᠤᠯᠬᠤ ᠦᠭᠡᠢ ᠭᠠᠷ ᠨᠤᠬᠤᠯᠠᠨ ᠭᠠᠴᠢᠭᠳᠠᠳᠠᠭ᠃ ᠮᠠᠯᠴᠢᠨ ᠬᠦᠮᠤᠨ ᠮᠠᠯ ᠤᠨᠤᠭ᠎ᠠ ᠪᠠᠨ | ᠬᠠᠶᠢᠷᠠᠯᠠᠵᠥ᠂ ᠮᠠᠯᠵᠢᠯ ᠤᠨ ᠲᠤᠷᠰᠢᠯᠭ᠎ᠠ ᠬᠤᠷᠠᠮᠳᠤᠭᠤᠯᠵᠦ᠂ ᠠᠷᠠᠴᠢᠯᠠᠭ᠎ᠠ ᠮᠠᠯᠵᠢᠯᠭ᠎ᠠ ᠶᠢᠨ ᠲᠤᠬᠠᠢ ᠮᠡᠳᠡᠯᠭᠡ | ᠮᠡᠷᠭᠡᠵᠢᠯ ᠢ ᠠᠮᠢᠳᠤᠷᠠᠯ ᠤᠨ ᠲᠤᠮᠳᠠ ᠪᠠᠨ ᠵᠦᠪ ᠡᠵᠡᠮᠰᠢᠪᠡᠯ ᠬᠠᠪᠤᠷ ᠤᠨ ᠭᠠᠴᠢᠭ᠂ ᠬᠢᠵᠢᠭ ᠭᠡᠮ ᠢ ᠨᠡᠩ ᠰᠠᠶᠢᠳᠤᠷ | ᠠᠷᠭᠠᠴᠠᠵᠦ᠂ ᠲᠦᠯ ᠮᠠᠯ ᠤᠨ ᠬᠤᠬᠢᠷᠠᠯ ᠰᠦᠢᠳᠦᠯ ᠢ ᠬᠠᠮᠤᠭ ᠶᠡᠭᠡ ᠭᠡᠮᠵᠢᠶ᠎ᠠ ᠪᠠᠷ ᠬᠢᠵᠠᠭᠠᠷᠯᠠᠵᠥ ᠴᠢᠳᠠᠨ᠎ᠠ᠃ |