ᠠᠯᠢ ᠨᠢᠭᠡ ᠭᠡᠷ ᠤᠨᠠᠬᠠᠮᠠᠳ ᠴᠦ ᠭᠡᠳᠦᠪᠡᠷ ᠤᠨ ᠬᠡᠥᠬᠡᠳ ᠢᠶᠠᠨ ᠤᠯᠠᠮ ᠰᠡᠴᠡᠨ ᠰᠡᠷᠭᠦᠯᠡᠩ | ᠥᠰᠬᠡᠵᠦ᠂ ᠰᠡᠭᠦᠯᠡᠷ ᠨᠡᠩ ᠰᠠᠶᠢᠨ ᠶᠡᠭᠡ ᠰᠣᠷᠭᠠᠭᠤᠯᠢ ᠳᠤ ᠰᠢᠯᠭᠠᠨ ᠤᠷᠤᠭᠤᠯᠬᠤ ᠶᠢ ᠪᠣᠳᠣᠳᠠᠭ᠃ ᠠᠩᠭ᠍ᠯᠢ ᠶᠢᠨ | ︽ᠡᠳᠦᠷ ᠪᠣᠯᠭᠠᠨ ᠤ ᠰᠢᠤᠳᠠᠨ ᠰᠣᠨᠢᠨ︾ ᠣᠷᠴᠢᠮ ᠤᠨ ᠡᠳᠦᠷ ᠮᠡᠳᠡᠭᠡᠯᠡᠭᠰᠡᠨ ᠢᠶᠠᠷ᠂ ᠮᠣᠷᠢ ᠣᠨᠣᠬᠤ ᠨᠢ | ᠬᠡᠥᠬᠡᠳ ᠤᠨ ᠰᠣᠷᠬᠤ ᠴᠢᠳᠠᠮᠵᠢ ᠶᠢ ᠳᠡᠭᠡᠭᠰᠢᠯᠡᠭᠦᠯᠵᠣ᠂ ᠬᠡᠥᠬᠡᠳ ᠢ ᠤᠯᠠᠮ ᠰᠡᠴᠡᠨ ᠰᠡᠷᠭᠦᠯᠡᠩ ᠪᠣᠯᠭᠠᠳᠠᠭ ᠢ | ᠶᠠᠫᠣᠨ ᠤ ᠰᠢᠨ᠎ᠡ ᠰᠤᠳᠤᠯᠤᠯ ᠢᠯᠡᠷᠡᠭᠦᠯᠵᠡᠢ ᠭᠡᠵᠦ ᠠᠮᠧᠷᠢᠺᠡ ᠶᠢᠨ ︽ᠤᠯᠠᠨ ᠨᠡᠶᠢᠲᠡ ᠶᠢᠨ ᠡᠷᠡᠭᠦᠯ | ᠬᠠᠮᠠᠭᠠᠯᠠᠯ ᠤᠨ ᠡᠮᠤᠨ᠎ᠡ ᠹᠷᠤᠨᠲ︾ ᠰᠡᠳᠭᠦᠯ ᠨᠡᠶᠢᠲᠡᠯᠡᠵᠡᠢ᠃ | ᠶᠠᠫᠣᠨ ᠤ ᠲᠣᠣᠺᠢᠣ᠋ ᠲᠠᠷᠢᠶᠠᠯᠠᠩ ᠤᠨ ᠶᠡᠭᠡ ᠰᠣᠷᠭᠠᠭᠤᠯᠢ ᠶᠢᠨ ᠰᠣᠳᠣᠯᠭᠠᠲᠠᠨ ᠮᠢᠲᠰᠦᠺᠢ ᠥᠾᠲᠠ | ᠫᠷᠣᠹᠧᠰᠰᠣᠷ ᠪᠣᠯᠣᠨ ᠲᠡᠭᠦᠨ ᠤ ᠰᠣᠳᠣᠯᠭᠠᠨ ᠤ ᠪᠥᠯᠬᠦᠮ ᠤᠨ ᠬᠢᠨ ᠮᠣᠷᠢ ᠣᠨᠣᠬᠤ ᠨᠢ ᠬᠡᠥᠬᠡᠳ ᠤᠨ ᠰᠣᠷᠬᠤ | ᠴᠢᠳᠠᠪᠤᠷᠢ ᠳᠤ ᠦᠵᠡᠭᠦᠯᠬᠦ ᠨᠦᠯᠦᠭᠡᠨ ᠤ ᠲᠣᠬᠠᠢ ᠰᠣᠳᠣᠯᠭᠠᠨ ᠬᠢᠪᠡ᠃ ᠲᠣᠷᠰᠢᠯᠲᠠ ᠳᠤ ᠣᠷᠣᠯᠴᠠᠭᠰᠠᠨ | ᠬᠡᠥᠬᠡᠳ ᠲᠤ ᠮᠣᠷᠢ ᠣᠨᠣᠬᠤ ᠶᠢᠨ ᠡᠮᠦᠨ᠎ᠡ ᠬᠤᠶᠢᠨᠠᠬᠢ ᠪᠠᠶᠢᠳᠠᠯ ᠳᠤ ᠲᠣᠰ ᠲᠣᠰ ᠲᠥᠭᠦᠮ ᠬᠠᠷᠢᠭᠤ | ᠲᠣᠰᠬᠠᠯᠲᠠ ᠶᠢᠨ ᠬᠡᠮᠵᠢᠯᠲᠡ ᠪᠣᠯᠣᠨ ᠲᠤᠭ᠎ᠠ ᠪᠣᠳᠣᠯᠭ᠎ᠠ ᠶᠢᠨ ᠬᠡᠮᠵᠢᠯᠲᠡ ᠬᠢᠪᠡ᠃ ᠰᠣᠳᠣᠯᠣᠭᠴᠢᠳ ᠪᠠᠰᠠ | ᠣᠷᠣᠯᠴᠠᠭᠰᠠᠨ ᠬᠡᠥᠬᠡᠳ ᠤᠨ ᠮᠣᠷᠢ ᠣᠨᠣᠬᠤ ᠦᠶ᠎ᠡ ᠶᠢᠨ ᠵᠢᠷᠦᠬᠡᠨ ᠴᠣᠬᠢᠯᠭ᠎ᠠ ᠳᠤ ᠬᠡᠮᠵᠢᠯᠲᠡ ᠬᠢᠵᠡᠢ᠃ ᠡᠭᠦᠨ | ᠤ ᠳ᠋ᠥᠩ ᠳᠤ᠂ ᠮᠣᠷᠢ ᠣᠨᠣᠬᠤ ᠨᠢ ᠬᠡᠥᠬᠡᠳ ᠤᠨ ᠠᠵᠢᠯᠯᠠᠭᠠᠨ ᠤ ᠴᠢᠳᠠᠪᠤᠷᠢ ᠶᠢ ᠢᠯᠡᠳᠲᠡ ᠳᠡᠭᠡᠭᠰᠢᠯᠡᠭᠦᠯᠵᠦ᠂ | ᠬᠡᠥᠬᠡᠳ ᠤᠨ ᠲᠠᠨᠢᠨ ᠮᠡᠳᠡᠬᠦᠢ ᠴᠢᠳᠠᠪᠣᠷᠢ ᠶᠢ ᠰᠠᠶᠢᠵᠢᠷᠠᠭᠤᠯᠳᠠᠭ ᠢ ᠤᠯᠵᠦ ᠮᠡᠳᠡᠪᠡ᠃ ᠭᠡᠲᠡᠯ᠎ᠡ ᠮᠣᠷᠢ ᠣᠨᠣᠬᠤ ᠨᠢ | ᠲᠣᠷᠰᠢᠯᠲᠠ ᠳᠤ ᠣᠷᠣᠯᠴᠠᠭᠰᠠᠨ ᠬᠡᠥᠬᠡᠳ ᠤᠨ ᠲᠤᠭ᠎ᠠ ᠪᠣᠳᠣᠯᠭ᠎ᠠ ᠶᠢᠨ ᠴᠢᠳᠠᠪᠣᠷᠢ ᠶᠢᠨ ᠲᠠᠯ᠎ᠠ ᠳᠤ ᠬᠢ ᠨᠥᠯᠦᠭᠡ | ᠲᠡᠳᠦᠢ ᠢᠯᠡᠷᠭᠡᠢ ᠪᠢᠰᠢ ᠪᠠᠶᠢᠯ᠎ᠠ᠃ | ᠮᠢᠲᠰᠦᠺᠢ ᠥᠾᠲᠠ ᠬᠡᠯᠡᠬᠦ ᠳᠤ ᠪᠠᠨ᠄ ᠮᠣᠷᠢᠨ ᠤ ᠠᠯᠬᠤᠳᠠᠯ ᠤᠨ ᠨᠢᠭᠡ ᠣᠨᠴᠠᠭᠠᠢ ᠣᠨᠴᠠᠯᠢᠭ ᠪᠣᠯ | ᠭᠤᠷᠪᠠᠨ ᠬᠡᠮᠵᠢᠯᠲᠦ ᠬᠤᠷᠳᠣᠴᠠ ᠭᠠᠷᠭᠠᠬᠤ ᠪᠣᠯᠣᠨ᠎ᠠ᠃ ᠮᠣᠷᠢᠨ ᠨᠢᠷᠣᠭᠤᠨ ᠤ ᠳᠣᠷᠭᠢᠯᠲᠠ ᠨᠢ ᠬᠡᠥᠬᠡᠳ ᠤᠨ ᠶᠡᠭᠡ | ᠲᠡᠷᠢᠬᠢᠨ ᠤ ᠰᠣᠷᠬᠤ ᠪᠠ ᠴᠡᠭᠡᠵᠢᠯᠡᠬᠦ ᠶᠢ ᠬᠠᠷᠢᠭᠤᠴᠠᠳᠠᠭ ᠰᠢᠰᠲ᠋ᠧᠮ ︵ᠰᠣᠯᠪᠢᠭᠤ ᠮᠡᠳᠡᠷᠡᠯ ᠤᠨ ᠰᠢᠰᠲ᠋ᠧᠮ︶ ᠢ | ᠤᠷᠮᠠᠰᠢᠭᠤᠯᠵᠦ᠂ ᠡᠭᠦᠨ ᠤᠯᠠᠮ ᠠᠴᠠ ᠮᠣᠷᠢ ᠣᠨᠣᠬᠤ ᠨᠢ ᠬᠡᠥᠬᠡᠳ ᠤᠨ ᠶᠡᠭᠡ ᠲᠠᠷᠢᠬᠢᠨ ᠤ ᠲᠠᠨᠢᠨ ᠮᠡᠳᠡᠷᠡᠬᠦ | ᠴᠢᠳᠠᠪᠣᠷᠢ ᠶᠢ ᠳᠡᠭᠡᠭᠰᠢᠯᠡᠭᠦᠯᠳᠡᠭ ᠪᠠᠶᠢᠨ᠎ᠠ ᠭᠡᠵᠡᠢ᠃ ︵ᠴᠧᠩ ᠰᠢ︶ | ᠢᠷᠡᠯᠲᠡ᠄ ︽ᠠᠮᠢ ᠨᠠᠰᠤᠨ ᠤ ᠴᠠᠭ ᠤᠨᠰᠣᠨᠢᠨ︾ |