ᠮᠠᠯᠴᠢᠨ ᠲᠦᠮᠡᠨᠵᠢᠷᠭᠠᠯ ᠤᠨ ᠮᠠᠰᠢᠨ ᠪᠦᠯᠢᠬᠦᠷ
ᠨᠡᠶᠢᠲᠡᠯᠡᠭᠰᠡᠨ ᠴᠠᠭ᠄
2017/3/16
            ᠰᠢᠯᠤᠭᠤᠨ ᠬᠦᠪᠡᠭᠡᠲᠦ ᠴᠠᠭᠠᠨ ᠬᠤᠰᠢᠭᠤᠨ ᠤ ᠶᠡᠬᠡᠨᠡᠭᠤᠷ ᠰᠤᠮᠤᠨ ᠤ ᠰᠠᠶᠢᠬᠠᠨᠨᠠᠭᠤᠷ ᠭᠠᠴᠠᠭ᠎ᠠ  ᠪᠠᠷ ᠨᠤᠲᠤᠭᠲᠠᠢ ᠮᠠᠯᠴᠢᠨ‌‍ᠲ᠋ᠦ᠋ᠮᠡᠨᠵᠢᠷᠭᠠᠯ ᠠᠷᠪᠠᠭᠠᠳ ᠵᠢᠯ ᠤᠨ ᠡᠮᠦᠨ᠎ᠡ ᠨᠤᠲᠤᠭ ᠪᠡᠯᠴᠢᠭᠡᠷ ᠪᠠᠭ᠎ᠠ᠂ ᠲᠠᠴᠢᠷᠲᠠᠭᠤ ᠵᠡᠷᠭᠡ ᠰᠢᠯᠲᠠᠭᠠᠨ ᠠᠴᠠ ᠭᠠᠲᠠᠭᠰᠢ ᠭᠠᠷᠴᠤ ᠬᠦᠯᠥᠰᠦᠨ ᠠᠵᠢᠯ ᠬᠢᠬᠦ ᠪᠠᠷ ᠨᠤᠲᠤᠭ ᠠᠴᠠ ᠪᠠᠨ ᠰᠠᠯᠤᠨ ᠠᠪᠠᠭ᠎ᠠ ᠬᠤᠰᠢᠭᠤ ᠶᠢ ᠵᠤᠷᠢᠭᠰᠠᠨ ᠪᠠᠶᠢᠨ᠎ᠠ᠃ ᠠᠷᠪᠠᠭᠠᠳ ᠵᠢᠯ ᠤᠨ ᠲᠤᠷᠰᠢ ᠲᠡᠷᠡ ᠴᠠᠭᠠᠨ ᠢᠲᠡᠭᠡᠨ ᠤ ᠲᠡᠯᠭᠡᠭᠦᠷ ᠲᠤ ᠬᠠᠪᠰᠤᠷᠬᠤ᠂ ᠮᠠᠯᠵᠢᠯ ᠤᠨ ᠲᠠᠯᠠᠪᠠᠢ ᠳᠤ ᠬᠦᠴᠦᠨ ᠤ ᠠᠵᠢᠯ ᠬᠢᠬᠦ  ᠵᠡᠷᠭᠡ ᠤᠯᠠᠨ ᠠᠵᠢᠯ ᠰᠤᠯᠢᠵᠤ ᠬᠢᠵᠤ ᠪᠠᠶᠢᠭᠰᠠᠨ ᠢᠶᠠᠨ 2011ᠣᠨ ᠳᠤ ᠠᠪᠠᠭ᠎ᠠ ᠬᠤᠰᠢᠭᠤᠨ ᠤ ᠲᠦᠪ ᠪᠡᠯᠬᠦᠲᠠᠢ ᠪᠠᠯᠭᠠᠰᠤᠨ ᠳᠤ ︽ᠴᠤᠯᠮᠤᠨ︾ ᠴᠠᠭᠠᠨ ᠢᠲᠡᠭᠡᠨ ᠤ ᠲᠡᠯᠬᠡᠬᠦᠷ ᠪᠠᠨ ᠡᠷᠬᠢᠯᠡᠭᠰᠡᠨ ᠪᠠᠶᠢᠨ᠎ᠠ᠃                 ᠡᠲᠡᠨ ᠤ ᠬᠢᠨ ᠴᠠᠭᠠᠨ ᠢᠲᠡᠭᠡ ᠪᠠᠨ ᠴᠡᠪᠡᠷ ᠪᠠᠶᠢᠭᠠᠯᠢᠯᠢᠭ᠂ ᠨᠤᠲᠤᠭ ᠤᠨ ᠤᠯᠠᠮᠵᠢᠯᠠᠯᠲᠦ ᠠᠷᠭ᠎ᠠ  ᠪᠠᠷ ᠬᠢᠲᠡᠭ ᠢᠶᠠᠷ ᠢᠶᠠᠨ ᠲᠦᠲᠡᠯ ᠦᠬᠡᠢ ᠮᠠᠰᠢ ᠣᠯᠠᠨ ᠬᠡᠷᠡᠭᠯᠡᠭᠴᠢᠳ ᠤᠨ ᠬᠠᠯᠠᠭᠤᠨ ᠬᠦᠷᠢᠶᠡᠯᠡᠯ ᠢ ᠤᠯᠣᠭᠰᠠᠨ ᠪᠠᠶᠢᠨ᠎ᠠ᠃ ᠬᠡᠬᠦ ᠳᠤ ᠴᠢᠨᠠᠷ ᠰᠠᠶᠢᠲᠠᠢ ᠠᠮᠲᠠᠯᠢᠭ ᠰᠠᠶᠢᠬᠠᠨ ᠴᠠᠭᠠᠨ ᠢᠲᠡᠭᠡ ᠶᠢ ᠪᠤᠯᠪᠠᠰᠤᠷᠠᠭᠤᠯᠬᠤ ᠳᠤ ᠮᠠᠰᠢ ᠶᠡᠭᠡ ᠬᠦᠴᠦ ᠬᠦᠲᠡᠯᠮᠦᠷᠢ ᠬᠡᠷᠡᠭᠰᠡᠲᠡᠭ᠃ ᠵᠢᠱᠢᠶᠡᠯᠡᠬᠦ ᠳᠤ ᠭᠠᠭᠴᠠ ᠠᠶᠢᠷᠠᠭ ᠢᠰᠬᠡᠬᠦ ᠳᠤ ᠬᠡᠲᠦ ᠬᠡᠲᠦᠨ ᠮᠢᠩᠭ᠎ᠠ ᠪᠠᠷ ᠪᠦᠯᠢᠲᠡᠭ ᠪᠤᠯᠬᠤᠷ ᠬᠦᠲᠡᠯᠮᠦᠷᠢ ᠬᠦᠴᠦ᠂ ᠴᠠᠭ ᠲᠤ ᠴᠦᠮ ᠠᠷᠪᠢ ᠦᠬᠡᠢ ᠪᠠᠶᠢᠲᠠᠭ᠃ ᠲᠦᠮᠡᠨᠵᠢᠷᠭᠠᠯ ᠭᠡᠷᠭᠡᠢ ᠪᠠᠨ ᠬᠠᠪᠰᠤᠷᠤᠨ ᠴᠠᠭᠠᠨ ᠢᠲᠡᠭᠡ ᠪᠠᠨ ᠪᠤᠯᠪᠠᠰᠤᠷᠠᠭᠤᠯᠵᠤ᠂ ᠪᠤᠷᠤᠯᠠᠭᠤᠯᠬᠤ ᠶᠢᠨ ᠲᠠᠭᠠᠤ ᠤᠤᠯ ᠠᠴᠠ ᠪᠠᠨ ᠮᠠᠰᠢᠨ ᠲᠤᠨᠤᠭ ᠰᠡᠯᠪᠢᠨ ᠵᠠᠰᠠᠬᠤ᠂ ᠭᠠᠩᠨᠠᠬᠤ ᠵᠡᠷᠭᠡ ᠭᠠᠷ ᠤᠨ ᠤᠷ᠎ᠠ ᠮᠡᠷᠭᠡᠵᠢᠯ ᠲᠠᠢ ᠪᠤᠯᠬᠤᠷ ᠰᠤᠨᠢᠭᠤᠴᠢ ᠵᠠᠩ ᠳᠤ ᠪᠠᠨ ᠬᠦᠲᠦᠯᠥᠭᠲᠡᠨ 2014 ᠤᠨ ᠠᠴᠠ ᠠᠥ᠋ᠲ᠋ᠤᠴᠢᠯᠠᠭᠰᠠᠨ ᠠᠶᠢᠷᠠᠭ ᠪᠦᠯᠢᠬᠦ ᠮᠠᠰᠢᠨ ᠦᠢᠯᠡᠳᠬᠦ ᠪᠠᠷ  ᠲᠤᠷᠰᠢᠯᠲᠠ  ᠪᠠᠨ ᠡᠬᠢᠯᠡᠬᠦᠯᠵᠠᠢ᠃ ᠬᠡᠲᠦᠨ ᠰᠠᠷ᠎ᠠ ᠶᠢᠨ ᠤᠶᠢᠭ᠎ᠠ ᠦᠬᠡᠢ ᠴᠢᠷᠮᠠᠶᠢᠯᠭ᠎ᠠ ᠪᠠᠷ ᠲᠠᠮᠵᠢᠨ ᠡᠴᠦᠰ ᠲᠤ ᠪᠠᠨ ᠠᠩᠬᠠᠨ ᠤ ᠠᠥ᠋ᠲ᠋ᠤᠴᠢᠯᠠᠭᠰᠠᠨ ᠠᠶᠢᠷᠠᠭ ᠪᠦᠯᠢᠬᠦ ᠮᠠᠰᠢᠨ ᠢᠶᠠᠨ ᠵᠤᠬᠢᠶᠠᠨ ᠪᠦᠲᠦᠬᠡᠵᠤ᠂ ᠦᠪᠡᠷᠲᠡᠭᠡᠨ ᠲᠠᠬᠢᠨ ᠲᠠᠪᠲᠠᠨ ᠲᠤᠷᠰᠢᠭᠰᠠᠨ ᠤ ᠡᠴᠦᠰ ᠲᠤ ᠠᠮᠵᠢᠯᠲᠠ ᠤᠯᠤᠭᠰᠠᠨ ᠪᠠᠶᠢᠨ᠎ᠠ᠃                 ᠠᠩᠬᠠᠨ ᠤ ᠮᠠᠰᠢᠨ ᠨᠢ ᠴᠠᠬᠢᠯᠭᠠᠨ ᠬᠦᠲᠡᠯᠬᠡᠬᠦᠷ ᠨᠢ ᠪᠦᠲᠦᠬᠦᠯᠢᠭ᠂ ᠨᠠᠰᠢ ᠴᠠᠰᠢ ᠨᠡᠬᠦᠯᠬᠡᠵᠤ ᠰᠢᠯᠵᠢᠬᠦᠯᠬᠦ ᠳᠤ ᠲᠦᠬᠦᠮ ᠦᠬᠡᠢ᠂ ᠦᠢᠯᠡᠳᠬᠦ ᠳᠤ ᠴᠠᠭ ᠬᠦᠴᠦ ᠶᠡᠭᠡ ᠵᠠᠷᠤᠴᠠᠭᠤᠯᠲᠠᠭ ᠠᠴᠠ ᠲᠦᠮᠡᠨᠵᠢᠷᠭᠠᠯ ᠲᠠᠰᠤᠷᠠᠯᠲᠠ ᠦᠬᠡᠢ ᠦᠬᠡᠷᠡᠴᠢᠯᠡᠯᠲᠡ ᠬᠢᠵᠤ᠂ ᠭᠠᠲᠠᠨ᠎ᠠ ᠠᠴᠠ ᠬᠦᠩᠭᠡᠨ ᠠᠪᠰᠠᠷ ᠴᠠᠬᠢᠯᠭᠠᠨ ᠬᠦᠲᠡᠯᠭᠡᠭᠦᠷ᠂ ᠬᠤᠷᠲᠤᠴᠠ ᠦᠬᠡᠷᠡᠴᠢᠯᠡᠬᠦ ᠮᠠᠰᠢᠨ ᠵᠡᠷᠭᠡ ᠶᠢ ᠤᠷᠤᠭᠤᠯᠤᠨ ᠣᠭᠰᠠᠷᠠᠵᠤ᠂ ᠤᠲᠤ ᠪᠤᠯᠬᠤ ᠳᠤ ᠭᠠᠲᠠᠷ ᠦᠵᠡᠮᠵᠢ ᠴᠡᠪᠡᠷ ᠦᠵᠡᠮᠵᠢ ᠲᠠᠢ᠂ ᠠᠶᠢᠷᠠᠭ ᠴᠡᠭᠡ ᠪᠦᠯᠢᠬᠦ ᠤᠲᠠᠭ᠎ᠠ᠂ ᠴᠠᠭ ᠬᠤᠭᠤᠴᠠᠭ᠎ᠠ ᠶᠢ ᠲᠤᠬᠢᠷᠠᠭᠤᠯᠵᠤ ᠴᠢᠲᠠᠬᠤ ᠪᠦᠷᠢᠨ ᠴᠢᠲᠠᠪᠬᠢ ᠲᠠᠢ ᠲᠠᠪᠤᠲᠡᠬᠢ ᠮᠠᠰᠢᠨ ᠢᠶᠠᠨ ᠵᠤᠬᠢᠶᠠᠨ ᠪᠦᠲᠦᠬᠡᠵᠤ᠂ ᠬᠡᠷᠡᠭᠯᠡᠭᠴᠢᠳ ᠴᠤ ᠨᠡᠮᠡᠭᠲᠡᠭᠰᠡᠭᠡᠷ ᠪᠠᠶᠢᠨ᠎ᠠ᠃                 ᠲᠦᠮᠡᠨᠵᠢᠷᠭᠠᠯ 2014 ᠣᠨ ᠤ ᠡᠴᠦᠰ ᠲᠤ ᠲᠤᠰ ᠠᠶᠢᠷᠠᠭ ᠪᠦᠯᠢᠬᠦ ᠮᠠᠰᠢᠨ ᠢ ᠵᠤᠬᠢᠶᠠᠨ ᠪᠦᠲᠦᠭᠡᠭᠰᠡᠨ ᠤᠯᠤᠰ ᠤᠨ ᠲᠤᠰᠬᠠᠢ ᠠᠰᠢᠭ ᠤᠨ ᠡᠷᠬᠡ ᠶᠢ ᠭᠤᠶᠤᠴᠢᠯᠠᠨ ᠤᠯᠵᠤ᠂ 2015 ᠤᠨ ᠤ ᠬᠠᠪᠤᠷ ᠪᠡᠯᠬᠦᠲᠠᠢ ᠪᠠᠯᠭᠠᠰᠤᠨ ᠳᠤ ︽ᠬᠠᠲᠤᠨ ᠬᠦᠬᠦᠤᠷ︾ ᠠᠶᠢᠷᠠᠭ ᠪᠦᠯᠢᠬᠦ ᠮᠠᠰᠢᠨ ᠤ ᠦᠢᠯᠡᠳᠪᠦᠷᠢ ᠪᠠᠨ ᠪᠠᠶᠢᠭᠤᠯᠤᠭᠰᠠᠨ ᠪᠦᠬᠡᠳ ᠤᠲᠤᠬᠠᠨ ᠪᠤᠯᠲᠠᠯ᠎ᠠ ᠲᠤᠰ ᠮᠠᠰᠢᠨ ᠨᠢ ᠤᠶᠢᠷ᠎ᠠ ᠬᠠᠪᠢ ᠶᠢᠨ ᠬᠤᠰᠢᠭᠤ ᠰᠢᠶᠠᠨ ᠠᠴᠠ ᠭᠠᠲᠠᠨ᠎ᠠ ᠰᠢᠨᠵᠢᠶᠠᠩ᠂ ᠮᠤᠩᠭᠤᠯ ᠤᠯᠤᠰ ᠲᠤ ᠵᠠᠬᠢᠶᠠᠯᠭ᠎ᠠ ᠪᠠᠷ ᠪᠤᠷᠤᠯᠠᠭᠤᠯᠤᠭᠲᠠᠵᠤ ᠪᠠᠶᠢᠨ᠎ᠠ᠃  
 
ᠢᠷᠡᠯᠲᠡ᠄ ᠬᠦᠬᠡᠬᠠᠳᠠ ᠶᠢᠨ ᠬᠤᠯᠪᠤᠭ᠎ᠠ ᠪᠦᠷᠬᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号