ᠵᠢᠮᠢᠰ ᠢ ᠬᠡᠳᠤᠢ ᠠᠷᠪᠢᠨ ᠢᠳᠡᠪᠡᠯ ᠲᠡᠳᠤᠢ ᠰᠠᠶᠢᠨ ᠭᠡᠰᠡᠨ ᠶᠠᠪᠤᠳᠠᠯ ᠪᠢᠰᠢ
ᠨᠡᠶᠢᠲᠡᠯᠡᠭᠰᠡᠨ ᠴᠠᠭ᠄
2017/3/27
           ᠦᠨᠡᠨ ᠳᠡᠭᠡᠨ ᠶᠡᠷᠦᠩᠭᠡᠢ ᠳᠤᠨᠢ ᠠᠪᠴᠦ ᠬᠡᠯᠡᠪᠡᠯ ᠵᠢᠮᠢᠰ ᠤᠨ ᠰᠢᠮ᠎ᠡ ᠲᠡᠵᠢᠭᠡᠯ ᠨᠢ ᠢᠳᠡᠰᠢᠨ  ᠨᠤᠭᠤᠭ᠎ᠠ   ᠠᠴᠠ  ᠪᠠᠭ᠎ᠠ ᠪᠠᠶᠢᠳᠠᠭ᠂ ᠵᠢᠮᠢᠰ ᠪᠤᠯᠤᠨ ᠢᠳᠡᠰᠢᠨ ᠨᠤᠭᠤᠭ᠎ᠠ ᠳᠤ ᠴᠦᠮ ᠸᠢᠲ᠋ᠠᠮᠢᠨ C ᠪᠠ ᠡᠷᠦᠳᠡᠰᠦ ᠠᠭᠤᠯᠤᠭᠳᠠᠳᠠᠭ ᠪᠤᠯᠪᠠᠴᠦ  ᠠᠭᠤᠯᠤᠭᠳᠠᠴᠠ ᠨᠢ ᠵᠤᠬᠢᠬᠤ ᠵᠦᠷᠢᠶ᠎ᠡ ᠲᠠᠢ ᠶᠤᠮ᠂ ᠴᠢᠪᠠᠭ᠎ᠠ᠂ ᠲᠤᠯᠦᠨᠦ᠂ ᠵᠦᠷᠵᠢ᠂ ᠲᠤᠰᠢᠯᠤᠬ ᠮᠡᠳᠤ ᠶᠢᠨ ᠵᠢᠮᠢᠰ ᠲᠤ ᠯᠡ  ᠰᠠᠶ᠋ᠶ  ᠸᠢᠲ᠋ᠠᠮᠢᠨ  C ᠡᠯᠪᠡᠭ ᠠᠭᠤᠯᠤᠭᠳᠠᠳᠠᠭ᠂ ᠪᠤᠰᠤᠳ ᠵᠦᠢᠯ ᠤᠨ ᠵᠢᠮᠢᠰ ᠲᠤ ᠠᠭᠤᠯᠤᠭᠳᠠᠬᠤ ᠸᠢᠲ᠋ᠠᠮᠢᠨ  C  ᠪᠠ  ᠡᠷᠦᠳᠡᠰᠦ   ᠨᠢ  ᠴᠦᠮ  ᠢᠳᠡᠰᠢᠨ ᠨᠤᠭᠤᠭ᠎ᠠ ᠳᠤ ᠬᠦᠷᠬᠦ ᠦᠭᠡᠢ ᠶᠤᠮ᠃                      ᠲᠠᠬᠢᠪᠠᠯ᠂ ᠵᠢᠮᠢᠰ ᠪᠠ ᠢᠳᠡᠰᠢᠨ ᠨᠤᠭᠤᠭ᠎ᠠ ᠶᠢᠨ ᠰᠢᠮ᠎ᠡ ᠲᠡᠵᠢᠭᠡᠯ ᠤᠨ ᠪᠦᠲᠦᠴᠡ ᠨᠢ ᠠᠳᠠᠯᠢ ᠪᠤᠰᠤ ᠪᠠᠶᠢᠳᠠᠭ᠂ ᠢᠳᠡᠰᠢᠨ ᠨᠤᠭᠤᠭ᠎ᠠ ᠳᠠᠬᠢ ᠢᠳᠡᠬᠡᠨ ᠤ ᠰᠢᠷᠭᠡᠭᠯᠢᠭ ᠤᠨ ᠠᠭᠤᠯᠤᠭᠳᠠᠴᠠ ᠨᠢ ᠵᠢᠮᠢᠰ ᠠᠴᠠ ᠬᠤᠯᠠ ᠶᠡᠭᠡ ᠪᠠᠶᠢᠳᠠᠭ ᠢᠶᠠᠷ ᠪᠠᠷᠠᠬᠤ ᠦᠭᠡᠢ ᠲᠡᠷᠡ ᠨᠢ ᠦᠯᠦ ᠠᠭᠤᠰᠬᠤ ᠴᠢᠨᠠᠷ   ᠲᠠᠢ  ᠰᠢᠷᠭᠡᠭᠯᠢᠭ  ᠪᠠᠶᠢᠵᠤ᠂  ᠭᠡᠳᠡᠰᠦᠨ ᠤ  ᠬᠦᠳᠡᠯᠭᠡᠭᠡᠨ ᠢ  ᠠᠬᠢᠭᠤᠯᠬᠤ᠂  ᠭᠡᠳᠡᠰᠦᠨ  ᠲᠤᠳᠤᠷ᠎ᠠ ᠬᠤᠷᠠᠮᠳᠤᠭᠰᠠᠨ ᠬᠤᠤᠷᠳᠤ ᠪᠤᠳᠠᠰ ᠵᠡᠷᠭᠡ ᠶᠢ ᠠᠷᠢᠯᠭᠠᠬᠤ ᠦᠢᠯᠡᠳᠦᠯ   ᠲᠠᠢ  ᠪᠠᠶᠢᠵᠤ᠂  ᠬᠤᠷᠭᠤᠰᠤ  ᠬᠠᠳᠠᠬᠤ᠂  ᠬᠤᠷᠳᠢᠬ  ᠶᠡᠷ᠎ᠠ᠂ ᠭᠡᠳᠡᠰᠦᠨ ᠤ ᠦᠮᠡᠨ ᠢ ᠰᠡᠷᠭᠡᠶᠢᠯᠡᠬᠦ ᠳᠤ ᠰᠠᠶᠢᠨ ᠪᠠᠶᠢᠳᠠᠭ᠂ ᠵᠢᠮᠢᠰ ᠢᠳᠡᠬᠦ ᠨᠢ ᠡᠳᠡᠭᠡᠷ ᠦᠢᠯᠡᠳᠦᠯ ᠳᠤ ᠬᠦᠷᠴᠦ  ᠲᠡᠶᠢᠯᠬᠦ  ᠦᠭᠡᠢ ᠶᠤᠮ᠃ ᠵᠢᠮᠢᠰ ᠲᠤ ᠠᠭᠤᠯᠤᠭᠳᠠᠳᠠᠭ ᠨᠢ ᠭᠤᠤᠯᠳᠠᠭᠤ ᠠᠭᠤᠰᠬᠤ ᠴᠢᠨᠠᠷᠲᠠᠢ ᠰᠢᠷᠭᠡᠭᠯᠢᠭ —  —  ᠵᠢᠮᠢᠰᠤᠨ  ᠴᠠᠪᠠᠤ  ᠪᠤᠯᠤᠨ᠎ᠠ᠂ ᠲᠡᠷᠡ ᠨᠢ ᠰᠢᠩᠭᠡᠭᠡᠬᠦ ᠳᠤ ᠪᠡᠷᠭᠡ ᠪᠦᠭᠡᠳ ᠬᠤᠳᠤᠭᠤᠳᠤᠨ ᠤ ᠬᠤᠭᠤᠰᠤᠷᠠᠭᠤᠯᠬᠤ ᠬᠤᠷᠳᠤᠴᠠ ᠶᠢ ᠤᠳᠠᠭᠠᠰᠢᠷᠠᠭᠤᠯᠳᠠᠭ᠃          ᠡᠶᠢᠮᠦ ᠪᠠᠷ ᠪᠠᠷᠡᠬᠤ ᠦᠭᠡᠢ᠂ ᠢᠳᠡᠰᠢᠨ ᠨᠤᠭᠤᠭᠠᠨ ᠤ ᠢᠯᠴᠢ ᠶᠢᠨ ᠬᠡᠮᠵᠢᠶ᠎ᠡ ᠨᠢ ᠵᠢᠮᠢᠰ ᠠᠴᠠ ᠲᠤᠤᠷ᠎ᠠ ᠪᠠᠶᠢᠳᠠᠭ ᠪᠤᠯᠬᠤᠷ ᠢᠳᠡᠰᠢᠨ ᠨᠤᠭᠤᠭ᠎ᠠ ᠶᠢ ᠬᠡᠳᠤᠢ ᠠᠷᠪᠢᠨ ᠢᠳᠡᠭᠰᠡᠨ ᠴᠦ ᠢᠯᠴᠢ ᠶᠢᠨ ᠬᠡᠮᠵᠢᠶ᠎ᠠ ᠠᠬᠠᠳᠠᠬᠤ ᠦᠭᠡᠢ ᠶᠤᠮ᠂ ᠬᠡᠪᠡᠴᠦ ᠠᠮᠤ  