ᠤᠯᠠᠨ ᠵᠥᠢᠯ ᠤᠨ ᠨᠤᠭᠤᠭ᠎ᠠ ᠵᠢᠮᠢᠰ ᠢ ᠨᠢᠭᠤᠷ ᠲᠤ ᠲᠦᠷᠬᠢᠵᠦ ᠪᠤᠯᠳᠠᠭ ᠦᠭᠡᠢ
ᠨᠡᠶᠢᠲᠡᠯᠡᠭᠰᠡᠨ ᠴᠠᠭ᠄
2017/3/3
         ᠤᠶᠢᠷ᠎ᠠ ᠳᠤ᠂ ︽ᠨᠠᠩᠭᠢ ᠴᠠᠭᠠᠨ ᠤ ︿ᠨᠢᠭᠤᠷ ᠴᠡᠪᠡᠷᠰᠢᠭᠦᠯᠦᠭᠴᠢ﹀ ᠪᠠᠷ ᠵᠢᠰᠤ   ᠪᠠᠨ  ᠭᠤᠶᠤᠯᠠᠭᠠᠳ  ᠭᠡᠳᠦᠷᠡᠬᠦ   ᠪᠠᠨ ᠵᠢᠰᠤ ᠪᠠᠨ ᠡᠪᠳᠡᠭᠰᠡᠨ︾ ᠨᠢᠭᠡ ᠰᠤᠨᠢᠨ ᠮᠡᠳᠡᠭᠡ ᠤᠯᠠᠨ ᠳᠤ ᠠᠩᠬᠠᠷᠤᠭᠳᠠᠵᠦ ᠪᠤᠢ᠄ ᠨᠢᠭᠡ  ᠡᠮᠡᠭᠲᠡᠢ  ᠨᠠᠩᠭᠢ  ᠴᠠᠭᠠᠨ   ᠢ  ᠬᠠᠯᠢᠨ ᠬᠡᠷᠴᠢᠵᠦ ᠨᠢᠭᠤᠷ ᠴᠡᠪᠡᠷᠰᠢᠭᠦᠯᠦᠭᠴᠢ ᠪᠤᠯᠭᠠᠨ ᠬᠡᠷᠡᠭᠯᠡᠭᠰᠡᠨ ᠤ ᠰᠡᠭᠦᠯᠡᠷ ᠬᠦᠨᠳᠤ ᠨᠤᠴᠢᠲᠠᠢ ᠬᠠᠷᠰᠢᠯ ᠡᠭᠦᠰᠴᠠᠢ᠃ ᠡᠶᠢᠮᠤᠷᠡᠬᠦ ᠵᠢᠱᠢᠶ᠎ᠡ ᠠᠮᠢᠳᠤᠷᠠᠯ ᠲᠤᠮᠳᠠ ᠴᠦᠭᠡᠨ ᠪᠤᠰᠤ ᠲᠤᠬᠢᠶᠠᠯᠳᠤᠵᠦ᠂ ᠮᠠᠰᠢ ᠤᠯᠠᠨ ᠡᠮᠡᠭᠲᠡᠶᠢᠴᠤᠳ ᠨᠤᠭᠤᠭ᠎ᠠ ᠵᠢᠮᠢᠰ ᠢᠶᠠᠷ ᠨᠢᠭᠤᠷ ᠴᠡᠪᠡᠷᠰᠢᠭᠦᠯᠬᠦ ᠨᠢ ᠲᠤᠩ ᠪᠠᠶᠢᠭᠠᠯᠢᠯᠢᠭ ᠬᠡᠮᠡᠨ ᠦᠵᠡᠳᠡᠭ ᠪᠠᠶᠢᠵᠦ᠂ ᠬᠠᠷᠢᠨ ᠬᠠᠮᠢᠶ᠎ᠠ ᠨᠠᠮᠢᠶ᠎ᠠ ᠦᠭᠡᠢ ᠬᠡᠷᠡᠭᠯᠡᠪᠡᠯ  ᠵᠢᠰᠤ   ᠶᠢ  ᠡᠪᠳᠡᠳᠡᠭ  ᠭᠡᠰᠡᠨ   ᠢ ᠬᠠᠷᠠᠬᠠᠨ ᠮᠡᠳᠡᠬᠦ ᠦᠭᠡᠢ ᠪᠠᠶᠢᠨ᠎ᠠ᠃                 ᠵᠠᠷᠢᠮ ᠨᠤᠭᠤᠭ᠎ᠠ ᠵᠢᠮᠢᠰ ᠤᠨ ᠰᠢᠮ᠎ᠡ ᠲᠡᠵᠢᠭᠡᠯ ᠤᠨ ᠡᠯᠧᠮᠧᠨ᠋ᠲ ᠵᠢᠱᠢᠶᠡᠯᠡᠪᠡᠯ ᠸᠢᠲ᠋ᠠᠮᠢᠨ E᠂ ᠨᠤᠭᠤᠭᠠᠨ ᠴᠠᠢ ᠶᠢᠨ ᠪᠧᠨᠤᠯ ᠵᠡᠷᠭᠡ ᠨᠢ ᠭᠤᠶᠤᠵᠢᠭᠤᠯᠵᠦ ᠴᠠᠭᠠᠷᠠᠭᠤᠯᠬᠤ᠂ ᠤᠰᠤ  ᠨᠦᠬᠦᠬᠦ᠂  ᠬᠦᠷᠦᠰᠤ   ᠶᠢ  ᠵᠦᠭᠡᠯᠡᠷᠡᠭᠦᠯᠬᠦ  ᠦᠢᠯᠡᠳᠤᠯ   ᠲᠠᠢ  ᠪᠠᠶᠢᠳᠠᠭ   ᠢ ᠦᠭᠡᠶᠢᠰᠭᠡᠵᠦ ᠪᠤᠯᠬᠤ ᠦᠭᠡᠢ ᠪᠤᠯᠪᠠᠴᠤ ᠡᠨᠡ ᠨᠢ ᠪᠤᠢ ᠪᠦᠬᠦᠢ ᠨᠤᠭᠤᠭ᠎ᠠ ᠵᠢᠮᠢᠰ ᠢ ᠪᠦᠷ ᠨᠢᠭᠤᠷ ᠲᠤ ᠲᠦᠷᠬᠢᠵᠦ  ᠪᠤᠯᠤᠨ᠎ᠠ  ᠭᠡᠰᠡᠨ ᠶᠠᠪᠤᠳᠠᠯ ᠪᠢᠰᠢ ᠶᠤᠮ᠃ ᠵᠢᠱᠢᠶᠡᠯᠡᠪᠡᠯ᠂ ᠰᠢᠨ᠎ᠡ ᠰᠤᠷᠭᠤᠭ ᠲᠦᠮᠦᠰᠤ ᠶᠢᠨ ᠱᠦᠭᠦᠰᠤᠨ ᠳᠠᠬᠢ ᠤᠷᠭᠤᠮᠠᠯ ᠤᠨ  ᠱᠦᠯᠳᠤ   ᠨᠢ  ᠠᠷᠠᠰᠤ ᠬᠦᠷᠦᠰᠤᠨ ᠳᠤ ᠬᠠᠷᠰᠢᠳᠠᠭ︔ ᠨᠢᠮᠪᠡᠭᠡ᠂ ᠬᠦᠵᠡᠯᠵᠡᠭᠡᠨ᠎ᠡ᠂ ᠲᠠᠷᠪᠤᠰ ᠤᠨ ᠬᠠᠯᠢᠰᠤ ᠵᠡᠷᠭᠡ ᠳᠤ ᠨᠤᠭᠤᠭ᠎ᠠ ᠵᠢᠮᠢᠰᠤᠨ  ᠬᠦᠴᠢᠯ  ᠵᠡᠷᠭᠡ ᠡᠯᠪᠡᠭ ᠠᠭᠤᠯᠠᠳᠠᠭ ᠪᠤᠯᠬᠤᠷ ᠠᠷᠠᠰᠤ ᠬᠦᠷᠦᠰᠤ ᠶᠢ ᠬᠠᠭᠤᠷᠠᠶᠢᠰᠢᠭᠤᠯᠵᠦ᠂ ᠬᠠᠪᠤᠳᠤᠭᠤᠯᠬᠤ ᠵᠡᠷᠭᠡ ᠡᠪᠡᠳᠴᠢᠨ ᠤ ᠢᠯᠡᠷᠡᠯ ᠭᠠᠷᠳᠠᠭ︔ ᠠᠭᠠᠷᠤ ᠴᠡᠴᠡᠭ᠂ ᠪᠡᠷᠰᠡᠤᠳᠤ ᠵᠦᠷᠵᠢ ᠵᠡᠷᠭᠡ ᠵᠢᠮᠢᠰ ᠲᠤ ᠨᠠᠷᠠᠨ ᠳᠤ ᠬᠠᠷᠰᠢᠬᠤ ᠴᠢᠨᠠᠷ ᠤᠨ ᠪᠤᠳᠠᠰ  ᠪᠠᠶᠢᠳᠠᠭ  ᠪᠤᠯᠬᠤᠷ  ᠨᠠᠷᠠᠨ   ᠤ ᠭᠡᠷᠡᠯ ᠲᠤᠤᠷ᠎ᠠ ᠤᠷᠪᠠᠯ ᠡᠭᠦᠰᠴᠤ᠂ ᠲᠠᠲᠠᠪᠠᠯᠵᠠᠬᠤ᠂ ᠤᠯᠠᠶᠢᠵᠦ  ᠬᠠᠪᠤᠳᠬᠤ᠂  ᠪᠠᠷᠵᠢᠬᠦ᠂  ᠴᠦᠪᠤᠷᠢᠭᠦᠳᠡᠬᠦ  ᠵᠡᠷᠭᠡ  ᠠᠷᠠᠰᠤᠨ   ᠤ ᠦᠷᠪᠢᠰᠦᠯ ᠤᠨ ᠢᠯᠡᠷᠡᠯ ᠤᠳ ᠭᠠᠷᠳᠠᠭ ᠪᠠᠶᠢᠨ᠎ᠠ᠃                 ᠬᠡᠷᠪᠡ ᠨᠤᠭᠤᠭ᠎ᠠ ᠵᠢᠮᠢᠰ ᠢᠶᠠᠷ ᠨᠢᠭᠤᠷ ᠴᠡᠪᠡᠷᠰᠢᠭᠦᠯᠦᠭᠴᠢ ᠪᠤᠯᠭᠠᠶ᠎ᠠ ᠭᠡᠪᠡᠯ  ᠦᠷᠭᠡᠰᠤᠳᠤ  ᠬᠡᠮᠬᠡ  ᠪᠤᠶᠤ  ᠲᠦᠮᠤᠰᠤ   ᠶᠢ ᠰᠤᠩᠭᠤᠵᠦ ᠪᠤᠯᠤᠨ᠎ᠠ᠃ ᠡᠨᠡ ᠬᠤᠶᠠᠷ ᠨᠤᠭᠤᠭ᠎ᠠ ᠶᠢᠨ ᠮᠠᠭᠤ ᠲᠤᠰᠬᠠᠯ ᠪᠠᠭ᠎ᠠ᠂ ᠠᠶᠤᠯᠬᠦᠢ ᠴᠢᠨᠠᠷ ᠰᠠᠶᠢᠨ ᠶᠤᠮ᠃ ᠦᠷᠭᠡᠰᠤᠳᠤ  ᠬᠡᠮᠬᠡ ᠤᠰᠤᠷᠬᠠᠭ᠂ ᠪᠦᠯᠢᠶᠡᠨ ᠴᠢᠨᠠᠷᠲᠠᠢ ᠪᠤᠯᠬᠤᠷ ᠠᠷᠠᠰᠤ ᠶᠢ ᠤᠮᠳᠠᠯᠠᠬᠤ ᠶᠢᠨ ᠬᠠᠮᠳᠤ᠂ ᠰᠢᠷ᠎ᠠ ᠦᠰᠦᠨ ᠤ ᠨᠦᠬᠡ   ᠶᠢ  ᠪᠠᠭᠠᠰᠬᠠᠳᠠᠭ᠃ ᠲᠦᠮᠦᠰᠤ ᠪᠠᠷ ᠨᠢᠳᠤᠨ ᠤ ᠡᠷᠬᠢᠨ ᠲᠤᠭᠤᠷᠢᠨ ᠢ ᠰᠢᠪᠠᠪᠠᠯ ᠨᠢᠳᠤ ᠭᠠᠷᠬᠠᠯᠠᠬᠤ ᠶᠢ ᠵᠠᠰᠠᠳᠠᠭ᠃                 ᠰᠠᠨᠠᠭᠤᠯᠠᠭᠤᠰᠢᠲᠠᠢ ᠨᠢ ᠭᠡᠪᠡᠯ᠂ ᠬᠦᠮᠤᠨ ᠪᠦᠷᠢ ᠶᠢᠨ ᠠᠷᠠᠰᠤᠨ ᠤ ᠴᠢᠨᠠᠷ ᠠᠳᠠᠯᠢ ᠪᠤᠰᠤ  ᠤᠴᠢᠷ   ᠠᠴᠠ  ᠠᠶᠤᠯᠬᠦᠢ   ᠶᠢ ᠪᠤᠳᠤᠯᠬᠢᠯᠠᠵᠦ᠂ ᠬᠡᠷᠡᠭᠯᠡᠬᠦ ᠠᠴᠠ ᠪᠠᠨ ᠡᠮᠤᠨ᠎ᠡ ᠴᠢᠬᠢᠨ   ᠤ  ᠠᠷᠤ᠂  ᠭᠠᠷ   ᠤᠨ  ᠠᠷᠤ   ᠳᠤ  ᠲᠤᠷᠰᠢᠵᠦ᠂  ᠬᠠᠷᠰᠢ  ᠦᠭᠡᠢ   ᠶᠢ ᠯᠠᠪᠲᠠᠭᠤᠯᠤᠭᠰᠠᠨ ᠤ ᠰᠡᠭᠦᠯᠡᠷ ᠬᠡᠷᠡᠭᠯᠡᠪᠡᠯ ᠰᠠᠶᠢᠨ᠃ ᠡᠭᠦᠨ ᠠᠴᠠ ᠭᠠᠳᠠᠨ᠎ᠠ᠂ ᠬᠦᠷᠪᠡᠰᠢ᠂ ᠠᠷᠠᠰᠤᠨ ᠤ ᠨᠠᠮᠤᠰᠤ  ᠪᠤᠶᠤ  ᠮᠦᠭᠡᠷᠰᠤᠨ ᠬᠤᠭᠤᠯᠠᠢ ᠶᠢᠨ ᠪᠠᠭᠲᠠᠷᠠᠭ᠎ᠠ ᠵᠡᠷᠭᠡ ᠬᠠᠷᠰᠢᠮᠠᠲᠠᠭᠠᠢ ᠡᠪᠡᠳᠴᠢᠨ ᠲᠠᠢ  ᠬᠦᠮᠤᠨ  ᠨᠤᠭᠤᠭ᠎ᠠ  ᠵᠢᠮᠢᠰ   ᠢ  ᠪᠤᠯᠭᠤᠮᠵᠢᠲᠠᠢ  ᠬᠡᠷᠡᠭᠯᠡᠪᠡᠯ ᠵᠤᠬᠢᠨ᠎ᠠ᠃      (  ᠲᠤᠮᠳᠠᠳᠤ ᠤᠯᠤᠰ ᠤᠨ ᠲᠦᠷᠬᠦ ᠵᠠᠰᠠᠯ ᠵᠢᠰᠤ ᠭᠤᠶᠤᠯᠠᠯ ᠤᠨ ᠨᠡᠶᠢᠭᠡᠮᠯᠢᠭ ᠤᠨ ᠬᠡᠷᠡᠭ ᠡᠷᠬᠢᠯᠡᠭᠴᠢ ᠴᠧᠨ ᠸᠧᠢ ᠬᠤᠸᠠ)                                                                     ᠰᠤᠪᠤᠳ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号