ᠤᠯᠠᠨ ᠵᠦᠢᠯ ᠤᠨ ᠠᠷᠭ᠎ᠠ ᠬᠡᠮᠵᠢᠶ᠎ᠡ ᠪᠠᠷ ᠮᠠᠯ ᠰᠦᠷᠦᠭ ᠢᠶᠠᠨ ᠮᠡᠨᠳᠤ ᠦᠰᠭᠡᠨ᠎ᠡ
ᠨᠡᠶᠢᠲᠡᠯᠡᠭᠰᠡᠨ ᠴᠠᠭ᠄
2017-03-07
        ᠰᠢᠨ᠎ᠠ ᠪᠠᠷᠭᠤ ᠵᠡᠬᠦᠨ ᠬᠤᠰᠢᠭᠤᠨ ᠤ ᠭᠠᠨᠵᠤᠤᠷ ᠰᠤᠮᠤ 2016 ᠤᠨ ᠤ ᠬᠦᠨᠳᠦ ᠭᠡᠴᠡᠬᠦᠦ ᠭᠠᠩ  ᠬᠠᠭᠰᠠᠷᠠᠭᠠᠨ ᠤ ᠭᠠᠮᠰᠢᠭ ᠢ ᠢᠯᠡᠨ ᠳᠠᠪᠠᠭ᠋ᠤ ᠶᠢᠨ ᠲᠦᠯᠦᠭᠡ᠂ ᠤᠯᠠᠨ ᠵᠦᠢᠯ ᠤᠨ ᠠᠷᠭ᠎ᠠ ᠬᠡᠮᠵᠢᠶ᠎ᠡ ᠠᠪᠴᠤ᠂ ᠮᠠᠯ  ᠰᠦᠷᠦᠭ ᠢᠶᠠᠨ ᠮᠠᠨᠳᠤ ᠡᠪᠤᠯᠵᠢᠬᠦᠯᠵᠦ ᠬᠠᠪᠤᠷᠵᠢᠭᠤᠯᠬᠤ ᠠᠵᠢᠯ ᠢ ᠢᠳᠡᠪᠬᠢᠳᠡᠢ ᠶᠠᠪᠤᠭᠳᠠᠭᠤᠯᠵᠤ ᠪᠠᠶᠢᠨ᠎ᠠ᠃             ᠭᠠᠩ ᠲᠠᠢ ᠵᠢᠯ᠂ ᠵᠤᠳ ᠲᠠᠢ ᠤᠨ ᠤ ᠬᠦᠴᠢᠷ ᠪᠡᠷᠭᠡ ᠶᠢ ᠡᠷᠳᠡ ᠠᠴᠠ ᠠᠷᠭᠠᠴᠠᠬᠤ ᠶᠢᠨ ᠲᠦᠯᠦᠭᠡ᠂  ᠭᠠᠨᠵᠤᠤᠷ ᠰᠤᠮᠤ ᠶᠠᠭᠤᠨ ᠤ ᠡᠮᠤᠨ᠎ᠠ ᠮᠠᠯ ᠤᠨ ᠭᠠᠷᠭᠠᠯᠳᠠ ᠶᠢ ᠴᠢᠩᠭ᠎ᠠ ᠠᠳᠬᠤᠨ᠂ ᠡᠪᠤᠯᠵᠢᠬᠦ ᠡᠬᠡ ᠮᠠᠯ ᠢ ᠵᠦᠪᠬᠡᠨ  7 ᠲᠦᠮᠡ 9 ᠮᠢᠩᠭᠠᠨ ᠳᠤᠯᠤᠭᠠᠢ ᠦᠯᠡᠳᠡᠬᠡᠵᠦ᠂ ᠡᠬᠦᠨ ᠳᠤ ᠪᠤᠳᠠ ᠮᠠᠯ 2.2 ᠲᠦᠮᠡ᠂ ᠪᠤᠭ ᠮᠠᠯ 5.7 ᠲᠦᠮᠡ  ᠪᠠᠶᠢᠨ᠎ᠠ᠃ ᠡᠪᠡᠰᠤ ᠪᠤᠷᠳᠤᠭ᠎ᠠ ᠬᠦᠷᠦᠯᠴᠡᠬᠦ ᠦᠬᠡᠢ ᠪᠠᠶᠢᠳᠠᠯ ᠲᠤᠤᠷ᠎ᠠ ᠭᠠᠳᠠᠨ᠎ᠠ ᠠᠴᠠ ᠨᠢᠬᠡ ᠲᠦᠮᠡᠨ ᠲᠤᠨ ᠡᠪᠡᠰᠤ  ᠪᠤᠷᠳᠤᠭ᠎ᠠ ᠤᠷᠤᠭᠤᠯᠵᠦ᠂ ᠡᠬᠦᠨ ᠳᠤ ᠵᠠᠰᠠᠭ ᠤᠨ ᠤᠷᠳᠤᠨ ᠤ ᠨᠦᠬᠦᠪᠦᠷᠢ ᠲᠠᠢ ᠪᠤᠷᠳᠤᠭ᠎ᠠ 3000 ᠲᠦᠮᠡᠨ ᠲᠤᠨ  ᠬᠦᠷᠦᠭᠰᠠᠨ ᠪᠠᠶᠢᠨ᠎ᠠ᠃ ᠦᠩᠬᠡᠷᠡᠭᠰᠠᠨ ᠵᠢᠯ ᠳᠤ᠂ ᠭᠠᠨᠵᠤᠤᠷ ᠰᠤᠮᠤᠨ ᠤ 13 ᠡᠷᠦᠬᠡ᠂ ᠠᠷᠤᠡ ᠬᠤᠰᠢᠭᠤ ᠪᠤᠯᠤᠨ  ᠬᠢᠩᠭᠠᠨ ᠠᠶᠢᠮᠠᠭ᠂ ᠲᠦᠩᠯᠢᠶᠤᠤ ᠬᠤᠳᠠ ᠳᠤ ᠨᠤᠳᠤᠭ ᠵᠢᠬᠡᠯᠡᠨ ᠡᠪᠤᠯᠵᠢᠪᠡ᠃ ︽ᠮᠠᠠ ᠤ ᠬᠤᠰᠢᠭᠤ ᠰᠤᠮᠤᠠ ᠠᠴᠠ  ᠡᠪᠡᠰᠤ ᠪᠤᠷᠳᠤᠭᠠᠠ ᠤ ᠨᠦᠬᠦᠪᠤᠷᠢ ᠦᠭᠬᠦᠨ᠎ᠠ ᠬᠡᠰᠠᠠ ᠴᠢᠮᠡᠭᠡ ᠢᠷᠡᠭᠰᠠᠠ ᠪᠤᠯᠬᠤᠷ ᠪᠢ ᠭᠠᠳᠠᠭᠰᠢ ᠭᠠᠷᠤᠭᠰᠠᠠ ᠦᠬᠡᠢ  ᠂ ᠰᠡᠬᠦᠯ ᠳᠤ ᠪᠠᠰᠠ ᠲᠠᠷᠠ ᠴᠢᠮᠡᠭᠡ ᠪᠠᠳᠤᠯᠠᠭ᠎ᠠ ᠲᠠᠢ ᠪᠤᠯᠵᠦ᠂ ᠪᠢ ᠭᠠᠳᠠᠨ᠎ᠠ ᠪᠠᠨ ᠭᠤᠴᠢᠠ ᠲᠤᠠ ᠪᠤᠷᠳᠤᠭ᠎ᠠ  ᠪᠠᠭᠤᠯᠭᠠᠵᠦ᠂ ᠡᠨᠡ ᠡᠪᠤᠯ ᠮᠠᠯ ᠬᠠᠷ᠎ᠠ ᠪᠠᠨ ᠮᠠᠠᠳᠦ ᠦᠩᠬᠡᠷᠡᠬᠦᠯᠬᠦ ᠳᠤ ᠪᠠᠳᠤᠯᠠᠭ᠎ᠠ ᠲᠠᠢ ᠪᠤᠯᠵᠠᠢ︾ ᠬᠡᠵᠤ ᠮᠠᠯᠴᠢᠠ  ᠰᠦᠰᠦᠯᠳᠤᠩᠭᠠᠯᠠᠭ ᠶᠡᠷᠢᠨ᠎ᠠ᠃            ᠭᠠᠨᠵᠤᠤᠷ ᠰᠤᠮᠤᠨ ᠤ ᠤᠯᠠᠭᠠᠨᠪᠤᠯᠠᠭ ᠭᠠᠴᠠᠭᠠᠨ ᠤ ᠮᠠᠯᠴᠢᠨ ᠬᠤᠶᠠᠭᠳᠤ ᠠᠷᠤᠡ ᠬᠤᠰᠢᠭᠤᠨ ᠤ ᠶᠠ ᠳ᠋ᠦᠩ  ᠪᠠᠯᠭᠠᠰᠤ ᠶᠢᠨ ᠳ᠋ᠦᠩ ᠰᠢᠨ ᠳᠤᠰᠬᠤᠨ ᠤ ᠮᠠᠯ ᠳᠡᠵᠢᠬᠡᠪᠦᠷᠢ ᠶᠢᠨ ᠳᠤᠭᠤᠷᠢᠭ ᠲᠤ ᠨᠠᠶᠠ ᠭᠠᠷᠤᠢ ᠦᠬᠡᠷ ᠢᠶᠠᠨ  ᠠᠪᠠᠴᠢᠭᠠᠳ ᠡᠪᠤᠯᠵᠢᠵᠦ ᠪᠠᠶᠢᠨ᠎ᠠ᠃ ᠵᠠᠰᠠᠭ ᠤᠨ ᠤᠷᠳᠤᠨ ᠤ ᠳᠠᠯ᠎ᠠ ᠠᠴᠠ ᠬᠠᠷᠢᠯᠴᠠᠭᠰᠠᠨ ᠪᠤᠯᠬᠤᠷ ᠮᠠᠯᠴᠢᠨ  ᠬᠤᠶᠠᠭᠳᠤ ᠪᠡᠯᠴᠢᠭᠡᠷ ᠬᠦᠯᠦᠰᠦᠯᠡᠬᠦ ᠵᠤᠭᠤᠰ ᠮᠦᠩᠬᠦ ᠭᠠᠷᠭᠠᠭᠰᠠᠨ ᠦᠬᠡᠢ᠂ ᠳᠡᠳᠡᠨ ᠤ ᠬᠠᠰᠢᠶ᠎ᠠ ᠬᠦᠷᠢᠶ᠎ᠡ ᠶᠢ  ᠠᠰᠢᠭᠯᠠᠨ ᠳᠡᠷᠢᠶᠠᠨ ᠤ ᠡᠰᠢ ᠰᠦᠷᠡᠯ ᠵᠡᠷᠭᠡ ᠭᠡᠰᠡᠭ ᠭᠡᠮᠵᠢᠶᠡᠨ ᠤ ᠳᠡᠵᠢᠬᠡᠯ ᠬᠤᠳᠠᠯᠳᠤᠵᠦ ᠠᠪᠤᠭᠠᠳ ᠡᠪᠤᠯᠵᠢᠪᠡ᠃             ᠭᠠᠨᠵᠤᠤᠷ ᠰᠤᠮᠤᠠ ᠤ ᠲᠠᠷᠤᠭ᠎ᠠ ᠮᠠᠠᠳᠤᠬᠤᠪᠠᠶᠠᠷ ᠰᠤᠷᠪᠤᠯᠵᠢᠯᠠᠬᠴᠢ ᠳᠤ᠄ ︽ᠦᠴᠤᠬᠡᠳᠤᠷ ᠪᠢᠳᠠ ᠠᠷᠤᠠ  ᠬᠤᠰᠢᠭᠤᠠ ᠳᠤ ᠬᠦᠷᠴᠦ ᠲᠠᠠᠳᠠ ᠡᠪᠤᠯᠵᠢᠵᠦ ᠪᠠᠶᠢᠭ᠎ᠠ ᠮᠠᠠ ᠤ ᠬᠡᠳᠤᠠ ᠮᠠᠯᠴᠢᠥᠠ ᠢᠶᠠᠨ ᠪᠤᠯᠭᠤᠭᠠᠠ  ᠲᠤᠬᠤᠨᠢᠭᠤᠯᠵᠠᠢ᠂ ᠡᠨᠡ ᠡᠳᠤᠷ ᠪᠠᠰᠠ ᠬᠢᠩᠭᠠᠠ ᠠᠶᠢᠮᠠᠭ ᠤᠨ ᠵᠠᠯᠠᠶᠢᠥᠠ ᠬᠤᠰᠢᠭᠤᠠ ᠳᠤ ᠬᠦᠷᠴᠦ᠂ ᠠᠳᠠ  ᠡᠪᠤᠯᠵᠢᠵᠦ ᠪᠠᠶᠢᠭ᠎ᠠ ᠮᠠᠯᠴᠢᠥᠠ ᠢᠶᠠᠨ ᠲᠤᠬᠤᠨᠢᠭᠤᠯᠵᠦ ᠢᠷᠡᠬᠡᠥᠠ ᠪᠠᠶᠢᠨ᠎ᠠ᠃ ᠮᠠᠯᠴᠢᠥᠠ ᠠᠴᠠ ᠤᠶᠢᠯᠠᠭᠠᠬᠤ ᠪᠠᠷ  ᠠᠳᠠ ᠲᠡᠵᠢᠬᠡᠯ ᠪᠤᠷᠳᠤᠭᠠᠠ ᠤ ᠲᠠᠯ᠎ᠠ ᠪᠠᠷ ᠶᠡᠭᠡ ᠠᠷᠪᠢᠲᠠᠢ ᠪᠠᠶᠢᠵᠦ᠂ ᠡᠪᠤᠯ ᠢ ᠦᠩᠬᠡᠷᠡᠬᠦᠯᠬᠦ ᠳᠤ ᠠᠰᠠᠭᠤᠳᠠᠯ  ᠦᠬᠡᠢ ᠬᠡᠵᠦ ᠪᠠᠶᠢᠨ᠎ᠠ᠃ ᠵᠠᠷᠢᠮ ᠬᠦᠮᠤᠰ ᠨᠢ ᠪᠠᠰᠠ ᠲᠦᠯ ᠲᠤᠰᠬᠤ ᠠᠴᠠ ᠪᠠᠨ ᠡᠮᠤᠨ᠎ᠠ ᠶᠠᠪᠤᠨ᠎ᠠ ᠬᠡᠵᠦ ᠪᠠᠶᠢᠨ᠎ᠠ᠂  ᠵᠠᠷᠢᠮ ᠨᠢ ᠪᠠᠰᠠ ᠲᠦᠯ ᠢᠶᠠᠨ ᠲᠤᠰᠤᠭᠠᠥᠠ ᠨᠤᠳᠤᠭ ᠲᠠᠭᠠᠨ ᠪᠤᠴᠠᠨ᠎ᠠ︾ ᠬᠡᠵᠦ ᠪᠠᠶᠢᠨ᠎ᠠ᠃      ᠭᠠᠨᠵᠤᠤᠷ ᠰᠤᠮᠤᠨ ᠤ ᠶᠡᠬᠡᠬᠦ᠋ᠷᠢᠶ᠎ᠡ ᠭᠠᠴᠠᠭᠠᠨ ᠤ ᠮᠠᠯᠴᠢᠨ ᠭᠤᠨᠴᠤᠭᠰᠦ᠋ᠷᠦᠩ ᠳᠠᠪᠤᠨ ᠵᠠᠭᠤ ᠭᠠᠷᠤᠢ  ᠬᠤᠨᠢ ᠪᠠᠨ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠠᠷᠪᠡᠨᠬᠡᠷ ᠪᠠᠯᠭᠠᠰᠤ ᠶᠢᠨ ᠵᠢᠷᠬᠢᠨ ᠭᠠᠴᠠᠭᠠᠨ ᠳᠤ  ᠠᠪᠴᠢᠷᠠᠨ ᠡᠪᠤᠯᠵᠢᠬᠦᠯᠵᠦ ᠪᠠᠶᠢᠨ᠎ᠠ᠃ ᠳᠤᠬᠤᠨᠢᠭᠤᠯᠬᠤ ᠪᠦᠯᠬᠦᠮ ᠢ ᠬᠦᠷᠬᠦ ᠳᠤ ᠭᠤᠨᠴᠤᠭᠰᠦ᠋ᠷᠦᠩ ᠶᠠᠭ ᠰᠠᠶ᠋ᠢᠬᠠᠨ  ᠮᠠᠯ ᠤᠨ ᠬᠢᠵᠢᠭ ᠬᠡᠮ ᠤᠨ ᠳᠠᠷᠢᠯᠭ᠎ᠠ ᠬᠢᠵᠦ ᠪᠠᠶᠢᠯ᠎ᠠ᠃ ︽ᠠᠩᠬ᠎ᠠ ᠢᠷᠡᠬᠡᠥᠠ ᠮᠠᠠ ᠤ ᠬᠤᠨᠢ ᠲᠠᠷᠢᠶᠠᠠ ᠭᠠᠵᠠᠷ  ᠲᠡᠭᠡᠷ᠎ᠠ ᠪᠡᠯᠴᠢᠵᠦ ᠲᠠᠰᠬᠤ ᠦᠬᠡᠢ ᠪᠠᠶᠢᠵᠠᠢ᠃ ᠰᠠᠷ᠎ᠠ ᠭᠠᠷᠤᠢ ᠪᠤᠯᠤᠭᠠᠥᠠ ᠰᠠᠶ᠋ᠢ ᠭᠠᠶᠢᠭᠤᠢ ᠪᠤᠯᠵᠦ᠂ ᠠᠳᠠ  ᠢᠷᠡᠬᠡᠥᠠ ᠪᠢᠳᠠ ᠪᠠᠰᠠ ᠡᠷᠳᠡᠨᠢ ᠰᠢᠰᠢ ᠵᠡᠷᠬᠡ ᠶᠢ ᠬᠤᠳᠠᠯᠳᠤᠠ ᠠᠪᠴᠠᠢ︾ ᠬᠡᠵᠤ ᠭᠤᠨᠴᠤᠭᠰᠦ᠋ᠷᠦᠩ ᠶᠠᠷᠢᠨ᠎ᠠ᠃             ᠤᠶᠢᠯᠠᠭᠠᠭᠰᠠᠨ ᠢᠶᠠᠷ᠂ ᠠᠷᠤᠡ ᠬᠤᠰᠢᠭᠤ ᠪᠤᠯᠤᠨ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠳᠤ ᠡᠪᠤᠯᠵᠢᠵᠦ  ᠪᠠᠶᠢᠭ᠎ᠠ ᠮᠠᠯᠴᠢᠳ ᠵᠠᠷᠢᠮ ᠨᠢ ᠲᠦᠯ ᠠᠴᠠ ᠡᠮᠤᠨ᠎ᠠ ᠨᠡᠬᠦᠵᠦ ᠢᠷᠡᠨ᠎ᠡ᠂ ᠵᠠᠷᠢᠮ ᠨᠢ ᠲᠦᠯ ᠢᠶᠠᠨ ᠳᠤᠰᠴᠢᠬᠠᠭᠠᠳ  ᠰᠠᠶ᠋ᠢ ᠢᠷᠡᠬᠦ ᠶᠤᠮ ᠬᠡᠨ᠎ᠡ᠃ ᠠᠷᠪᠡᠨᠭᠡᠷ ᠪᠠᠯᠭᠠᠰᠤᠠ ᠤ ᠵᠢᠷᠬᠢᠠ ᠭᠠᠴᠠᠭᠠᠠ ᠤ ᠨᠢᠭᠳᠠᠯᠠᠠ ᠪᠤᠳᠤᠭᠴᠢ ᠪᠠᠢ ᠲᠢᠶᠧ  ᠭᠠᠩ᠄ ︽ᠡᠨᠡ ᠵᠢᠯ ᠬᠦᠯᠤᠠ ᠪᠤᠶᠢᠷ ᠲᠤ ᠭᠠᠩ ᠬᠠᠭᠰᠠᠷᠠᠭᠠᠠ ᠪᠤᠯᠤᠭᠠᠥᠠ ᠡᠪᠠᠰᠣ ᠪᠤᠷᠳᠤᠭ᠎ᠠ ᠲᠤᠳᠠᠭᠳᠠᠵᠦ᠂  ᠮᠠᠠ ᠤ ᠠᠳᠠ ᠡᠪᠤᠯᠵᠢᠬᠦ ᠪᠠᠷ ᠢᠷᠡᠭᠰᠠᠠ ᠪᠠᠶᠢᠨ᠎ᠠ᠃ ᠮᠢᠨᠤ ᠦᠵᠡᠬᠦ ᠪᠠᠷ ᠮᠠᠠ ᠤ ᠭᠠᠴᠠᠭ᠎ᠠ ᠪᠠᠷ ᠢᠶᠠᠨ ᠢᠯᠡᠬᠦᠦ ᠨᠢᠬᠡ  ᠮᠠᠯᠴᠢᠨ ᠢ ᠬᠠᠪᠰᠤᠷᠪᠠᠯ ᠮᠠᠯᠴᠢᠥᠠ ᠤᠨ ᠢᠶᠠᠨ ᠢᠯᠡᠬᠦᠦ ᠨᠢᠬᠡ ᠲᠠᠷᠤᠭᠠᠰᠦ ᠶᠢ ᠬᠦᠩᠬᠡᠯᠠᠵᠦ᠂ ᠪᠢᠳᠠ ᠬᠠᠮᠳᠤᠪᠠᠷ ᠡᠨᠡ  ᠤᠳᠠᠭᠠᠠ ᠤ ᠬᠦᠴᠢᠷ ᠢ ᠲᠤᠭᠤᠯᠵᠦ ᠭᠠᠷᠤᠶ᠎ᠠ ᠬᠡᠵᠦ ᠪᠤᠳᠤᠵᠦ ᠪᠠᠶᠢᠨ᠎ᠠ︾ ᠬᠡᠵᠤ ᠶᠠᠷᠢᠵᠤ ᠪᠠᠶᠢᠯ᠎ᠠ᠃                                                           ᠰᠠᠷᠠᠨᠴᠢᠮᠡᠭ  ᠴᠢᠯᠠᠭᠤᠨᠬᠦᠦ  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号