ᠪᠤᠳᠠᠭ᠎ᠠ᠂ ᠮᠢᠬᠠᠨ ᠤ ᠲᠦᠷᠦᠯ ᠪᠤᠯ ᠤᠭᠳᠤ ᠪᠤᠯᠬᠤ  ᠦᠭᠡᠢ᠂  ᠵᠢᠮᠢᠰ  ᠴᠦ  ᠠᠳᠠᠯᠢ᠂  ᠤᠴᠢᠷ   ᠨᠢ  ᠤᠯᠠᠩᠬᠢ  ᠢᠳᠡᠰᠢᠨ  ᠨᠤᠭᠤᠭ᠎ᠠ   ᠳᠤ ᠠᠭᠤᠯᠤᠭᠳᠠᠬᠤ ᠰᠢᠬᠢᠷ ᠤᠨ ᠲᠦᠷᠦᠯ ᠪᠤᠯ ᠴᠠᠷᠳᠠᠭᠤᠯ ᠤᠨ  ᠲᠦᠷᠦᠯ ᠤᠨ  ᠤᠯᠠᠨᠴᠢ  ᠰᠢᠬᠢᠷ  ᠪᠠᠶᠢᠵᠤ᠂  ᠬᠦᠮᠦᠨ ᠤ  ᠪᠡᠶ᠎ᠡ   ᠶᠢᠨ ᠰᠢᠩᠭᠡᠭᠡᠯᠲᠡ ᠶᠢᠨ ᠵᠠᠮ ᠳᠠᠬᠢ ᠡᠯ᠎ᠡ ᠵᠦᠢᠯ ᠤᠨ ᠢᠰᠭᠡᠭᠦᠷ ᠤᠰᠦ ᠪᠠᠷ ᠲᠠᠮᠵᠢᠨ ᠲᠠᠩ ᠰᠢᠬᠢᠷ ᠪᠤᠯᠵᠤ ᠵᠠᠳᠠᠷᠠᠭᠰᠠᠨ ᠤ ᠲᠠᠷᠠᠭ᠎ᠠ ᠰᠠᠶ᠋ᠶ ᠠᠭᠠᠵᠢᠮ ᠢᠶᠠᠷ ᠰᠢᠩᠭᠡᠳᠡᠭ᠂ ᠡᠶᠢᠮᠦ ᠠᠴᠠ ᠬᠦᠮᠦᠨ ᠤ ᠪᠡᠶ᠎ᠡ ᠳᠠᠬᠢ ᠴᠢᠰᠦᠨ  ᠰᠢᠬᠢᠷ ᠤᠨ  ᠦᠳᠭᠡᠴᠡ   ᠳᠤ  ᠶᠡᠭᠡ  ᠬᠤᠪᠢᠷᠠᠯᠲᠠ ᠭᠠᠷᠭᠠᠬᠤ ᠦᠭᠡᠢ ᠶᠤᠮ᠃ ᠬᠠᠷᠢᠨ ᠵᠢᠮᠢᠰ ᠲᠤ ᠠᠭᠤᠯᠤᠭᠳᠠᠬᠤ ᠰᠢᠬᠢᠷ ᠤᠨ ᠲᠦᠷᠦᠯ ᠨᠢ  ᠭᠤᠤᠯᠳᠠᠭᠤ  ᠲᠠᠩ  ᠰᠢᠬᠢᠷ  ︵ᠵᠢᠮᠢᠰ ᠤᠨ ᠰᠢᠬᠢᠷ᠂ ᠥᠵᠥᠮ ᠤᠨ ᠰᠢᠬᠢᠷ︶ ᠪᠠ ᠬᠤᠤᠰ ᠰᠢᠬᠢᠷ ︵ᠨᠢᠰᠢᠩᠭᠦ ᠶᠢᠨ ᠰᠢᠬᠢᠷ︶  ᠪᠠᠶᠢᠵᠤ᠂  ᠬᠦᠮᠦᠨ ᠤ  ᠪᠡᠶ᠎ᠡ   ᠳᠤ  ᠤᠷᠤᠭᠰᠠᠨ ᠤ ᠰᠡᠬᠦᠯᠡᠷ ᠪᠠᠭ᠎ᠠ ᠯᠡ ᠰᠢᠩᠭᠡᠭᠡᠭᠰᠡᠭᠡᠷ ᠲᠠᠷᠤᠢ ᠴᠢᠰᠦᠨ ᠳᠤ ᠠᠭᠤᠰᠤᠨ ᠤᠷᠤᠳᠠᠭ᠃ ᠡᠶᠢᠮᠦ ᠠᠴᠠ ᠤᠬᠤᠷᠬᠠᠨ ᠬᠤᠭᠤᠴᠠᠭᠠᠨ ᠳᠤ ᠶᠡᠭᠡ ᠬᠡᠮᠵᠢᠶᠡᠨ ᠤ ᠵᠢᠮᠢᠰ ᠢᠳᠡᠬᠦ ᠨᠢ ᠴᠢᠰᠦᠨ ᠰᠢᠬᠢᠷ ᠤᠨ ᠦᠳᠭᠡᠴᠡ ᠶᠢ ᠲᠦᠷᠭᠡᠨ ᠲᠡᠭᠡᠭᠰᠢᠯᠡᠬᠦᠯᠳᠡᠭ ᠪᠤᠯᠬᠤᠷ ᠬᠦᠮᠦᠨ ᠤ ᠪᠡᠶ᠎ᠡ   ᠶᠢᠨ ᠡᠷᠡᠬᠦᠯ ᠮᠡᠨᠳᠤ ᠳᠤ ᠠᠰᠢᠭ ᠦᠭᠡᠢ ᠶᠤᠮ᠃ ᠡᠳᠡᠭᠡᠷ ᠲᠠᠩ ᠰᠢᠬᠢᠷ᠂ ᠬᠤᠤᠰ ᠰᠢᠬᠢᠷ ᠨᠢ ᠬᠦᠮᠦᠨ ᠤ ᠪᠡᠶ᠎ᠡ ᠶᠢᠨ ᠡᠯᠢᠭᠡᠨ ᠳᠤ ᠤᠷᠤᠪᠠᠯ ᠮᠠᠰᠢ ᠠᠮᠠᠷᠬᠠᠨ ᠢᠶᠠᠷ ᠦᠭᠡᠬᠦ ᠪᠤᠯᠵᠤ ᠬᠤᠪᠢᠷᠠᠳᠠᠭ᠃                      ᠲᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠰᠢ ᠶᠢᠨ ᠵᠢᠭᠠᠯᠲᠠ ᠳᠤ᠂ ᠡᠳᠤᠷ ᠪᠦᠷᠢ 400 ᠭᠷᠠᠮ —  500 ᠭᠷᠠᠮ ᠤᠨ ᠰᠢᠨ᠎ᠡ ᠰᠤᠷᠭᠤᠭ ᠢᠳᠡᠰᠢᠨ ᠨᠤᠭᠤᠭ᠎ᠠ ᠪᠠᠷ ᠭᠤᠤᠯ ᠪᠤᠯᠭᠠᠵᠤ᠂ 100 — 200 ᠭᠷᠠᠮ ᠤᠨ ᠵᠢᠮᠢᠰ ᠢᠳᠡᠪᠡᠯ  ᠵᠤᠬᠢᠨ᠎ᠠ ᠭᠡᠵᠤ ᠰᠠᠨᠠᠭᠠᠴᠢᠯᠠᠭᠰᠠᠨ ᠪᠠᠶᠢᠳᠠᠭ᠂ ᠡᠬᠦᠨ ᠠᠴᠠ ᠦᠵᠡᠪᠡᠯ ᠵᠢᠮᠢᠰ ᠢ ᠬᠡᠳᠤᠢ ᠠᠷᠪᠢᠨ ᠢᠳᠡᠪᠡᠯ ᠲᠡᠳᠤᠢ ᠰᠠᠶᠢᠨ ᠭᠡᠳᠡᠭ ᠨᠢ ᠪᠤᠷᠤᠭᠤ ᠶᠤᠮ᠃                                                                                ᠢᠯᠠᠯᠳᠠ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号