ᠵᠢᠮᠢᠰ ᠢ ᠬᠡᠳᠤᠢ ᠠᠷᠪᠢᠨ ᠢᠳᠡᠪᠡᠯ ᠲᠡᠳᠤᠢ ᠰᠠᠶᠢᠨ ᠭᠡᠰᠡᠨ ᠶᠠᠪᠤᠳᠠᠯ ᠪᠢᠰᠢ
ᠨᠡᠶᠢᠲᠡᠯᠡᠭᠰᠡᠨ ᠴᠠᠭ᠄
2017/3/27
           ᠦᠨᠡᠨ ᠳᠡᠭᠡᠨ ᠶᠡᠷᠦᠩᠭᠡᠢ ᠳᠤᠨᠢ ᠠᠪᠴᠦ ᠬᠡᠯᠡᠪᠡᠯ ᠵᠢᠮᠢᠰ ᠤᠨ ᠰᠢᠮ᠎ᠡ ᠲᠡᠵᠢᠭᠡᠯ ᠨᠢ ᠢᠳᠡᠰᠢᠨ  ᠨᠤᠭᠤᠭ᠎ᠠ  ᠎ ᠠᠴᠠ  ᠪᠠᠭ᠎ᠠ ᠪᠠᠶᠢᠳᠠᠭ᠂ ᠵᠢᠮᠢᠰ ᠪᠤᠯᠤᠨ ᠢᠳᠡᠰᠢᠨ ᠨᠤᠭᠤᠭ᠎ᠠ ᠳᠤ ᠴᠦᠮ ᠸᠢᠲ᠋ᠠᠮᠢᠨ C ᠪᠠ ᠡᠷᠦᠳᠡᠰᠦ ᠠᠭᠤᠯᠤᠭᠳᠠᠳᠠᠭ ᠪᠤᠯᠪᠠᠴᠦ  ᠠᠭᠤᠯᠤᠭᠳᠠᠴᠠ ᠨᠢ ᠵᠤᠬᠢᠬᠤ ᠵᠦᠷᠢᠶ᠎ᠡ ᠲᠠᠢ ᠶᠤᠮ᠂ ᠴᠢᠪᠠᠭ᠎ᠠ᠂ ᠲᠤᠯᠦᠨᠦ᠂ ᠵᠦᠷᠵᠢ᠂ ᠲᠤᠰᠢᠯᠤᠬ ᠮᠡᠳᠤ ᠶᠢᠨ ᠵᠢᠮᠢᠰ ᠲᠤ ᠯᠡ  ᠰᠠᠶ᠋ᠶ  ᠸᠢᠲ᠋ᠠᠮᠢᠨ  C ᠡᠯᠪᠡᠭ ᠠᠭᠤᠯᠤᠭᠳᠠᠳᠠᠭ᠂ ᠪᠤᠰᠤᠳ ᠵᠦᠢᠯ ᠤᠨ ᠵᠢᠮᠢᠰ ᠲᠤ ᠠᠭᠤᠯᠤᠭᠳᠠᠬᠤ ᠸᠢᠲ᠋ᠠᠮᠢᠨ  C  ᠪᠠ  ᠡᠷᠦᠳᠡᠰᠦ  ᠎ ᠨᠢ  ᠴᠦᠮ  ᠢᠳᠡᠰᠢᠨ ᠨᠤᠭᠤᠭ᠎ᠠ ᠳᠤ ᠬᠦᠷᠬᠦ ᠦᠭᠡᠢ ᠶᠤᠮ᠃                      ᠲᠠᠬᠢᠪᠠᠯ᠂ ᠵᠢᠮᠢᠰ ᠪᠠ ᠢᠳᠡᠰᠢᠨ ᠨᠤᠭᠤᠭ᠎ᠠ ᠶᠢᠨ ᠰᠢᠮ᠎ᠡ ᠲᠡᠵᠢᠭᠡᠯ ᠤᠨ ᠪᠦᠲᠦᠴᠡ ᠨᠢ ᠠᠳᠠᠯᠢ ᠪᠤᠰᠤ ᠪᠠᠶᠢᠳᠠᠭ᠂ ᠢᠳᠡᠰᠢᠨ ᠨᠤᠭᠤᠭ᠎ᠠ ᠳᠠᠬᠢ ᠢᠳᠡᠬᠡᠨ ᠤ ᠰᠢᠷᠭᠡᠭᠯᠢᠭ ᠤᠨ ᠠᠭᠤᠯᠤᠭᠳᠠᠴᠠ ᠨᠢ ᠵᠢᠮᠢᠰ ᠠᠴᠠ ᠬᠤᠯᠠ ᠶᠡᠭᠡ ᠪᠠᠶᠢᠳᠠᠭ ᠢᠶᠠᠷ ᠪᠠᠷᠠᠬᠤ ᠦᠭᠡᠢ ᠲᠡᠷᠡ ᠨᠢ ᠦᠯᠦ ᠠᠭᠤᠰᠬᠤ ᠴᠢᠨᠠᠷ  ᠎ ᠲᠠᠢ  ᠰᠢᠷᠭᠡᠭᠯᠢᠭ  ᠪᠠᠶᠢᠵᠤ᠂  ᠭᠡᠳᠡᠰᠦᠨ ᠤ  ᠬᠦᠳᠡᠯᠭᠡᠭᠡᠨ ᠢ  ᠠᠬᠢᠭᠤᠯᠬᠤ᠂  ᠭᠡᠳᠡᠰᠦᠨ  ᠲᠤᠳᠤᠷ᠎ᠠ ᠬᠤᠷᠠᠮᠳᠤᠭᠰᠠᠨ ᠬᠤᠤᠷᠳᠤ ᠪᠤᠳᠠᠰ ᠵᠡᠷᠭᠡ ᠶᠢ ᠠᠷᠢᠯᠭᠠᠬᠤ ᠦᠢᠯᠡᠳᠦᠯ  ᠎ ᠲᠠᠢ  ᠪᠠᠶᠢᠵᠤ᠂  ᠬᠤᠷᠭᠤᠰᠤ  ᠬᠠᠳᠠᠬᠤ᠂  ᠬᠤᠷᠳᠢᠬ  ᠶᠡᠷ᠎ᠠ᠂ ᠭᠡᠳᠡᠰᠦᠨ ᠤ ᠦᠮᠡᠨ ᠢ ᠰᠡᠷᠭᠡᠶᠢᠯᠡᠬᠦ ᠳᠤ ᠰᠠᠶᠢᠨ ᠪᠠᠶᠢᠳᠠᠭ᠂ ᠵᠢᠮᠢᠰ ᠢᠳᠡᠬᠦ ᠨᠢ ᠡᠳᠡᠭᠡᠷ ᠦᠢᠯᠡᠳᠦᠯ ᠳᠤ ᠬᠦᠷᠴᠦ  ᠲᠡᠶᠢᠯᠬᠦ  ᠦᠭᠡᠢ ᠶᠤᠮ᠃ ᠵᠢᠮᠢᠰ ᠲᠤ ᠠᠭᠤᠯᠤᠭᠳᠠᠳᠠᠭ ᠨᠢ ᠭᠤᠤᠯᠳᠠᠭᠤ ᠠᠭᠤᠰᠬᠤ ᠴᠢᠨᠠᠷᠲᠠᠢ ᠰᠢᠷᠭᠡᠭᠯᠢᠭ —  —  ᠵᠢᠮᠢᠰᠤᠨ  ᠴᠠᠪᠠᠤ  ᠪᠤᠯᠤᠨ᠎ᠠ᠂ ᠲᠡᠷᠡ ᠨᠢ ᠰᠢᠩᠭᠡᠭᠡᠬᠦ ᠳᠤ ᠪᠡᠷᠭᠡ ᠪᠦᠭᠡᠳ ᠬᠤᠳᠤᠭᠤᠳᠤᠨ ᠤ ᠬᠤᠭᠤᠰᠤᠷᠠᠭᠤᠯᠬᠤ ᠬᠤᠷᠳᠤᠴᠠ ᠶᠢ ᠤᠳᠠᠭᠠᠰᠢᠷᠠᠭᠤᠯᠳᠠᠭ᠃          ᠡᠶᠢᠮᠦ ᠪᠠᠷ ᠪᠠᠷᠡᠬᠤ ᠦᠭᠡᠢ᠂ ᠢᠳᠡᠰᠢᠨ ᠨᠤᠭᠤᠭᠠᠨ ᠤ ᠢᠯᠴᠢ ᠶᠢᠨ ᠬᠡᠮᠵᠢᠶ᠎ᠡ ᠨᠢ ᠵᠢᠮᠢᠰ ᠠᠴᠠ ᠲᠤᠤᠷ᠎ᠠ ᠪᠠᠶᠢᠳᠠᠭ ᠪᠤᠯᠬᠤᠷ ᠢᠳᠡᠰᠢᠨ ᠨᠤᠭᠤᠭ᠎ᠠ ᠶᠢ ᠬᠡᠳᠤᠢ ᠠᠷᠪᠢᠨ ᠢᠳᠡᠭᠰᠡᠨ ᠴᠦ ᠢᠯᠴᠢ ᠶᠢᠨ ᠬᠡᠮᠵᠢᠶ᠎ᠠ ᠠᠬᠠᠳᠠᠬᠤ ᠦᠭᠡᠢ ᠶᠤᠮ᠂ ᠬᠡᠪᠡᠴᠦ ᠠᠮᠤ  