︽ᠴᠠᠰᠣᠳᠣ ᠶᠢᠨ ᠤᠶᠠᠭᠠᠴᠢ︾ ᠮᠤᠷᠢᠨ ᠤ ᠣᠷᠣᠯᠳᠣᠭᠠᠨ ᠠᠮᠵᠢᠯᠳᠠᠳᠠᠢ ᠶᠠᠪᠤᠭᠳᠠᠯ᠎ᠠ
ᠨᠡᠶᠢᠲᠡᠯᠡᠭᠰᠡᠨ ᠴᠠᠭ᠄
2017/3/6
        2 ᠰᠠᠷ᠎ᠠ ᠶᠢᠨ 25᠎ ᠤ ᠡᠳᠣᠷ᠂ ᠭᠠᠰᠤ ᠮᠤᠵᠢ ᠶᠢᠨ ᠰᠦᠪᠸᠢ ᠰᠢᠶᠠᠨ ᠤ ᠮᠠᠯᠴᠢᠨ ᠵᠠᠯᠠᠭᠤ ᠰᠦᠮᠪᠤᠷ᠂ ᠵᠢᠢ ᠰᠢᠦᠢ ᠠᠴᠠ  ᠡᠷᠭᠢᠯᠡᠭᠰᠡᠨ ︽ᠴᠠᠰᠣᠳᠣ ᠶᠢᠨ ᠤᠶᠠᠭᠠᠴᠢ︾ ᠮᠤᠷᠢᠨ ᠤ ᠤᠷᠤᠯᠳᠣᠭᠠᠨ ᠰᠥᠪᠸᠢ ᠰᠢᠶᠠᠨ ᠤ ᠮᠦᠡᠭᠭᠡᠪᠠᠶᠠᠨ ᠤᠪᠤᠭ᠎ᠠ ᠶᠢᠨ ᠮᠤᠷᠢ ᠤᠷᠤᠯᠳᠣᠬᠤ ᠲᠠᠯᠠᠪᠤᠷ ᠲᠤ ᠬᠦᠭᠵᠢᠶᠡᠨᠳᠡᠢ ᠶᠠᠪᠤᠭᠳᠠᠪᠠ᠃ ᠡᠨᠡ ᠪᠤᠯ ᠰᠥᠪᠸᠢ ᠎ ᠶᠢᠨ ᠮᠠᠯᠴᠢᠨ ᠵᠠᠯᠠᠭᠤᠰ ᠤᠨ ᠡᠷᠬᠢᠯᠡᠨ ᠶᠠᠪᠤᠭᠳᠠᠭᠤᠯᠤᠭᠰᠠᠨ2017 ᠤᠨ ᠤ ᠭᠤᠷᠪᠠᠳᠠᠬᠢ ᠣᠳᠠᠭᠠᠨ ᠤ ᠮᠣᠷᠢᠨ ᠤ ᠤᠷᠤᠯᠳᠣᠭᠠᠨ ᠪᠤᠯᠤᠨ᠎ᠠ᠃        ᠵᠤᠬᠢᠶᠠᠨ ᠪᠠᠶᠢᠭᠤᠯᠤᠭᠴᠢᠳ ᠠᠴᠠ ᠲᠤᠰ ᠣᠳᠠᠭᠠᠨ ᠤ ᠤᠷᠤᠯᠳᠣᠭᠠᠨ  ᠎ ᠳᠤ ᠪᠠᠰᠠ ᠲᠦᠬᠦᠮᠭᠡᠨ ᠡᠬᠢᠯᠡᠯᠳᠡ ᠎ ᠶᠢᠨ ᠶᠣᠰᠣᠯᠠᠯ  ᠪᠡᠯᠡᠳᠭᠡᠵᠤ᠂ ᠰᠥᠪᠸᠢ ᠰᠢᠶᠠᠨ ᠤ ᠠᠷᠠᠳ ᠤᠨ ᠣᠷᠠᠯᠢᠭᠴᠢᠳ ᠠᠴᠠ ᠤᠷᠳᠣ ᠶᠢᠨ ᠲᠠᠭᠤᠤ᠂ ᠮᠤᠷᠢᠨ ᠬᠤᠭᠤᠷ ᠵᠡᠷᠭᠡ ᠤᠷᠠᠨ ᠰᠠᠶᠢᠬᠠᠨ ᠤ ᠲᠤᠭᠯᠠᠯᠳᠠ ᠪᠠᠷ ᠣᠷᠣᠯᠳᠣᠭᠠᠨ ᠤ ᠰᠠᠯᠬᠢ ᠬᠠᠭᠠᠯᠤᠯ᠎ᠠ᠃       ᠦᠨᠳᠣᠰᠣᠳᠡᠨ ᠤ ᠢᠶᠠᠨ ᠰᠢᠯᠢᠳᠡᠭ ᠰᠣᠶᠣᠯ ᠢᠶᠠᠨ ᠤᠯᠠᠮᠵᠢᠯᠠᠨ ᠬᠦᠭᠵᠢᠬᠦᠯᠵᠣ  ᠂ ᠪᠦᠬᠦ ᠰᠢᠶᠠᠨ ᠤ ᠡᠯ᠎ᠡ ᠦᠨᠳᠣᠰᠣᠳᠡᠨ ᠤ ᠠᠷᠠᠳ ᠣᠯᠠᠨ ᠤ ᠰᠣᠶᠣᠯ ᠤᠨ ᠠᠮᠢᠳᠣᠷᠠᠯ ᠢ ᠪᠠᠶ᠋ᠯᠢᠭᠵᠢᠭᠤᠯᠬᠤ ᠵᠤᠷᠢᠯᠭ᠎ᠠ ᠪᠠᠷ ᠡᠷᠬᠢᠯᠡᠨ ᠶᠠᠪᠤᠭᠳᠠᠭᠤᠯᠤᠭᠰᠠᠨ ᠲᠤᠰ ᠣᠳᠠᠭᠠᠨ ᠤ ᠤᠷᠤᠯᠳᠣᠭᠠᠨ ᠨᠢ ᠵᠢᠷᠤᠭ᠎ᠠ ᠮᠤᠷᠢ᠂ ᠬᠦᠶᠤᠳᠠᠯ ᠤᠨ ᠮᠣᠷᠢ ᠶᠢ ᠨᠠᠰᠣ ᠰᠢᠳᠣ ᠪᠠᠷ ᠨᠢ ᠭᠤᠷᠪᠠᠨ ᠲᠤᠭᠤᠶᠢᠯᠠᠩ ᠬᠤᠪᠢᠶᠠᠨ᠂ ᠵᠢᠷᠭᠤᠭᠠᠨ ᠲᠦᠷᠤᠯ ᠤᠨ ᠤᠷᠤᠯᠳᠣᠭᠠᠨ ᠶᠠᠪᠤᠭᠲᠠᠭᠤᠯᠪᠠ᠃       ᠲᠤᠰ ᠤᠳᠠᠭᠠᠨ ᠤ ︽ᠴᠠᠰᠣᠳᠣ ᠶᠢᠨ ᠤᠶᠠᠭᠠᠴᠢ︾ ᠮᠤᠷᠢᠨ ᠤ ᠤᠷᠤᠯᠳᠣᠭᠠᠨ ᠳᠤ  ᠰᠥᠪᠸᠢ ᠰᠢᠶᠠᠨ ᠤ ᠡᠯ᠎ᠡ ᠰᠣᠮᠣ  ᠪᠠᠯᠭᠠᠰᠣ ᠠᠴᠠ ᠬᠦᠷᠣᠯᠴᠡᠨ ᠢᠷᠡᠵᠡᠭᠡᠭᠰᠡᠨ ᠭᠤᠴᠢᠭᠠᠳ ᠤᠨᠤᠭᠠᠴᠢ᠂ ᠲᠠᠯᠠᠨ ᠮᠤᠷᠢ ᠤᠷᠣᠯᠳᠣᠭᠠᠨ ᠎ ᠳᠤ ᠤᠷᠤᠯᠴᠠᠵᠠᠢ᠃       ᠡᠨᠡ ᠵᠢᠯ ᠠᠴᠠ ᠰᠦᠪᠸᠢ ᠳᠤ ᠰᠢᠨ᠎ᠡ ᠨᠢᠬᠡ ᠦᠶ᠎ᠡ ᠶᠢᠨ ᠵᠠᠯᠠᠭᠤ ᠮᠠᠯᠴᠢᠳ ‍ᠤᠨ‌ᠡᠷᠬᠢᠯᠡᠭᠰᠡᠨ ᠮᠣᠷᠢᠨ ᠤ ᠤᠷᠤᠯᠳᠣᠭᠠᠨ  ᠠᠷᠪᠢᠳᠴᠣ᠂ ᠮᠠᠽᠦ᠋ᠡᠭᠱᠠᠨ᠂ ᠶᠤᠷᠬᠤᠨ ᠵᠡᠷᠭᠡ ᠨᠤᠳᠤᠭ ᠤᠨ ᠮᠠᠯᠴᠢᠳ ᠴᠦ ᠮᠢᠩᠭᠠᠨ ᠭᠠᠵᠠᠷ ᠤᠨ ᠬᠤᠯᠠ ᠠᠴᠠ ᠬᠦᠷᠤᠯᠴᠠᠨ ᠢᠷᠡᠵᠡᠭᠡᠵᠤ᠂ ᠮᠤᠷᠢᠨ ᠤ ᠣᠷᠣᠯᠳᠣᠭᠠᠨ ᠳᠤ ᠤᠷᠤᠯᠴᠠᠳᠠᠭ ᠪᠤᠯᠵᠠᠢ᠃ ᠮᠠᠯᠴᠢᠳ ᠠᠴᠠ ᠦᠪᠡᠷ ᠢᠶᠠᠨ ᠮᠦᠡᠭᠭᠦ ᠲᠦᠬᠦᠷᠢᠭ ᠵᠠᠷᠣᠴᠠᠭᠤᠯᠤᠨ ᠮᠤᠷᠢᠨ ᠤ ᠤᠷᠤᠯᠳᠣᠭᠠᠨ  ᠡᠷᠬᠢᠯᠡᠵᠤ ᠪᠠᠶᠢᠭ᠎ᠠ ᠨᠢ ᠡᠨᠡᠬᠦ ᠣᠯᠠᠮᠵᠢᠯᠠᠯᠳᠣ ᠰᠣᠶᠣᠯ ᠢᠶᠠᠨ  ᠦᠪᠯᠡᠨ ᠬᠦᠭᠵᠢᠬᠦᠯᠵᠣ  ᠂  ᠰᠥᠪᠸᠢ ᠶᠢᠨ ᠰᠤᠶᠤᠯ ᠵᠢᠭᠤᠯᠴᠢᠯᠠᠯ ᠤᠨ ᠦᠢᠯᠡᠰ ᠤᠨ ᠬᠦᠭᠵᠢᠯᠳᠡ ᠳᠤ ᠢᠳᠡᠪᠬᠢᠳᠡᠢ ᠦᠢᠯᠡᠳᠣᠯ ᠦᠵᠡᠬᠦᠯᠤᠭ᠍ᠰᠡᠨ ᠮᠦᠷᠳᠡᠭᠡᠨ ᠡᠨᠡ ᠵᠢᠯ  ᠰᠥᠪᠸᠢ ᠰᠢᠶᠠᠨ ᠤᠯᠠᠨ ᠤᠯᠤᠰ ᠎ ᠤᠨ  ᠭᠡᠪᠴᠢᠶᠠᠨ ᠤ ᠨᠠᠶᠢᠷ ᠨᠠᠭᠠᠳᠣᠮ  ᠡᠷᠬᠢᠯᠡᠬᠦ ᠳᠤ ᠪᠠᠳᠣ ᠰᠠᠭᠤᠷᠢ ᠲᠠᠯᠪᠢᠵᠠᠢ᠃
 
ᠢᠷᠡᠯᠲᠡ᠄ ᠲᠦᠪ ᠤᠨ ᠲᠧᠯᠸᠢᠰ ᠤᠨ ᠮᠡᠳᠡᠭᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号