ᠨᠠᠷᠠᠨ ᠬᠤᠸᠠᠷ ᠤᠨ ᠲᠠᠪᠠᠭ ᠢᠶᠠᠷ ᠮᠠᠯ ᠲᠠᠵᠢᠭᠡᠪᠠᠯ ᠲᠠᠷᠭᠤ ᠨᠠᠮᠡᠭᠳᠠᠨ᠎ᠠ
ᠨᠡᠶᠢᠲᠡᠯᠡᠭᠰᠡᠨ ᠴᠠᠭ᠄
2017-03-20
          ᠥᠷ᠎ᠠ ᠶᠢ ᠨᠢ ᠠᠪᠤᠭᠰᠠᠨ ᠤ ᠲᠠᠷᠠᠭᠠᠭᠢ ᠨᠠᠷᠠᠨ ᠬᠤᠸᠠᠷ ᠤᠨ ᠲᠠᠪᠠᠭ ᠪᠤᠯ ᠮᠥᠨᠴᠤ ᠮᠠᠯ ᠲᠠᠵᠢᠭᠡᠬᠦ ᠰᠠᠶᠢᠨ ᠪᠤᠷᠳᠤᠭ᠎ᠠ ᠭᠡᠳᠡᠭ ᠢ ᠲᠠ ᠬᠠᠷᠢᠨ ᠮᠠᠳᠠᠬᠦ ᠥᠭᠡᠢ ᠪᠠᠶᠢᠬ᠎ᠠ᠃ ᠨᠠᠷᠠᠨ ᠬᠤᠸᠠᠷ ᠤᠨ ᠲᠠᠪᠠᠭ ᠲᠤ 7% — 9%᠎ ᠤᠨ ᠪᠥᠳᠤᠬᠦᠯᠢᠭ ᠤᠭᠤᠷᠠᠭ᠂ 6.5% — 10.3%᠎ ᠤᠨ ᠪᠥᠳᠤᠬᠦᠯᠢᠭ ᠥᠭᠡᠬᠦ᠂ 43.9% ᠠᠽᠤᠲ ᠥᠭᠡᠢ ᠨᠠᠪᠴᠢᠮᠠᠯ ᠡᠳ᠋᠂ 2. 4% - 3%᠎ ᠤᠨ ᠵᠢᠮᠢᠰ ᠤᠨ ᠴᠠᠪᠠᠤᠯᠢᠭ᠂ 10.1%᠎ ᠤᠨ ᠥᠨᠠᠰᠤ ᠠᠭᠤᠯᠤᠭᠳᠠᠵᠤ ᠪᠠᠶᠢᠬᠤ ᠪᠦᠭᠡᠳ ᠪᠥᠳᠤᠬᠦᠯᠢᠭ ᠰᠢᠷᠭᠡᠭᠯᠢᠭ ᠤᠨ ᠠᠭᠤᠯᠤᠭᠳᠠᠴᠨ ᠨᠢ ᠪᠠᠰᠨ ᠮᠠᠰᠢ ᠥᠨᠳᠤᠷ ᠪᠠᠶᠢᠳᠠᠭ ᠃ ᠲᠠᠬᠦᠨ ᠳᠠᠬᠢ ᠪᠥᠳᠤᠬᠦᠯᠢᠭ ᠤᠭᠤᠷᠠᠭ ᠪᠤᠯᠤᠨ ᠠᠽᠤᠲ ᠥᠭᠡᠢ ᠨᠠᠪᠴᠢᠮᠠᠯ ᠪᠤᠳᠠᠰ ᠤᠨ ᠠᠭᠤᠯᠤᠬᠳᠠᠴᠠ ᠶᠢ ᠠᠮᠤ ᠪᠤᠳᠠᠭ᠎ᠠ ᠲᠠᠢ ᠠᠳᠠᠯᠢᠳᠬᠠᠵᠤ ᠪᠤᠯᠤᠨ᠎ᠠ᠃ ᠨᠠᠷᠠᠨ ᠬᠤᠸᠠᠷ ᠤᠨ ᠲᠠᠪᠠᠭ ᠢᠶᠠᠷ ᠨᠠᠶᠢᠷᠠᠭᠤᠯᠤᠭᠰᠠᠨ ᠲᠠᠯᠬ᠎ᠠ ᠪᠤᠷᠳᠤᠭ᠎ᠠ ᠶᠢᠨ ᠵᠠᠭᠤᠨ ᠺᠢᠯᠦᠭᠷᠠᠮ ᠪᠥᠷᠢ ᠶᠢᠨ ᠰᠢᠮ᠎ᠠ ᠲᠠᠵᠢᠭᠡᠯ ᠨᠢ 60 — 66 ᠺᠢᠯᠦᠭᠷᠠᠮ ᠡᠷᠳᠠᠨᠢ ᠰᠢᠰᠢ ᠪᠤᠶᠤ 70 — 80 ᠺᠢᠯᠦᠭᠷᠠᠮ ᠠᠷᠪᠠᠢ ᠶᠢᠨ ᠨᠠᠷᠢᠯᠢᠭ ᠪᠤᠷᠳᠤᠭ᠎ᠠ ᠲᠠᠢ ᠲᠠᠩᠴᠠᠨ᠎ᠠ᠃ ᠨᠠᠷᠠᠨ ᠬᠤᠸᠠᠷ ᠤᠨ ᠲᠠᠪᠠᠭ ᠢ ᠪᠤᠯᠪᠠᠰᠤᠷᠠᠭᠤᠯᠵᠤ ᠲᠠᠯᠬ᠎ᠠ ᠪᠤᠷᠳᠤᠭ᠎ᠠ ᠪᠤᠯᠭᠠᠬᠤ ᠠᠴᠠ ᠭᠠᠳᠠᠨ᠎ᠠ ᠪᠠᠰᠨ ᠬᠥᠭᠡ ᠪᠠᠷ ᠲᠠᠷᠤᠰᠢᠭᠤᠯᠵᠤ ᠡᠪᠤᠯ ᠤᠨ ᠤᠯᠠᠷᠢᠯ ᠳᠤ ᠮᠠᠯ ᠲᠠᠵᠢᠭᠡᠵᠤ ᠪᠤᠯᠤᠨ᠎ᠠ᠃ ᠬᠥᠭᠡ ᠪᠠᠷ ᠲᠠᠷᠤᠰᠢᠭᠤᠯᠤᠭᠰᠠᠨ ᠨᠠᠷᠠᠨ ᠬᠤᠸᠠᠷ ᠤᠨ ᠲᠠᠪᠠᠭ ᠤᠨ ᠥᠨᠤᠷ ᠨᠢ ᠠᠩᠭᠢᠯᠤᠮ᠎ᠠ᠂ ᠮᠠᠯ ᠢᠳᠠᠬᠦ ᠲᠤᠷᠠᠳᠠᠢ ᠠᠴᠠ ᠮᠠᠯ ᠤᠨ ᠢᠳᠡᠬᠦ ᠲᠤᠷᠠᠰᠢᠯ ᠢ ᠨᠠᠮᠡᠭᠳᠠᠬᠦᠯᠳᠡᠭ᠃ ᠨᠠᠷᠠᠨ ᠬᠤᠸᠠᠷ ᠤᠨ ᠲᠠᠪᠠᠭ ᠲᠤ ᠶᠡᠭᠡ ᠭᠡᠮᠵᠢᠶᠠᠨ ᠤ ᠺᠠᠯᠼ ᠪᠤᠯᠤᠨ ᠵᠢᠮᠢᠰ ᠤᠨ ᠰᠢᠭᠢᠷ ᠠᠭᠤᠯᠤᠭᠳᠠᠵᠤ ᠪᠠᠶᠢᠬᠤ ᠪᠤᠯᠬᠤᠷ ᠲᠥᠯ ᠮᠠᠯ ᠪᠤᠯᠤᠨ ᠭᠡᠭᠡᠯ ᠲᠠᠢ ᠮᠠᠯ ᠢ ᠲᠠᠵᠢᠭᠡᠬᠦ ᠳᠤ ᠲᠤᠭᠢᠷᠠᠨ᠎ᠠ᠃
 
ᠢᠷᠡᠯᠲᠡ᠄ ᠦᠪᠦᠷ ᠮᠣᠩᠭᠤᠯ ᠤᠨ ᠦᠨᠳᠦᠰᠦᠲᠡᠨ ᠤ ᠵᠠᠯᠠᠭᠤᠴᠣᠳ ᠪᠠᠭᠠᠴᠣᠳ ᠤᠨ ᠰᠡᠳᠭᠦᠯ ᠤᠨ ᠬᠤᠷᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号