ᠪᠤᠳᠠᠭ᠎ᠠ᠂ ᠮᠢᠬᠠᠨ ᠤ ᠲᠦᠷᠦᠯ ᠪᠤᠯ ᠤᠭᠳᠤ ᠪᠤᠯᠬᠤ  ᠦᠭᠡᠢ᠂  ᠵᠢᠮᠢᠰ  ᠴᠦ  ᠠᠳᠠᠯᠢ᠂  ᠤᠴᠢᠷ  ᠎ ᠨᠢ  ᠤᠯᠠᠩᠬᠢ  ᠢᠳᠡᠰᠢᠨ  ᠨᠤᠭᠤᠭ᠎ᠠ  ᠎ ᠳᠤ ᠠᠭᠤᠯᠤᠭᠳᠠᠬᠤ ᠰᠢᠬᠢᠷ ᠤᠨ ᠲᠦᠷᠦᠯ ᠪᠤᠯ ᠴᠠᠷᠳᠠᠭᠤᠯ ᠤᠨ  ᠲᠦᠷᠦᠯ ᠤᠨ  ᠤᠯᠠᠨᠴᠢ  ᠰᠢᠬᠢᠷ  ᠪᠠᠶᠢᠵᠤ᠂  ᠬᠦᠮᠦᠨ ᠤ  ᠪᠡᠶ᠎ᠡ  ᠎ ᠶᠢᠨ ᠰᠢᠩᠭᠡᠭᠡᠯᠲᠡ ᠶᠢᠨ ᠵᠠᠮ ᠳᠠᠬᠢ ᠡᠯ᠎ᠡ ᠵᠦᠢᠯ ᠤᠨ ᠢᠰᠭᠡᠭᠦᠷ ᠤᠰᠦ ᠪᠠᠷ ᠲᠠᠮᠵᠢᠨ ᠲᠠᠩ ᠰᠢᠬᠢᠷ ᠪᠤᠯᠵᠤ ᠵᠠᠳᠠᠷᠠᠭᠰᠠᠨ ᠤ ᠲᠠᠷᠠᠭ᠎ᠠ ᠰᠠᠶ᠋ᠶ ᠠᠭᠠᠵᠢᠮ ᠢᠶᠠᠷ ᠰᠢᠩᠭᠡᠳᠡᠭ᠂ ᠡᠶᠢᠮᠦ ᠠᠴᠠ ᠬᠦᠮᠦᠨ ᠤ ᠪᠡᠶ᠎ᠡ ᠳᠠᠬᠢ ᠴᠢᠰᠦᠨ  ᠰᠢᠬᠢᠷ ᠤᠨ  ᠦᠳᠭᠡᠴᠡ  ᠎ ᠳᠤ  ᠶᠡᠭᠡ  ᠬᠤᠪᠢᠷᠠᠯᠲᠠ ᠭᠠᠷᠭᠠᠬᠤ ᠦᠭᠡᠢ ᠶᠤᠮ᠃ ᠬᠠᠷᠢᠨ ᠵᠢᠮᠢᠰ ᠲᠤ ᠠᠭᠤᠯᠤᠭᠳᠠᠬᠤ ᠰᠢᠬᠢᠷ ᠤᠨ ᠲᠦᠷᠦᠯ ᠨᠢ  ᠭᠤᠤᠯᠳᠠᠭᠤ  ᠲᠠᠩ  ᠰᠢᠬᠢᠷ  ︵ᠵᠢᠮᠢᠰ ᠤᠨ ᠰᠢᠬᠢᠷ᠂ ᠥᠵᠥᠮ ᠤᠨ ᠰᠢᠬᠢᠷ︶ ᠪᠠ ᠬᠤᠤᠰ ᠰᠢᠬᠢᠷ ︵ᠨᠢᠰᠢᠩᠭᠦ ᠶᠢᠨ ᠰᠢᠬᠢᠷ︶  ᠪᠠᠶᠢᠵᠤ᠂  ᠬᠦᠮᠦᠨ ᠤ  ᠪᠡᠶ᠎ᠡ  ᠎ ᠳᠤ  ᠤᠷᠤᠭᠰᠠᠨ ᠤ ᠰᠡᠬᠦᠯᠡᠷ ᠪᠠᠭ᠎ᠠ ᠯᠡ ᠰᠢᠩᠭᠡᠭᠡᠭᠰᠡᠭᠡᠷ ᠲᠠᠷᠤᠢ ᠴᠢᠰᠦᠨ ᠳᠤ ᠠᠭᠤᠰᠤᠨ ᠤᠷᠤᠳᠠᠭ᠃ ᠡᠶᠢᠮᠦ ᠠᠴᠠ ᠤᠬᠤᠷᠬᠠᠨ ᠬᠤᠭᠤᠴᠠᠭᠠᠨ ᠳᠤ ᠶᠡᠭᠡ ᠬᠡᠮᠵᠢᠶᠡᠨ ᠤ ᠵᠢᠮᠢᠰ ᠢᠳᠡᠬᠦ ᠨᠢ ᠴᠢᠰᠦᠨ ᠰᠢᠬᠢᠷ ᠤᠨ ᠦᠳᠭᠡᠴᠡ ᠶᠢ ᠲᠦᠷᠭᠡᠨ ᠲᠡᠭᠡᠭᠰᠢᠯᠡᠬᠦᠯᠳᠡᠭ ᠪᠤᠯᠬᠤᠷ ᠬᠦᠮᠦᠨ ᠤ ᠪᠡᠶ᠎ᠡ  ᠎ ᠶᠢᠨ ᠡᠷᠡᠬᠦᠯ ᠮᠡᠨᠳᠤ ᠳᠤ ᠠᠰᠢᠭ ᠦᠭᠡᠢ ᠶᠤᠮ᠃ ᠡᠳᠡᠭᠡᠷ ᠲᠠᠩ ᠰᠢᠬᠢᠷ᠂ ᠬᠤᠤᠰ ᠰᠢᠬᠢᠷ ᠨᠢ ᠬᠦᠮᠦᠨ ᠤ ᠪᠡᠶ᠎ᠡ ᠶᠢᠨ ᠡᠯᠢᠭᠡᠨ ᠳᠤ ᠤᠷᠤᠪᠠᠯ ᠮᠠᠰᠢ ᠠᠮᠠᠷᠬᠠᠨ ᠢᠶᠠᠷ ᠦᠭᠡᠬᠦ ᠪᠤᠯᠵᠤ ᠬᠤᠪᠢᠷᠠᠳᠠᠭ᠃                      ᠲᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠰᠢ ᠶᠢᠨ ᠵᠢᠭᠠᠯᠲᠠ ᠳᠤ᠂ ᠡᠳᠤᠷ ᠪᠦᠷᠢ 400 ᠭᠷᠠᠮ —  500 ᠭᠷᠠᠮ ᠤᠨ ᠰᠢᠨ᠎ᠡ ᠰᠤᠷᠭᠤᠭ ᠢᠳᠡᠰᠢᠨ ᠨᠤᠭᠤᠭ᠎ᠠ ᠪᠠᠷ ᠭᠤᠤᠯ ᠪᠤᠯᠭᠠᠵᠤ᠂ 100 — 200 ᠭᠷᠠᠮ ᠤᠨ ᠵᠢᠮᠢᠰ ᠢᠳᠡᠪᠡᠯ  ᠵᠤᠬᠢᠨ᠎ᠠ ᠭᠡᠵᠤ ᠰᠠᠨᠠᠭᠠᠴᠢᠯᠠᠭᠰᠠᠨ ᠪᠠᠶᠢᠳᠠᠭ᠂ ᠡᠬᠦᠨ ᠠᠴᠠ ᠦᠵᠡᠪᠡᠯ ᠵᠢᠮᠢᠰ ᠢ ᠬᠡᠳᠤᠢ ᠠᠷᠪᠢᠨ ᠢᠳᠡᠪᠡᠯ ᠲᠡᠳᠤᠢ ᠰᠠᠶᠢᠨ ᠭᠡᠳᠡᠭ ᠨᠢ ᠪᠤᠷᠤᠭᠤ ᠶᠤᠮ᠃                                                                                ᠢᠯᠠᠯᠳᠠ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号