ᠤᠶᠢᠷ᠎ᠠ ᠳᠤ᠂ ︽ᠨᠠᠩᠭᠢ ᠴᠠᠭᠠᠨ ᠤ ︿ᠨᠢᠭᠤᠷ ᠴᠡᠪᠡᠷᠰᠢᠭᠦᠯᠦᠭᠴᠢ﹀ ᠪᠠᠷ ᠵᠢᠰᠤ ᠪᠠᠨ ᠭᠤᠶᠤᠯᠠᠭᠠᠳ | ᠭᠡᠳᠦᠷᠡᠬᠦ ᠪᠠᠨ ᠵᠢᠰᠤ ᠪᠠᠨ ᠡᠪᠳᠡᠭᠰᠡᠨ︾ ᠨᠢᠭᠡ ᠰᠤᠨᠢᠨ ᠮᠡᠳᠡᠭᠡ ᠤᠯᠠᠨ ᠳᠤ ᠠᠩᠬᠠᠷᠤᠭᠳᠠᠵᠦ ᠪᠤᠢ᠄ ᠨᠢᠭᠡ ᠡᠮᠡᠭᠲᠡᠢ | ᠨᠠᠩᠭᠢ ᠴᠠᠭᠠᠨ ᠢ ᠬᠠᠯᠢᠨ ᠬᠡᠷᠴᠢᠵᠦ ᠨᠢᠭᠤᠷ ᠴᠡᠪᠡᠷᠰᠢᠭᠦᠯᠦᠭᠴᠢ ᠪᠤᠯᠭᠠᠨ ᠬᠡᠷᠡᠭᠯᠡᠭᠰᠡᠨ ᠤ ᠰᠡᠭᠦᠯᠡᠷ ᠬᠦᠨᠳᠤ | ᠨᠤᠴᠢᠲᠠᠢ ᠬᠠᠷᠰᠢᠯ ᠡᠭᠦᠰᠴᠠᠢ᠃ ᠡᠶᠢᠮᠤᠷᠡᠬᠦ ᠵᠢᠱᠢᠶ᠎ᠡ ᠠᠮᠢᠳᠤᠷᠠᠯ ᠲᠤᠮᠳᠠ ᠴᠦᠭᠡᠨ ᠪᠤᠰᠤ ᠲᠤᠬᠢᠶᠠᠯᠳᠤᠵᠦ᠂ ᠮᠠᠰᠢ | ᠤᠯᠠᠨ ᠡᠮᠡᠭᠲᠡᠶᠢᠴᠤᠳ ᠨᠤᠭᠤᠭ᠎ᠠ ᠵᠢᠮᠢᠰ ᠢᠶᠠᠷ ᠨᠢᠭᠤᠷ ᠴᠡᠪᠡᠷᠰᠢᠭᠦᠯᠬᠦ ᠨᠢ ᠲᠤᠩ ᠪᠠᠶᠢᠭᠠᠯᠢᠯᠢᠭ ᠬᠡᠮᠡᠨ ᠦᠵᠡᠳᠡᠭ | ᠪᠠᠶᠢᠵᠦ᠂ ᠬᠠᠷᠢᠨ ᠬᠠᠮᠢᠶ᠎ᠠ ᠨᠠᠮᠢᠶ᠎ᠠ ᠦᠭᠡᠢ ᠬᠡᠷᠡᠭᠯᠡᠪᠡᠯ ᠵᠢᠰᠤ ᠶᠢ ᠡᠪᠳᠡᠳᠡᠭ ᠭᠡᠰᠡᠨ ᠢ ᠬᠠᠷᠠᠬᠠᠨ ᠮᠡᠳᠡᠬᠦ ᠦᠭᠡᠢ | ᠪᠠᠶᠢᠨ᠎ᠠ᠃ | ᠵᠠᠷᠢᠮ ᠨᠤᠭᠤᠭ᠎ᠠ ᠵᠢᠮᠢᠰ ᠤᠨ ᠰᠢᠮ᠎ᠡ ᠲᠡᠵᠢᠭᠡᠯ ᠤᠨ ᠡᠯᠧᠮᠧᠨ᠋ᠲ ᠵᠢᠱᠢᠶᠡᠯᠡᠪᠡᠯ ᠸᠢᠲ᠋ᠠᠮᠢᠨ E᠂ ᠨᠤᠭᠤᠭᠠᠨ | ᠴᠠᠢ ᠶᠢᠨ ᠪᠧᠨᠤᠯ ᠵᠡᠷᠭᠡ ᠨᠢ ᠭᠤᠶᠤᠵᠢᠭᠤᠯᠵᠦ ᠴᠠᠭᠠᠷᠠᠭᠤᠯᠬᠤ᠂ ᠤᠰᠤ ᠨᠦᠬᠦᠬᠦ᠂ ᠬᠦᠷᠦᠰᠤ ᠶᠢ ᠵᠦᠭᠡᠯᠡᠷᠡᠭᠦᠯᠬᠦ | ᠦᠢᠯᠡᠳᠤᠯ ᠲᠠᠢ ᠪᠠᠶᠢᠳᠠᠭ ᠢ ᠦᠭᠡᠶᠢᠰᠭᠡᠵᠦ ᠪᠤᠯᠬᠤ ᠦᠭᠡᠢ ᠪᠤᠯᠪᠠᠴᠤ ᠡᠨᠡ ᠨᠢ ᠪᠤᠢ ᠪᠦᠬᠦᠢ ᠨᠤᠭᠤᠭ᠎ᠠ ᠵᠢᠮᠢᠰ ᠢ | ᠪᠦᠷ ᠨᠢᠭᠤᠷ ᠲᠤ ᠲᠦᠷᠬᠢᠵᠦ ᠪᠤᠯᠤᠨ᠎ᠠ ᠭᠡᠰᠡᠨ ᠶᠠᠪᠤᠳᠠᠯ ᠪᠢᠰᠢ ᠶᠤᠮ᠃ ᠵᠢᠱᠢᠶᠡᠯᠡᠪᠡᠯ᠂ ᠰᠢᠨ᠎ᠡ ᠰᠤᠷᠭᠤᠭ | ᠲᠦᠮᠦᠰᠤ ᠶᠢᠨ ᠱᠦᠭᠦᠰᠤᠨ ᠳᠠᠬᠢ ᠤᠷᠭᠤᠮᠠᠯ ᠤᠨ ᠱᠦᠯᠳᠤ ᠨᠢ ᠠᠷᠠᠰᠤ ᠬᠦᠷᠦᠰᠤᠨ ᠳᠤ ᠬᠠᠷᠰᠢᠳᠠᠭ︔ | ᠨᠢᠮᠪᠡᠭᠡ᠂ ᠬᠦᠵᠡᠯᠵᠡᠭᠡᠨ᠎ᠡ᠂ ᠲᠠᠷᠪᠤᠰ ᠤᠨ ᠬᠠᠯᠢᠰᠤ ᠵᠡᠷᠭᠡ ᠳᠤ ᠨᠤᠭᠤᠭ᠎ᠠ ᠵᠢᠮᠢᠰᠤᠨ ᠬᠦᠴᠢᠯ ᠵᠡᠷᠭᠡ ᠡᠯᠪᠡᠭ | ᠠᠭᠤᠯᠠᠳᠠᠭ ᠪᠤᠯᠬᠤᠷ ᠠᠷᠠᠰᠤ ᠬᠦᠷᠦᠰᠤ ᠶᠢ ᠬᠠᠭᠤᠷᠠᠶᠢᠰᠢᠭᠤᠯᠵᠦ᠂ ᠬᠠᠪᠤᠳᠤᠭᠤᠯᠬᠤ ᠵᠡᠷᠭᠡ ᠡᠪᠡᠳᠴᠢᠨ ᠤ ᠢᠯᠡᠷᠡᠯ | ᠭᠠᠷᠳᠠᠭ︔ ᠠᠭᠠᠷᠤ ᠴᠡᠴᠡᠭ᠂ ᠪᠡᠷᠰᠡᠤᠳᠤ ᠵᠦᠷᠵᠢ ᠵᠡᠷᠭᠡ ᠵᠢᠮᠢᠰ ᠲᠤ ᠨᠠᠷᠠᠨ ᠳᠤ ᠬᠠᠷᠰᠢᠬᠤ ᠴᠢᠨᠠᠷ ᠤᠨ ᠪᠤᠳᠠᠰ | ᠪᠠᠶᠢᠳᠠᠭ ᠪᠤᠯᠬᠤᠷ ᠨᠠᠷᠠᠨ ᠤ ᠭᠡᠷᠡᠯ ᠲᠤᠤᠷ᠎ᠠ ᠤᠷᠪᠠᠯ ᠡᠭᠦᠰᠴᠤ᠂ ᠲᠠᠲᠠᠪᠠᠯᠵᠠᠬᠤ᠂ ᠤᠯᠠᠶᠢᠵᠦ ᠬᠠᠪᠤᠳᠬᠤ᠂ | ᠪᠠᠷᠵᠢᠬᠦ᠂ ᠴᠦᠪᠤᠷᠢᠭᠦᠳᠡᠬᠦ ᠵᠡᠷᠭᠡ ᠠᠷᠠᠰᠤᠨ ᠤ ᠦᠷᠪᠢᠰᠦᠯ ᠤᠨ ᠢᠯᠡᠷᠡᠯ ᠤᠳ ᠭᠠᠷᠳᠠᠭ ᠪᠠᠶᠢᠨ᠎ᠠ᠃ | ᠬᠡᠷᠪᠡ ᠨᠤᠭᠤᠭ᠎ᠠ ᠵᠢᠮᠢᠰ ᠢᠶᠠᠷ ᠨᠢᠭᠤᠷ ᠴᠡᠪᠡᠷᠰᠢᠭᠦᠯᠦᠭᠴᠢ ᠪᠤᠯᠭᠠᠶ᠎ᠠ ᠭᠡᠪᠡᠯ ᠦᠷᠭᠡᠰᠤᠳᠤ ᠬᠡᠮᠬᠡ ᠪᠤᠶᠤ | ᠲᠦᠮᠤᠰᠤ ᠶᠢ ᠰᠤᠩᠭᠤᠵᠦ ᠪᠤᠯᠤᠨ᠎ᠠ᠃ ᠡᠨᠡ ᠬᠤᠶᠠᠷ ᠨᠤᠭᠤᠭ᠎ᠠ ᠶᠢᠨ ᠮᠠᠭᠤ ᠲᠤᠰᠬᠠᠯ ᠪᠠᠭ᠎ᠠ᠂ ᠠᠶᠤᠯᠬᠦᠢ ᠴᠢᠨᠠᠷ | ᠰᠠᠶᠢᠨ ᠶᠤᠮ᠃ ᠦᠷᠭᠡᠰᠤᠳᠤ ᠬᠡᠮᠬᠡ ᠤᠰᠤᠷᠬᠠᠭ᠂ ᠪᠦᠯᠢᠶᠡᠨ ᠴᠢᠨᠠᠷᠲᠠᠢ ᠪᠤᠯᠬᠤᠷ ᠠᠷᠠᠰᠤ ᠶᠢ ᠤᠮᠳᠠᠯᠠᠬᠤ ᠶᠢᠨ | ᠬᠠᠮᠳᠤ᠂ ᠰᠢᠷ᠎ᠠ ᠦᠰᠦᠨ ᠤ ᠨᠦᠬᠡ ᠶᠢ ᠪᠠᠭᠠᠰᠬᠠᠳᠠᠭ᠃ ᠲᠦᠮᠦᠰᠤ ᠪᠠᠷ ᠨᠢᠳᠤᠨ ᠤ ᠡᠷᠬᠢᠨ ᠲᠤᠭᠤᠷᠢᠨ ᠢ ᠰᠢᠪᠠᠪᠠᠯ | ᠨᠢᠳᠤ ᠭᠠᠷᠬᠠᠯᠠᠬᠤ ᠶᠢ ᠵᠠᠰᠠᠳᠠᠭ᠃ | ᠰᠠᠨᠠᠭᠤᠯᠠᠭᠤᠰᠢᠲᠠᠢ ᠨᠢ ᠭᠡᠪᠡᠯ᠂ ᠬᠦᠮᠤᠨ ᠪᠦᠷᠢ ᠶᠢᠨ ᠠᠷᠠᠰᠤᠨ ᠤ ᠴᠢᠨᠠᠷ ᠠᠳᠠᠯᠢ ᠪᠤᠰᠤ ᠤᠴᠢᠷ ᠠᠴᠠ | ᠠᠶᠤᠯᠬᠦᠢ ᠶᠢ ᠪᠤᠳᠤᠯᠬᠢᠯᠠᠵᠦ᠂ ᠬᠡᠷᠡᠭᠯᠡᠬᠦ ᠠᠴᠠ ᠪᠠᠨ ᠡᠮᠤᠨ᠎ᠡ ᠴᠢᠬᠢᠨ ᠤ ᠠᠷᠤ᠂ ᠭᠠᠷ ᠤᠨ ᠠᠷᠤ ᠳᠤ | ᠲᠤᠷᠰᠢᠵᠦ᠂ ᠬᠠᠷᠰᠢ ᠦᠭᠡᠢ ᠶᠢ ᠯᠠᠪᠲᠠᠭᠤᠯᠤᠭᠰᠠᠨ ᠤ ᠰᠡᠭᠦᠯᠡᠷ ᠬᠡᠷᠡᠭᠯᠡᠪᠡᠯ ᠰᠠᠶᠢᠨ᠃ ᠡᠭᠦᠨ ᠠᠴᠠ ᠭᠠᠳᠠᠨ᠎ᠠ᠂ | ᠬᠦᠷᠪᠡᠰᠢ᠂ ᠠᠷᠠᠰᠤᠨ ᠤ ᠨᠠᠮᠤᠰᠤ ᠪᠤᠶᠤ ᠮᠦᠭᠡᠷᠰᠤᠨ ᠬᠤᠭᠤᠯᠠᠢ ᠶᠢᠨ ᠪᠠᠭᠲᠠᠷᠠᠭ᠎ᠠ ᠵᠡᠷᠭᠡ ᠬᠠᠷᠰᠢᠮᠠᠲᠠᠭᠠᠢ | ᠡᠪᠡᠳᠴᠢᠨ ᠲᠠᠢ ᠬᠦᠮᠤᠨ ᠨᠤᠭᠤᠭ᠎ᠠ ᠵᠢᠮᠢᠰ ᠢ ᠪᠤᠯᠭᠤᠮᠵᠢᠲᠠᠢ ᠬᠡᠷᠡᠭᠯᠡᠪᠡᠯ ᠵᠤᠬᠢᠨ᠎ᠠ᠃ ( ᠲᠤᠮᠳᠠᠳᠤ | ᠤᠯᠤᠰ ᠤᠨ ᠲᠦᠷᠬᠦ ᠵᠠᠰᠠᠯ ᠵᠢᠰᠤ ᠭᠤᠶᠤᠯᠠᠯ ᠤᠨ ᠨᠡᠶᠢᠭᠡᠮᠯᠢᠭ ᠤᠨ ᠬᠡᠷᠡᠭ ᠡᠷᠬᠢᠯᠡᠭᠴᠢ ᠴᠧᠨ ᠸᠧᠢ ᠬᠤᠸᠠ) | | ᠰᠤᠪᠤᠳ |