2017 ᠤᠨ ᠤ ᠵᠠᠰᠠᠭ ‍ᠣᠨ‌ᠤᠷᠳᠤᠨ ᠤ ᠠᠵᠢᠯ ᠤᠨ ᠢᠯᠡᠳᠭᠡᠯ
ᠨᠡᠶᠢᠲᠡᠯᠡᠭᠰᠡᠨ ᠴᠠᠭ᠄
2017/3/8
          ᠵᠠᠰᠠᠭ   ᠎ ᠤᠨ    ᠤᠷᠳᠤᠨ    ᠎ ᠤ    ᠠᠵᠢᠯ   ᠎ ᠤᠨ    ᠢᠯᠡᠳᠭᠡᠯ                                      —— 2017 ᠤᠨ ᠤ 3 ᠰᠠᠷᠠᠶᠢᠨ 2᠎ ᠤᠨ ᠡᠳᠤᠷ                                            ᠬᠦᠪᠡᠭᠡᠲᠤ ᠰᠢᠷ᠎ᠠ ᠬᠤᠰᠢᠭᠤᠨ ᠤ ᠠᠷᠪᠠᠨ ᠲᠦᠷᠪᠠᠳᠤᠭᠡᠷ                                               ᠬᠤᠭᠤᠴᠠᠭᠠᠨ ᠤ  ᠠᠷᠠᠳ  ᠎ ᠤᠨ  ᠲᠦᠯᠦᠭᠡᠯᠡᠭᠴᠢᠳ                                                ᠎ ᠤᠨ  ᠶᠡᠭᠡ  ᠬᠤᠷᠠᠯ  ᠎ ᠤᠨ  ᠳᠣᠯᠣᠳᠣᠭᠠᠷ  ᠤᠳᠠᠭᠠᠨ                                                ᠎ ᠤ  ᠬᠤᠷᠠᠯᠳᠤᠭᠠᠨ  ᠳᠡᠭᠡᠷ᠎ᠡ                                         ᠬᠦᠪᠡᠭᠡᠳᠦ ᠰᠢᠷ᠎ᠠ ᠬᠤᠰᠢᠭᠤᠨ ᠤ ᠠᠷᠠᠳ ᠤᠨ ᠵᠠᠰᠠᠭ                                            ᠎ ᠤᠨ ᠤᠷᠳᠤᠨ ᠤ ᠬᠤᠰᠢᠭᠤ ᠳᠠᠷᠤᠭ᠎ᠠ                                                                    ᠬᠤᠪᠢᠰᠬᠠᠯᠲᠦᠲᠦᠯᠦᠭᠡᠯᠡᠭᠴᠢᠳ ᠡ᠄            ᠤᠳᠤ ᠪᠢ᠂ ᠬᠤᠰᠢᠭᠤ ᠠᠷᠠᠳ ᠤᠨ ᠵᠠᠰᠠᠭ ᠤᠨ ᠤᠷᠳᠤᠨ ᠢ ᠲᠦᠯᠦᠭᠡᠯᠡᠵᠣ ᠶᠡᠭᠡ ᠬᠤᠷᠠᠯ ᠳᠤ ᠠᠵᠢᠯ ᠤᠨ ᠢᠯᠡᠳᠬᠡᠯ ᠬᠢᠶ᠎ᠡ᠂ ᠬᠢᠨᠠᠨ ᠵᠥᠪᠯᠡᠬᠦ ᠪᠣᠯᠪᠠᠣ᠂ ᠬᠤᠰᠢᠭᠤ ᠤᠯᠤᠰ ᠲᠦᠷᠦ ᠶᠢᠨ ᠵᠦᠪᠯᠡᠯᠭᠡᠨ ᠤ ᠭᠡᠰᠢᠭᠦᠳ ᠪᠤᠯᠤᠨ ᠬᠤᠷᠠᠯ ᠳᠤ ᠰᠤᠯᠠ ᠣᠷᠣᠯᠴᠠᠭᠰᠠᠨ ᠨᠥᠬᠦᠳ ᠠᠴᠠ ᠰᠠᠨᠠᠯ ᠢᠶᠠᠨ ᠳᠤᠷᠠᠳᠬᠤ ᠶᠢ ᠬᠦᠰᠡᠶ᠎ᠡ᠃            ᠨᠢᠭᠡ᠂ 2016 ᠤᠨ ᠤ ᠠᠵᠢᠯ ᠤᠨ ᠡᠷᠭᠢᠴᠡᠭᠦᠯᠦᠯ            ᠦᠩᠭᠡᠷᠡᠭᠰᠡᠨ ᠨᠢᠭᠡ ᠵᠢᠯ ᠪᠤᠯ᠂ ᠮᠠᠨ ᠤ ᠬᠤᠰᠢᠭᠤᠨ ᠤ ᠠᠵᠦ ᠠᠬᠤᠢ ᠨᠡᠶᠢᠭᠡᠮ ᠤᠨ ᠭᠦᠭᠵᠢᠯᠳᠡ ᠎ ᠶᠢᠨ ᠶᠠᠪᠣᠴᠠ ᠳᠠᠬᠢ ᠶᠠᠷᠦ ᠪᠣᠰᠣ ᠶᠢᠨ ᠨᠢᠭᠡ ᠵᠢᠯ ᠪᠣᠯᠣᠨ᠎ᠠ᠃ ᠵᠠᠬ᠎ᠠ ᠲᠡᠯᠭᠡᠭᠦᠷ ᠤᠨ ᠭᠡᠷᠡᠭᠴᠡᠭᠡ ᠱᠠᠭᠠᠷᠳᠠᠯᠭ᠎ᠠ ᠭᠦᠷᠦᠯᠴᠠᠬᠦ ᠦᠭᠡᠢ᠂ ᠠᠵᠦ ᠠᠬᠤᠢ ᠶᠢᠨ ᠪᠠᠭᠤᠷᠠᠯᠳᠠ ᠶᠢᠨ ᠲᠠᠷᠣᠭᠠᠰᠦ ᠶᠡᠭᠡ ᠵᠡᠷᠭᠡ ᠲᠦᠪᠡᠭ ᠪᠣᠳᠣᠯᠢᠶᠠᠨᠲᠠᠢ ᠪᠠᠶᠢᠳᠠᠯ ᠪᠠ ᠦᠭᠡᠷᠡᠴᠢᠯᠠᠯᠳᠠ ᠭᠦᠭᠵᠢᠯᠳᠡ ᠶᠢᠨ ᠭᠦᠨᠲᠦ ᠭᠦᠴᠢᠷ ᠡᠭᠦᠷᠭᠡ ᠳᠤ ᠬᠠᠨᠳᠣᠭᠤᠯᠣᠨ᠂ ᠬᠤᠰᠢᠭᠤ ᠠᠷᠠᠳ ᠎ ᠤᠨ ᠵᠠᠰᠠᠭ ᠤᠨ ᠤᠷᠳᠤᠨ ᠨᠢ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠪᠤᠯᠤᠨ ᠬᠤᠰᠢᠭᠤ ᠨᠠᠮ ᠤᠨ ᠬᠤᠷᠢᠶᠠᠨ ᠤ ᠵᠦᠪ ᠤᠨᠤᠪᠴᠢᠲᠠᠢ ᠤᠳᠤᠷᠢᠳᠤᠯᠭ᠎ᠠ᠂ ᠬᠤᠰᠢᠭᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ᠂ ᠣᠯᠣᠰ ᠲᠦᠷᠦ ᠶᠢᠨ ᠵᠦᠪᠯᠡᠯᠭᠡᠨ ᠤ ᠭᠢᠨᠠᠯᠳᠠ ᠲᠠᠮᠵᠢᠯᠭᠡ ᠳᠤᠤᠷ᠎ᠠ᠂ ᠪᠦᠬᠦ ᠬᠤᠰᠢᠭᠤᠨ ᠤ ᠡᠯ᠎ᠡ ᠦᠨᠳᠦᠰᠦᠳᠠᠨ ᠤ ᠺᠠᠳ᠋ᠷ ᠣᠯᠠᠨ ᠲᠦᠮᠡᠨ ᠢ ᠪᠦᠯᠬᠦᠮᠳᠡᠭᠦᠯᠦᠨ ᠲᠠᠭᠠᠭᠤᠯᠵᠦ᠂ ︽ᠳᠣᠭᠳᠠᠭᠤᠨ ᠤ ᠳᠣᠮᠳᠠ ᠯᠠᠪᠳᠠᠭᠤᠨ ᠣᠷᠣᠭᠰᠢᠯᠠᠬᠤ︾ ᠠᠵᠢᠯ ᠤᠨ ᠶᠡᠷᠦᠩᠭᠡᠢ ᠱᠠᠭᠠᠷᠳᠠᠯᠭ᠎ᠠ ᠶᠢ ᠪᠠᠷᠢᠮᠳᠠᠯᠠᠨ᠂ ᠠᠵᠣ ᠠᠬᠤᠢ ᠶᠢᠨ ᠬᠦᠭᠵᠢᠯᠳᠡ ᠶᠢᠨ ᠰᠢᠨ᠎ᠡ ᠭᠡᠪ ᠪᠠᠶᠢᠳᠠᠯ ᠎ ᠳᠤ ᠰᠠᠨᠠᠭᠠᠴᠢᠯᠠᠭ᠎ᠠ ᠠᠴᠠ ᠪᠠᠨ ᠵᠣᠬᠢᠴᠠᠵᠣ᠂ ᠭᠦᠴᠦᠨ ᠢᠶᠠᠨ ᠬᠠᠮᠳᠣᠳᠬᠠᠨ ᠭᠦᠴᠢᠷ ᠪᠡᠷᠭᠡᠰᠢᠶᠠᠯ ᠢ ᠢᠯᠠᠨ ᠲᠠᠪᠠᠵᠦ ᠂ ︽ᠲᠤᠬᠳᠠᠭᠤᠨ ᠢᠶᠠᠷ ᠨᠡᠮᠡᠭᠳᠡᠬᠦᠯᠬᠦ᠂ ᠦᠬᠡᠷᠡᠴᠢᠯᠠᠯᠳᠠ ᠶᠢ ᠠᠬᠢᠭᠤᠯᠬᠤ᠂ ᠪᠦᠳᠦᠴᠠ ᠶᠢ ᠲᠤᠬᠢᠷᠠᠭᠤᠯᠬᠤ᠂ ᠠᠷᠠᠳ ᠎ ᠤᠨ ᠠᠮᠢᠳᠤᠷᠠᠯ ᠢ ᠬᠠᠷᠠᠭᠠᠯᠵᠠᠬᠤ᠂ ᠲᠦᠭᠰᠢᠭᠦᠷᠢ ᠠᠴᠠ ᠰᠡᠷᠭᠡᠶᠢᠯᠡᠬᠦ︾ ᠡᠯ᠎ᠡ ᠲᠦᠷᠦᠯ ᠤᠨ ᠠᠵᠢᠯ ᠢ ᠨᠢᠭᠡᠳᠦᠯᠲᠠᠢ ᠲᠦᠯᠭᠢᠨ ᠠᠭᠢᠭᠤᠯᠵᠦ᠂ ᠪᠦᠬᠦ ᠵᠢᠯ ᠤᠨ ᠠᠵᠢᠯ ᠤᠨ ᠡᠭᠦᠷᠭᠡ ᠪᠠᠨ ᠠᠮᠵᠢᠯᠳᠠᠲᠠᠢ ᠪᠠᠶᠡᠯᠠᠭᠦᠯᠦᠨ᠂ ︽ᠠᠷᠪᠠᠨ ᠭᠤᠷᠪᠠᠳᠤᠭᠠᠷ ᠳᠠᠪᠣᠨ ᠵᠢᠯ ᠤᠨ ᠲᠦᠯᠦᠪᠵᠢᠭᠦᠯᠭᠡ︾᠎ ᠶᠢᠨ ᠤᠬᠢ ᠰᠡᠶᠢᠨ ᠡᠬᠢᠯᠡᠯᠲᠡ ᠶᠢ ᠪᠤᠢ ᠪᠣᠯᠭᠠᠪᠠ᠃ ᠪᠦᠬᠦ ᠵᠢᠯ ᠳᠤ ᠭᠠᠵᠠᠷ ᠤᠷᠤᠨ ᠤ ᠦᠢᠯᠡᠳᠪᠦᠷᠢᠯᠡᠯ ᠤᠨ ᠶᠡᠷᠦᠩᠬᠡᠢ ᠦᠷᠲᠡᠭ 54.1 ᠳ᠋ᠦᠩᠰᠢᠭᠤᠷ ᠲᠦᠭᠦᠷᠢᠭ ᠲᠤ ᠭᠦᠷᠴᠦ᠂ 5.8%᠎ ᠪᠠᠷ ᠨᠠᠮᠡᠭᠳᠠᠪᠡ᠃ ᠡᠭᠦᠨ ᠳᠤ᠂ ᠨᠢᠭᠡᠳᠦᠭᠡᠷ ᠠᠵᠦ ᠣᠶᠢᠯᠠᠰ ᠤᠨ ᠨᠡᠮᠡᠭᠳᠡᠯ ᠦᠷᠲᠡᠭ 3.6 ᠳ᠋ᠦᠩᠰᠢᠭᠤᠷ ᠲᠦᠭᠦᠷᠢᠭ ᠲᠤ ᠬᠦᠷᠴᠦ᠂ 3.9%᠎ ᠪᠠᠷ ᠨᠡᠮᠡᠭᠳᠡᠨ᠂ ᠬᠤᠶᠠᠳᠣᠭᠠᠷ ᠠᠵᠦ ᠣᠶᠢᠯᠠᠰ ᠤᠨ ᠨᠡᠮᠡᠭᠳᠡᠯ ᠦᠷᠲᠡᠭ 39.4 ᠳ᠋ᠦᠩᠰᠢᠭᠤᠷ ᠲᠦᠭᠦᠷᠢᠭ ᠲᠤ ᠬᠦᠷᠴᠦ᠂ 5.1%᠎ ᠪᠠᠷ ᠨᠡᠮᠡᠭᠳᠡᠵᠦ᠂ ᠭᠤᠷᠪᠠᠳᠣᠭᠠᠷ ᠠᠵᠦ ᠦᠢᠯᠠᠰ ᠤᠨ ᠨᠡᠮᠡᠭᠳᠡᠯ ᠦᠷᠲᠡᠭ 11.0  ᠳ᠋ᠦᠩᠰᠢᠭᠤᠷ ᠲᠦᠭᠦᠷᠢᠭ ᠲᠤ ᠬᠦᠷᠴᠦ᠂ 9.1%᠎ ᠪᠠᠷ ᠨᠡᠮᠡᠭᠳᠡᠪᠡ᠃ ᠲᠤᠭᠲᠠᠮᠠᠯ ᠬᠦᠷᠦᠩᠭᠡ ᠶᠢᠨ ᠪᠡᠯᠨ ᠤᠷᠤᠭᠤᠯᠤᠯᠲᠠ ᠨᠠᠶᠢᠳᠠ 16 ᠳ᠋ᠦᠩᠰᠢᠭᠤᠷ ᠲᠦᠭᠦᠷᠢᠭ ᠲᠤ ᠭᠦᠷᠴᠦ᠂ 21.6%᠎ ᠪᠠᠷ ᠨᠡᠮᠡᠭᠳᠡᠪᠡ᠃ ᠨᠠᠶᠢᠳᠠ ᠶᠢᠨ ᠡᠳ᠋ ᠤᠨ ᠵᠠᠰᠠᠭ ᠤᠨ ᠲᠦᠰᠦᠪ ᠤᠨ ᠣᠷᠣᠯᠭ᠎ᠠ 2.57 ᠳ᠋ᠦᠩᠰᠢᠭᠤᠷ ᠲᠦᠭᠦᠷᠢᠭ ᠲᠤ ᠭᠦᠷᠴᠦ᠂ 10.7%᠎ ᠪᠠᠷ ᠨᠡᠮᠡᠭᠳᠡᠪᠠ᠃ ᠨᠡᠶᠢᠭᠡᠮ ᠤᠨ ᠬᠡᠷᠡᠭᠯᠡᠭᠡᠨ ᠤ ᠪᠣᠳᠠᠰ ᠢ ᠵᠢᠵᠢᠭᠯᠡᠨ ᠪᠤᠷᠤᠯᠠᠭᠤᠯᠤᠭᠰᠠᠨ ᠶᠡᠷᠦᠩᠬᠡᠢ ᠬᠡᠮᠵᠢᠶ᠎ᠡ 6.2 ᠳ᠋ᠦᠩᠰᠢᠭᠤᠷ ᠲᠦᠭᠦᠷᠢᠭ ᠲᠤ ᠬᠦᠷᠴᠦ᠂ 8.9%᠎ ᠪᠠᠷ ᠨᠡᠮᠡᠭᠳᠡᠪᠠ᠃ ᠬᠤᠲᠠ ᠪᠠᠯᠭᠠᠰᠣᠨ ᠤ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠦᠮᠦᠨ ᠳᠣᠮᠳᠠᠴᠢ ᠶᠢᠨ ᠳᠣᠬᠢᠷᠠᠭᠤᠯᠵᠦ ᠪᠣᠯᠬᠤᠶᠢᠴᠠ ᠣᠷᠣᠯᠭ᠎ᠠ 33127 ᠲᠦᠭᠦᠷᠢᠭ ᠲᠤ ᠬᠦᠷᠴᠦ᠂ 8.1%᠎ ᠪᠠᠷ ᠨᠡᠮᠡᠭᠳᠡᠨ᠂ ᠮᠠᠯᠵᠢᠬᠤ ᠣᠷᠣᠨ ᠤ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠦᠮᠦᠨ ᠳᠣᠮᠳᠠᠴᠢ ᠶᠢᠨ ᠳᠣᠬᠢᠷᠠᠭᠤᠯᠵᠤ ᠪᠣᠯᠬᠤᠶᠢᠴᠠ ᠣᠷᠣᠯᠭ᠎ᠠ 12166 ᠲᠦᠭᠦᠷᠢᠭ ᠲᠤ ᠬᠦᠷᠴᠦ᠂ 8.4%᠎ ᠪᠠᠷ ᠨᠡᠮᠡᠭᠳᠡᠪᠠ᠃                ︵ᠨᠢᠭᠡ︶ ᠭᠤᠣᠯᠳᠠᠯᠭᠠᠲᠦ ᠲᠦᠷᠦᠯ ᠵᠦᠢᠯ ᠢ ᠣᠷᠣᠭᠰᠢᠲᠠᠢ ᠠᠭᠢᠭᠤᠯᠪᠠ᠃ ︽ᠨᠢᠭᠡ ᠪᠦᠯᠦᠭ ᠭᠡᠷᠡᠭᠵᠢᠭᠦᠯᠵᠦ ᠪᠠᠶᠢᠭ᠎ᠠ ᠲᠦᠷᠦᠯ ᠵᠦᠢᠯ ᠢ ᠬᠦᠴᠦᠯᠡᠨ ᠠᠭᠢᠭᠤᠯᠬᠤ᠂ ᠰᠢᠨ᠎ᠠ ᠲᠦᠷᠦᠯ ᠵᠦᠢᠯ ᠢ ᠲᠦᠷᠭᠡᠨ ᠠᠭᠢᠭᠤᠯᠬᠤ᠂ ᠨᠢᠭᠡ ᠪᠦᠯᠦᠭ ᠲᠦᠷᠦᠯ ᠵᠦᠢᠯ ᠢ ᠲᠦᠰᠦᠪᠯᠠᠨ ᠭᠦᠮᠦᠷᠭᠡᠯᠠᠬᠦ᠂ ᠨᠢᠭᠡ ᠪᠦᠯᠦᠭ ᠲᠦᠷᠦᠯ ᠵᠦᠢᠯ ᠢ ᠠᠷᠠᠯᠵᠢᠶᠠᠴᠢᠨ ᠣᠷᠢᠵᠦ ᠣᠷᠣᠭᠤᠯᠵᠦ ᠠᠪᠴᠢᠷᠠᠬᠤ︾ ᠱᠠᠭᠠᠷᠳᠠᠯᠭ᠎ᠠ ᠶᠣᠰᠣᠭᠠᠷ᠂ ᠣᠷᠢᠳ ᠬᠤᠵᠢᠳ ᠣᠯᠠᠨ ᠣᠳᠠᠭᠠᠨ ᠤ ᠬᠤᠷᠠᠯ ᠢᠶᠠᠷ ᠲᠠᠮᠵᠢᠨ ᠳᠣᠰᠬᠠᠢ ᠰᠠᠳᠣᠪᠲᠦ ᠵᠠᠳᠠᠯᠣᠨ ᠰᠣᠳᠣᠯᠣᠯᠳᠠ ᠭᠢᠵᠦ᠂ ᠲᠦᠷᠦᠯ ᠵᠦᠢᠯ ᠤᠨ ᠪᠦᠳᠦᠭᠡᠨ ᠪᠠᠶᠢᠭᠤᠯᠣᠯᠳᠠ ᠳᠣᠮᠳᠠ ᠣᠷᠣᠰᠢᠵᠦ ᠪᠠᠶᠢᠭ᠎ᠠ ᠭᠦᠴᠢᠷᠳᠠᠯ ᠪᠠ ᠠᠰᠠᠭᠤᠳᠠᠯ ᠢ ᠰᠢᠢᠳᠪᠣᠷᠢᠯᠠᠨ᠂ ᠬᠤᠰᠢᠭᠤ ᠲᠦᠷᠪᠠᠨ ᠶᠡᠭᠡ ᠣᠳᠣᠷᠢᠳᠬᠤ ᠪᠠᠭ ᠤᠨ ᠪᠦᠷᠢᠯᠳᠦᠭᠦᠨ ᠢᠶᠠᠷ ᠳᠣᠭᠤᠶᠢᠯᠠᠩ ᠤᠨ ᠲᠠᠷᠤᠭ᠎ᠠ ᠪᠣᠯᠭᠠᠭᠰᠠᠨ 29 ᠭᠤᠣᠯᠳᠠᠯᠭᠠᠲᠦ ᠲᠦᠷᠦᠯ ᠵᠦᠢᠯ ᠭᠤᠣᠯᠳᠠᠯᠭᠠᠲᠦ ᠠᠵᠢᠯ ᠢ ᠳᠣᠰᠬᠠᠢ ᠲᠦᠷᠦᠯ ᠢᠶᠠᠷ ᠲᠦᠯᠭᠢᠨ ᠠᠭᠢᠭᠤᠯᠬᠤ ᠳᠣᠭᠤᠶᠢᠯᠠᠩ ᠪᠠᠶᠢᠭᠤᠯᠵᠦ᠂ ᠭᠤᠣᠯᠳᠠᠯᠭᠠᠲᠦ ᠲᠦᠷᠦᠯ ᠵᠦᠢᠯ ᠭᠤᠣᠯᠳᠠᠯᠭᠠᠲᠦ ᠠᠵᠢᠯ ᠢ ᠵᠣᠭᠢᠴᠠᠩᠭᠤᠢ ᠠᠭᠢᠭᠤᠯᠵᠦ᠂ ᠵᠢᠯ ᠤᠨ ᠡᠭᠢᠨ ᠳᠤ ᠳᠣᠭᠳᠠᠭᠠᠭᠰᠠᠨ 48 ᠭᠤᠣᠯᠳᠠᠯᠭᠠᠲᠦ ᠲᠦᠷᠦᠯ ᠵᠦᠢᠯ ᠤᠨ 46᠎ ᠨᠢ ᠳᠣᠭᠳᠠᠭᠰᠠᠨ ᠴᠠᠭ ᠎ ᠲᠠᠭᠠᠨ ᠠᠵᠢᠯ ᠢᠶᠠᠨ ᠰᠡᠷᠭᠦᠭᠡᠨ ᠡᠭᠢᠯᠡᠭᠦᠯᠦᠭᠰᠡᠨ ᠪᠠᠶᠢᠨ᠎ᠠ᠃ ᠡᠭᠦᠨ ᠳᠤ᠂ ᠡᠷᠢᠶᠠᠨ ᠠᠴᠠ ᠭᠤᠸᠠᠩᠵᠸᠣ ᠭᠦᠷᠬᠦ ᠦᠨᠳᠦᠷ ᠬᠤᠷᠳᠣᠴᠠᠲᠦ ᠵᠠᠰᠠᠮᠠᠯ ᠵᠠᠮ ᠤᠨ ᠬᠤᠯᠪᠤᠬᠤ ᠱᠣᠭᠤᠮ ᠤᠨ ᠲᠦᠷᠦᠯ ᠵᠦᠢᠯ ᠨᠢ ᠣᠯᠣᠰ ᠤᠨ ᠭᠦᠭᠵᠢᠭᠦᠯᠦᠯᠳᠡ ᠦᠭᠡᠷᠡᠴᠢᠯᠠᠯᠳᠠ ᠶᠢᠨ ᠶᠠᠮᠣᠨ ᠤ ᠲᠦᠷᠦᠯ ᠵᠦᠢᠯ ᠢ ᠣᠯᠭᠤᠬᠤ ᠵᠦᠪᠰᠢᠶᠡᠷᠡᠯ ᠢ ᠣᠯᠵᠦ᠂ ᠠᠩᠬᠠᠨ ᠤ ᠵᠢᠷᠤᠭ ᠲᠦᠯᠦᠪᠯᠡᠭᠡ ᠨᠢ ᠵᠠᠮ ᠬᠠᠷᠢᠯᠴᠠᠭᠠᠨ ᠤ ᠶᠠᠮᠣᠨ ᠤ ᠭᠢᠨᠠᠨ ᠳᠣᠭᠳᠠᠭᠠᠯᠳᠠ ᠳᠤ ᠭᠢᠷᠢ ᠲᠠᠩᠴᠠᠪᠠ︔ ᠮᠣᠵᠢ ᠶᠢᠨ ᠲᠠᠰ ᠤᠨ 313 ᠱᠣᠭᠤᠮ ︵ᠭᠦᠪᠡᠭᠡᠲᠦ ᠰᠢᠷ᠎ᠠ ᠠᠴᠠ ᠰᠢᠯᠣᠭᠤᠨ ᠴᠠᠭᠠᠨ ᠭᠦᠷᠬᠦ ᠭᠡᠰᠡᠭ︶ ᠲᠦᠷᠦᠯ ᠵᠦᠢᠯ ᠨᠢ ᠨᠢᠭᠡᠨᠳᠠ ᠠᠵᠢᠯ ᠡᠭᠢᠯᠡᠬᠦᠯᠬᠦ ᠨᠦᠭᠦᠴᠠᠯ ᠢ ᠪᠦᠷᠢᠯᠳᠦᠭᠦᠯᠪᠠ︔ ᠨᠡᠶᠢᠳᠠ ᠶᠢᠨ ᠭᠡᠷᠡᠭᠯᠡᠭᠡᠨ ᠤ ᠨᠢᠰᠭᠡᠯ ᠤᠨ ᠪᠠᠭᠤᠳᠠᠯ ᠤᠨ ᠲᠦᠷᠦᠯ ᠵᠦᠢᠯ ᠨᠢ ᠣᠯᠣᠰ ᠤᠨ ᠠᠭᠠᠷ ᠠᠶᠠᠯᠠᠯ ᠤᠨ ᠣᠶᠢᠷ᠎ᠡ ᠵᠠᠮ ᠤᠨ ᠲᠡᠭᠡᠭᠡᠪᠣᠷᠢ ᠶᠢᠨ ᠳᠣᠣᠷ ᠤᠨ ᠵᠢᠱᠢᠶ᠎ᠡ ᠦᠵᠡᠭᠦᠯᠬᠦ ᠢᠨᠵᠧᠨᠧᠷᠢᠩ ᠳᠤ ᠵᠢᠭᠰᠠᠭᠠᠭᠳᠠᠵᠣ᠂ ᠭᠠᠵᠠᠷ ᠰᠣᠩᠭᠤᠯᠳᠠ ᠨᠢ ᠨᠢᠭᠡᠨᠳᠠ ᠵᠦᠪᠰᠢᠶᠡᠷᠡᠭᠳᠡᠪᠡ︔ ᠵᠢᠷᠦᠭᠡ ᠠᠴᠠ ᠬᠤᠸᠠᠳᠧ ᠭᠦᠷᠬᠦ ᠲᠠᠮᠣᠷ ᠵᠠᠮ ᠤᠨ ᠲᠦᠷᠦᠯ ᠵᠦᠢᠯ ᠤᠨ ᠲᠦᠰᠦᠪ ᠤᠨ ᠰᠣᠳᠣᠯᠭᠠᠨ ᠤ ᠮᠡᠳᠡᠭᠦᠯᠦᠯᠳᠠ ᠶᠢ ᠨᠠᠶᠢᠷᠠᠭᠤᠯᠣᠨ ᠲᠠᠭᠤᠰᠬᠠᠵᠦ᠂ ᠵᠢᠷᠦᠭᠡ ᠠᠴᠠ ᠬᠤᠸᠠᠳᠧ ᠭᠦᠷᠬᠦ ᠲᠠᠮᠣᠷ ᠵᠠᠮ ᠤᠨ ᠨᠡᠭᠡᠭᠡᠨ ᠭᠦᠭᠵᠢᠭᠦᠯᠦᠯᠳᠡ ᠶᠢᠨ ᠭᠢᠵᠠᠭᠠᠷᠲᠦ ᠺᠣᠮᠫᠠᠨᠢ ᠶᠢ ᠪᠠᠶᠢᠭᠤᠯᠣᠨ ᠡᠮᠦᠨᠡᠭᠢ ᠬᠤᠭᠤᠴᠠᠭᠠᠨ ᠤ ᠠᠵᠢᠯ ᠢᠶᠠᠨ ᠦᠷᠨᠢᠭᠦᠯᠵᠦ ᠪᠠᠶᠢᠨ᠎ᠠ︔ ᠢᠯᠴᠢ ᠴᠠᠬᠢᠯᠭᠠᠨ ᠢ ᠵᠡᠷᠭᠡᠪᠡᠷ ᠭᠠᠷᠭᠠᠬᠤ ᠲᠦᠷᠦᠯ ᠵᠦᠢᠯ ᠤᠨ ᠢᠯᠴᠢ ᠬᠠᠩᠭᠠᠬᠤ ᠳᠠᠰᠤᠭ ᠨᠢ ᠳᠣᠭᠳᠠᠭᠰᠠᠨ ᠴᠠᠭ ᠲᠠᠭᠠᠨ ᠳᠣᠯᠠᠭᠠᠯᠭ᠎ᠠ ᠬᠠᠩᠭᠠᠵᠦ᠂ ᠴᠠᠭᠢᠯᠭᠠᠨ ᠭᠠᠷᠭᠠᠬᠤ ᠳᠠᠰᠤᠭ ᠨᠢ ᠳᠣᠣᠷ ᠢ ᠨᠡᠶᠢᠯᠡᠭᠦᠯᠵᠤ ᠳᠤᠷᠰᠢᠯᠲᠠ ᠬᠢᠬᠦ ᠠᠵᠢᠯ ᠢ ᠪᠠᠶᠠᠯᠡᠭᠦᠯᠪᠠ᠃ ᠸᠣᠯᠹᠷᠠᠮ ᠪᠢᠰᠮᠦ᠋ᠲ ᠮᠦᠩᠭᠦ ᠣᠯᠠᠨ ᠲᠡᠮᠦᠷᠯᠢᠭ ᠤᠨ ᠠᠭᠤᠷᠬᠠᠢ ᠶᠢᠨ ᠲᠦᠷᠦᠯ ᠵᠦᠢᠯ ᠢ ᠳᠠᠭᠠᠭᠠᠴᠢᠯᠠᠵᠤ ᠪᠠᠶᠢᠭ᠎ᠠ ᠲᠠᠯ᠎ᠠ ᠨᠢ ᠰᠲ᠋ᠣᠺ ᠤᠨ ᠡᠷᠭᠡ ᠶᠢᠨ ᠲᠠᠭᠢᠨ ᠪᠠᠶᠢᠭᠤᠯᠬᠤ ᠶᠢ ᠪᠠᠶᠠᠯᠡᠭᠦᠯᠵᠦ ᠂ ᠪᠣᠯᠣᠯᠴᠠᠭᠠᠲᠦ ᠰᠣᠳᠣᠯᠭᠠᠨ ᠤ ᠮᠡᠳᠡᠭᠦᠯᠦᠯᠳᠠ ᠨᠢ ᠦᠪᠡᠷᠳᠡᠭᠡᠨ ᠵᠠᠰᠠᠬᠤ ᠣᠷᠣᠨ ᠤ ᠠᠵᠦ ᠠᠬᠤᠢ ᠰᠣᠷᠠᠭ ᠵᠠᠩᠭᠢ ᠶᠢᠨ ᠵᠦᠪᠯᠠᠯ ᠤᠨ ᠭᠢᠨᠠᠨ ᠦᠨᠡᠯᠡᠯᠳᠠ ᠳᠤ ᠭᠢᠷᠢ ᠲᠠᠩᠴᠠᠪᠠ︔ ᠠᠯᠳᠠ ᠵᠢᠴᠢ ᠣᠯᠠᠨ ᠲᠡᠮᠦᠷᠯᠢᠭ ᠤᠨ ᠠᠭᠤᠷᠬᠠᠢ ᠶᠢ ᠬᠠᠶᠢᠨ ᠰᠢᠨᠵᠢᠬᠦ ᠲᠦᠷᠦᠯ ᠵᠦᠢᠯ ᠨᠢ ᠦᠪᠡᠷᠳᠡᠭᠡᠨ ᠵᠠᠰᠠᠬᠤ ᠣᠷᠣᠨ ᠤ ᠣᠯᠣᠰ ᠤᠨ ᠭᠠᠵᠠᠷ ᠰᠢᠷᠣᠢ ᠶᠢᠨ ᠲᠢᠩᠭᠢᠮ ᠤᠨ ᠵᠦᠪᠰᠢᠶᠡᠷᠡᠯ ᠢ ᠣᠯᠪᠠ︔ ᠨᠢᠶᠤᠪᠢ ᠲᠠᠨᠲ᠋ᠠᠯ ᠤᠨ ᠠᠭᠤᠷᠬᠠᠢ ᠶᠢᠨ ᠬᠠᠶᠢᠨ ᠰᠣᠩᠭᠤᠬᠤ ᠲᠦᠷᠦᠯ ᠵᠦᠢᠯ ᠨᠢ ᠦᠪᠡᠷᠳᠡᠭᠡᠨ ᠵᠠᠰᠠᠬᠤ ᠣᠷᠣᠨ ᠤ ᠭᠦᠭᠵᠢᠭᠦᠯᠦᠯᠳᠡ ᠦᠭᠡᠷᠡᠴᠢᠯᠠᠯᠳᠠ ᠶᠢᠨ ᠵᠦᠪᠯᠠᠯ ᠤᠨ ᠵᠦᠪᠰᠢᠶᠡᠷᠡᠯ ᠢ ᠣᠯᠪᠠ︔ 220 ᠺᠢᠯᠤᠸᠤᠯᠲ ᠤᠨ ᠴᠠᠭᠢᠯᠭᠠᠨ ᠬᠦᠴᠤᠳᠠᠯ ᠬᠤᠪᠢᠰᠬᠠᠬᠤ ᠢᠨᠵᠧᠨᠧᠷᠢᠩ ᠨᠢ ᠠᠶᠢᠮᠠᠭ ᠤᠨ ᠭᠦᠭᠵᠢᠭᠦᠯᠦᠯᠳᠡ ᠦᠭᠡᠷᠡᠴᠢᠯᠠᠯᠳᠠ ᠶᠢᠨ ᠵᠦᠪᠯᠠᠯ ᠤᠨ ᠵᠦᠪᠰᠢᠶᠡᠷᠡᠯ ᠢ ᠣᠯᠪᠠ︔ ᠡᠷᠢᠶᠠᠨ ᠬᠤᠳᠠ ᠶᠢᠨ ᠲᠠᠭᠢᠨ ᠠᠰᠢᠭᠯᠠᠵᠤ ᠪᠣᠯᠬᠤ ᠡᠨᠧᠷᠭᠢ ᠪᠢᠴᠢᠯ ᠴᠠᠭᠢᠯᠭᠠᠨ ᠳᠣᠣᠷ ᠤᠨ ᠲᠦᠷᠦᠯ ᠵᠦᠢᠯ ᠪᠣᠯᠣᠨ ᠵᠢᠩ ᠨᠧᠩ ᠰᠢᠨ᠎ᠠ ᠡᠨᠧᠷᠭᠢ ᠶᠢᠨ ᠭᠢᠵᠠᠭᠠᠷᠲᠦ ᠺᠣᠮᠫᠠᠨᠢ ᠨᠢ 18 ᠲᠦᠮᠡᠨ ᠺᠢᠯᠤᠸᠠᠲ ᠤᠨ ᠮᠠᠰᠢᠨ ᠴᠤᠭᠴᠠᠯᠠᠪᠤᠷᠢ ᠶᠢᠨ ᠪᠠᠭᠳᠠᠭᠠᠮᠵᠢ ᠪᠦᠭᠦᠢ ᠨᠡᠭᠡᠭᠡᠨ ᠠᠰᠢᠭᠯᠠᠬᠤ ᠵᠦᠪᠳᠡᠯᠴᠡᠭᠡᠷ ᠳᠣᠭᠳᠠᠪᠠ᠃ ᠭᠤᠷᠪᠠᠳᠣᠭᠠᠷ ᠣᠰᠣᠨ ᠰᠣᠷᠪᠣᠯᠵᠢ ᠶᠢᠨ ᠣᠰᠣ ᠬᠠᠩᠭᠠᠬᠤ ᠲᠦᠷᠦᠯ ᠵᠦᠢᠯ ᠢ ᠡᠭᠢᠯᠠᠨ ᠳᠣᠷᠰᠢᠨ ᠠᠵᠢᠯᠯᠠᠭᠤᠯᠵᠦ᠂ ᠪᠤᠯᠤᠩ ᠤᠨ ᠣᠰᠣ ᠶᠢ ᠰᠢᠢᠳᠪᠣᠷᠢᠯᠡᠬᠦ ᠦᠢᠯᠡᠳᠪᠦᠷᠢ ᠶᠢ ᠠᠰᠢᠭᠯᠠᠯᠳᠠ ᠳᠤ ᠤᠷᠤᠭᠤᠯᠪᠠ᠃ ᠲᠦᠭᠦᠮ ᠪᠦᠳᠦᠴᠠᠲᠦ ᠣᠷᠣᠨ ᠰᠠᠭᠤᠴᠠ ᠶᠢ ᠦᠭᠡᠷᠡᠴᠢᠯᠡᠬᠦ ᠲᠦᠷᠦᠯ ᠵᠦᠢᠯ ᠢ ᠣᠯᠣᠰ ᠤᠨ ᠭᠤᠣᠯᠳᠠᠯᠭᠠᠲᠦ ᠳᠣᠰᠬᠠᠢ ᠲᠦᠷᠦᠯ ᠤᠨ ᠰᠠᠭᠤᠷᠢ ᠮᠦᠩᠭᠦᠨ ᠤ ᠪᠠᠶᠢᠭᠤᠯᠣᠯᠳᠠ ᠶᠢᠨ ᠲᠦᠷᠦᠯ ᠵᠦᠢᠯ ᠳᠤ ᠵᠢᠭᠰᠠᠭᠠᠨ ᠣᠷᠣᠭᠤᠯᠵᠦ᠂ ᠰᠢᠨᠠᠪᠣᠯᠠᠭ ᠪᠠᠯᠭᠠᠰᠣᠨ ᠤ ᠢᠯᠴᠢ ᠬᠠᠩᠭᠠᠯᠭ᠎ᠠ ᠶᠢᠨ ᠬᠤᠭᠤᠯᠠᠢ ᠶᠢᠨ ᠳᠣᠣᠷ ᠪᠠ ᠪᠣᠵᠠᠷ ᠣᠰᠣ ᠶᠢ ᠰᠢᠢᠳᠪᠣᠷᠢᠯᠡᠬᠦ ᠵᠢᠴᠢ ᠪᠣᠯᠣᠩ ᠤᠨ ᠣᠰᠣ ᠶᠢ ᠶᠡᠷᠦᠩᠭᠡᠶᠢᠯᠡᠨ ᠠᠰᠢᠭᠯᠠᠬᠤ ᠬᠤᠶᠠᠷ PPP ᠲᠦᠷᠦᠯ ᠵᠦᠢᠯ ᠨᠢ ᠦᠪᠡᠷᠳᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠲᠢᠩᠭᠢᠮ ᠤᠨ ᠵᠢᠱᠢᠶ᠎ᠡ ᠦᠵᠡᠭᠦᠯᠬᠦ ᠲᠦᠷᠦᠯ ᠵᠦᠢᠯ ᠤᠨ ᠭᠦᠮᠦᠷᠭᠡ ᠳᠤ ᠣᠷᠣᠪᠠ᠃              ︵ᠬᠤᠶᠠᠷ︶ ᠮᠠᠯᠵᠢᠬᠤ ᠣᠷᠣᠨ ᠤ ᠠᠵᠢᠯ ᠡᠮᠭᠢ ᠵᠢᠷᠣᠮ ᠲᠠᠢ ᠶᠠᠪᠣᠭᠳᠠᠪᠠ᠃ ︽ᠬᠤᠨᠢ ᠶᠢ ᠳᠣᠭᠳᠠᠪᠣᠷᠢᠵᠢᠭᠤᠯᠣᠨ ᠦᠭᠡᠷ ᠢ ᠢᠯᠡᠭᠦᠦ ᠮᠠᠯᠵᠢᠬᠤ᠂ ᠴᠢᠨᠠᠷ ᠢ ᠲᠡᠭᠡᠭᠰᠢᠯᠡᠭᠦᠯᠦᠨ ᠣᠷᠣᠯᠭ᠎ᠠ ᠶᠢ ᠨᠡᠮᠡᠭᠳᠡᠭᠦᠯᠬᠦ︾ ᠵᠠᠷᠴᠢᠮ ᠶᠣᠰᠣᠭᠠᠷ᠂ ᠮᠠᠯ ᠰᠦᠷᠦᠭ ᠤᠨ ᠪᠦᠳᠦᠴᠠ ᠶᠢ ᠣᠯᠠᠮ ᠰᠢᠯᠢᠳᠡᠭᠵᠢᠭᠦᠯᠪᠡ᠃ ᠰᠢᠯᠢᠳᠡᠭ ᠡᠭᠦᠯᠳᠡᠷ ᠤᠨ ᠮᠢᠬᠠᠨ ᠤ ᠦᠭᠡᠷ ᠤᠨ ᠠᠵᠦ ᠦᠢᠯᠠᠰ ᠤᠨ ᠭᠦᠭᠵᠢᠯᠳᠡ ᠶᠢᠨ ᠲᠦᠯᠦᠪᠵᠢᠭᠦᠯᠭᠡ ᠶᠢ ᠳᠣᠭᠳᠠᠭᠠᠨ᠂ ᠰᠢᠯᠢᠳᠡᠭ ᠡᠭᠦᠯᠳᠡᠷ ᠤᠨ ᠮᠢᠬᠠᠨ ᠤ ᠦᠭᠡᠷ ᠤᠨ ᠲᠡᠵᠢᠭᠡᠨ ᠦᠷᠡᠵᠢᠭᠦᠯᠬᠦ ᠰᠠᠭᠤᠷᠢᠨ ᠢ ᠪᠦᠬᠦ ᠭᠦᠴᠦᠨ ᠢᠶᠠᠷ ᠪᠦᠳᠦᠭᠡᠨ ᠪᠠᠶᠢᠭᠤᠯᠵᠦ᠂ ᠦᠭᠡᠷ ᠤᠨ ᠡᠭᠦᠯᠳᠡᠷ ᠰᠠᠶᠢᠵᠢᠷᠠᠭᠤᠯᠬᠤ ᠪᠠ ᠰᠢᠮᠧᠨ᠋ᠲᠷ ᠦᠭᠡᠷ ᠤᠨ ᠭᠤᠣᠯᠳᠠᠯᠭᠠᠲᠦ ᠰᠦᠷᠦᠭ ᠤᠨ ᠪᠠᠶᠢᠭᠤᠯᠣᠯᠳᠠ ᠶᠢ ᠢᠳᠡᠪᠭᠢᠲᠠᠢ ᠠᠳᠬᠤᠵᠦ᠂ 10 ᠪᠠᠷᠢᠮᠵᠢᠶᠠᠵᠢᠭᠰᠠᠨ ᠭᠡᠷ ᠪᠦᠯᠢ ᠶᠢᠨ ᠮᠠᠯᠵᠢᠯ ᠤᠨ ᠲᠠᠯᠠᠪᠠᠢ ᠪᠠᠶᠢᠭᠤᠯᠵᠦ᠂ 1 ᠰᠠᠭᠠᠯᠢ ᠶᠢᠨ ᠦᠨᠢᠶ᠎ᠡ ᠲᠡᠵᠢᠭᠡᠬᠦ ᠳᠣᠭᠤᠷᠢᠭ ᠢ ᠲᠠᠰ ᠲᠠᠪᠰᠢᠭᠦᠯᠦᠨ ᠦᠭᠡᠷᠡᠴᠢᠯᠡᠬᠦ ᠶᠢ ᠪᠠᠶᠠᠯᠠᠭᠦᠯᠪᠠ᠃ ᠴᠠᠬᠠᠷ ᠬᠤᠨᠢᠨ ᠤ ᠦᠷ᠎ᠡ ᠶᠢᠨ ᠮᠠᠯ ᠬᠠᠩᠭᠠᠬᠤ ᠰᠠᠭᠤᠷᠢᠨ ᠭᠠᠵᠠᠷ ᠢ ᠪᠦᠳᠦᠭᠡᠨ ᠪᠠᠶᠢᠭᠤᠯᠬᠤ ᠪᠠ ︽ᠴᠠᠬᠠᠷ ᠬᠤᠨᠢᠨ ᠮᠢᠬ᠎ᠠ︾᠎ ᠶᠢ ᠣᠯᠣᠰ ᠤᠨ ᠭᠠᠵᠠᠷ ᠣᠷᠣᠨ ᠤ ᠳᠡᠮᠳᠡᠭᠲᠤ ᠬᠠᠮᠠᠭᠠᠯᠠᠯᠳᠠ ᠶᠢᠨ ᠪᠦᠳᠦᠭᠡᠭᠳᠡᠭᠦᠨ ᠢᠶᠠᠷ ᠭᠢᠨᠠᠨ ᠨᠣᠳᠠᠯᠠᠬᠤ ᠶᠢ ᠪᠠᠶᠡᠯᠡᠭᠦᠯᠵᠦ᠂ ᠡᠮᠣᠨᠡᠲᠦ ᠠᠹᠷᠢᠺᠠ ᠶᠢᠨ ᠮᠧᠷᠨᠦ᠋ᠰ ᠬᠤᠨᠢ 760᠎ ᠶᠢ ᠤᠷᠤᠭᠤᠯᠤᠨ᠂ 18 ᠴᠠᠬᠠᠷ ᠬᠤᠨᠢᠨ ᠤ ᠭᠤᠣᠯᠳᠠᠯᠭᠠᠲᠦ ᠰᠦᠷᠦᠭ ᠢ ᠦᠷᠭᠡᠳᠭᠡᠨ ᠪᠠᠶᠢᠭᠤᠯᠵᠦ᠂ ᠡᠪᠦᠯᠵᠢᠬᠦ ᠴᠠᠬᠠᠷ ᠬᠤᠨᠢ 16.5 ᠲᠦᠮᠡ ᠳᠤ ᠭᠦᠷᠪᠡ᠃ ︽ᠪᠡᠯᠴᠢᠭᠡᠷᠯᠡᠬᠦᠯᠬᠦ + ᠲᠡᠵᠢᠭᠡᠯ ᠨᠦᠭᠦᠪᠦᠷᠢᠯᠡᠬᠦ︾᠎ ᠪᠠᠷ ᠲᠠᠮᠵᠢᠨ ᠡᠷᠳ᠋ᠨ ᠵᠠᠷᠣᠴᠠᠭᠤᠯᠬᠤ ᠠᠵᠢᠯ ᠢ ᠢᠳᠡᠪᠭᠢᠲᠠᠢ  ᠦᠷᠨᠢᠭᠦᠯᠵᠦ᠂ 0.8 ᠲᠦᠮᠡᠨ ᠬᠤᠷᠠᠭ᠎ᠠ ᠶᠢ ᠡᠷᠳ᠋ᠨ ᠵᠠᠷᠣᠴᠠᠭᠤᠯᠵᠦ ︵41.5 ᠲᠦᠮᠡᠨ ᠲᠦᠭᠦᠷᠢᠭ ᠤᠨ ᠨᠦᠭᠦᠪᠦᠷᠢ ᠮᠦᠩᠭᠦ ᠶᠢ ᠲᠡᠷᠬᠠᠭᠠᠪᠠ︶᠂ ᠪᠦᠬᠦ ᠵᠢᠯ ᠳᠤ 44.9 ᠲᠦᠮᠡᠨ ᠮᠠᠯ ᠵᠠᠷᠣᠴᠠᠭᠤᠯᠪᠠ᠃ 25.4 ᠲᠦᠮᠡᠨ ᠲᠡᠭᠰᠢ ᠲᠦᠷᠪᠡᠯᠵᠢᠨ ᠮᠧᠲᠷ ᠪᠦᠭᠦᠢ ᠪᠠᠷᠢᠮᠵᠢᠶᠠᠵᠢᠭᠰᠠᠨ ᠫᠧᠩ ᠬᠤᠷᠤᠭ᠎ᠠ ᠪᠠᠶᠢᠭᠤᠯᠵᠦ᠂ 23 ᠲᠦᠮᠡᠨ ᠲᠡᠭᠰᠢ ᠲᠦᠷᠪᠡᠯᠵᠢᠨ ᠮᠧᠲᠷ ᠬᠤᠨᠢᠨ ᠤ ᠰᠠᠷᠠᠯᠵᠢᠨ ᠬᠠᠰᠢᠶ᠎ᠡ ᠪᠠᠶᠢᠭᠤᠯᠪᠠ︔ 128.3 ᠺᠢᠯᠤᠮᠧᠲᠷ ᠭᠠᠴᠠᠭᠠᠨ ᠳᠤ ᠨᠡᠪᠳᠡᠷᠡᠬᠦ ᠱᠦᠢᠨᠢ ᠵᠠᠮ᠂ 178 ᠺᠢᠯᠣᠮᠧᠲᠷ ᠤᠨ ᠬᠠᠶᠢᠷ ᠴᠢᠯᠠᠭᠤᠨ ᠵᠠᠮ ᠢ ᠰᠢᠨ᠎ᠠ ᠪᠠᠷ ᠵᠠᠰᠠᠭᠰᠠᠨ ᠪᠠ ᠦᠷᠭᠡᠳᠭᠡᠨ ᠵᠠᠰᠠᠪᠠ︔ 71 ᠠᠮᠠᠰᠠᠷ ᠬᠤᠳᠳᠤᠭ ᠢ ᠰᠢᠨ᠎ᠠ ᠪᠠᠷ ᠮᠠᠯᠳᠠᠵᠦ᠂ 3 ᠬᠤᠲᠠ ᠤᠰᠤᠨ ᠳᠤ ᠲᠦᠭᠡᠭᠡᠯ ᠣᠰᠣ ᠵᠠᠯᠭᠠᠵᠦ ᠨᠡᠪᠳᠡᠷᠡᠭᠦᠯᠦᠨ᠂ 528 ᠭᠦᠮᠦᠨ ᠤ ᠠᠶᠣᠯᠭᠦᠢ ᠣᠰᠣ ᠣᠮᠳᠠ ᠶᠢᠨ ᠠᠰᠠᠭᠤᠳᠠᠯ ᠢ ᠰᠢᠢᠳᠪᠣᠷᠢᠯᠠᠪᠠ︔ ᠣᠰᠣᠨ ᠤ ᠴᠢᠨᠠᠷ ᠢ ᠰᠠᠶᠢᠵᠢᠷᠠᠭᠤᠯᠬᠤ ᠢᠨᠵᠧᠨᠧᠷᠢᠩ ᠢ ᠭᠡᠷᠡᠭᠵᠢᠭᠦᠯᠵᠦ᠂ ᠣᠰᠣ ᠠᠷᠢᠭᠤᠳᠬᠠᠬᠤ ᠲᠦᠭᠦᠭᠡᠷᠦᠮᠵᠢ 700 ᠲᠠᠷᠬᠠᠭᠠᠪᠠ︔ 36 ᠺᠢᠯᠣᠮᠧᠲᠷ ᠤᠨ ᠭᠦᠳᠡᠭᠡ ᠳᠣᠰᠬᠤᠨ ᠤ ᠴᠠᠭᠢᠯᠭᠠᠨ ᠳᠣᠣᠷ ᠱᠣᠭᠤᠮ ᠢ ᠰᠢᠨ᠎ᠠ ᠪᠠᠷ ᠪᠠᠶᠢᠭᠤᠯᠵᠦ᠂ 60 ᠡᠷᠦᠭᠡ ᠳᠤ ᠲᠣᠣᠷᠴᠢᠯᠠᠭᠰᠠᠨ ᠴᠠᠭᠢᠯᠭᠠᠨ ᠨᠡᠪᠳᠡᠷᠡᠭᠦᠯᠦᠨ᠂ 50 ᠢᠵᠢ ᠨᠠᠷᠠ ᠰᠠᠯᠭᠢᠨ ᠤ ᠬᠠᠷᠢᠯᠴᠠᠨ ᠨᠦᠬᠦᠪᠦᠷᠢᠯᠠᠵᠦ ᠴᠠᠭᠢᠯᠭᠠᠨ ᠭᠠᠷᠭᠠᠬᠤ ᠲᠦᠭᠦᠭᠡᠷᠦᠮᠵᠢ ᠶᠢ ᠲᠠᠰ ᠲᠠᠪᠰᠢᠭᠦᠯᠪᠠ᠃ 5970 ᠲᠦᠮᠡᠨ ᠺᠢᠯᠣᠭ᠍ᠷᠠᠮ ᠡᠪᠠᠰᠣ ᠬᠠᠳᠣᠵᠦ ᠨᠦᠭᠡᠴᠡᠯᠡᠨ᠂ 192.5 ᠲᠦᠮᠡᠨ ᠺᠢᠯᠣᠭ᠍ᠷᠠᠮ ᠡᠪᠡᠰᠣ ᠪᠤᠷᠳᠤᠭ᠎ᠠ ᠶᠢ ᠲᠦᠪᠯᠡᠷᠡᠭᠦᠯᠦᠨ ᠬᠠᠳᠠᠭᠠᠯᠠᠪᠠ᠃ ᠡᠪᠡᠰᠦ ᠪᠤᠷᠳᠤᠭᠠᠨ ᠤ ᠰᠣᠯᠢᠯᠴᠠᠭᠠᠨ ᠤ ᠵᠠᠬ᠎ᠠ ᠶᠢ ᠲᠠᠰ ᠲᠠᠪᠰᠢᠭᠦᠯᠦᠨ ᠦᠭᠡᠷᠡᠴᠢᠯᠡᠬᠦ ᠲᠦᠷᠦᠯ ᠵᠦᠢᠯ ᠢ ᠭᠡᠷᠡᠭᠵᠢᠭᠦᠯᠵᠦ᠂ 6 ᠠᠵᠦ ᠠᠬᠤᠶᠢᠯᠠᠯ ᠲᠠᠢ ᠡᠪᠡᠰᠦ ᠪᠣᠷᠳᠤᠭ᠎ᠠ ᠬᠤᠳᠠᠯᠳᠣᠨ ᠠᠪᠬᠤ ᠵᠦᠪᠳᠡᠯᠴᠡᠭᠡᠷ ᠳᠣᠭᠳᠠᠵᠣ᠂ ᠮᠠᠯ ᠰᠦᠷᠦᠭ ᠤᠨ ᠡᠪᠦᠯ ᠬᠠᠪᠣᠷ ᠤᠨ ᠡᠪᠠᠰᠣ ᠪᠣᠷᠳᠣᠭᠠᠨ ᠤ ᠭᠡᠷᠡᠭᠴᠡᠭᠡ ᠶᠢ ᠦᠨᠳᠦᠰᠣᠨ ᠳᠡᠭᠡᠨ ᠪᠠᠳᠣᠯᠠᠪᠠ᠃              ︵ᠭᠤᠷᠪᠠ︶ ᠠᠵᠦ ᠦᠢᠯᠡᠳᠪᠦᠷᠢ ᠶᠢᠨ ᠠᠵᠦ ᠠᠬᠤᠢ ᠲᠣᠭᠳᠠᠭᠤᠨ ᠶᠠᠪᠤᠭᠳᠠᠪᠠ᠃ ᠠᠵᠦ ᠠᠬᠤᠢ ᠶᠢᠨ ᠪᠠᠭᠤᠷᠠᠯᠳᠠ ᠶᠢᠨ ᠲᠠᠷᠣᠭᠠᠰᠣ ᠶᠢᠨ ᠨᠦᠯᠦᠭᠡᠯᠡᠬᠦ ᠭᠦᠴᠦᠨ ᠦᠷᠭᠦᠯᠵᠢᠯᠡᠨ ᠨᠡᠮᠡᠭᠳᠡᠬᠦ ᠶᠢ ᠪᠦᠳᠦᠮᠵᠢᠲᠠᠢ ᠠᠷᠭᠠᠴᠠᠭᠠᠵᠤ᠂ ᠠᠵᠦ ᠠᠬᠤᠢ ᠶᠢᠨ ᠠᠵᠢᠯ ᠤᠨ ᠵᠤᠬᠢᠴᠠᠭᠤᠯᠬᠤ ᠭᠦᠴᠦᠯᠠᠴᠠ ᠶᠢ ᠣᠯᠠᠮ ᠴᠢᠩᠭᠠᠳᠬᠠᠵᠦ᠂ ᠠᠵᠦ ᠠᠬᠤᠢ ᠶᠢᠨ ᠡᠷᠭᠢᠯᠳᠠ ᠶᠢᠨ ᠳᠣᠭᠢᠷᠠᠭᠤᠯᠣᠯᠳᠠ ᠶᠢᠨ ᠬᠤᠷᠠᠯ᠂ ᠵᠠᠰᠠᠭ᠂ ᠪᠠᠩᠭᠢ᠂ ᠠᠵᠦ ᠠᠬᠤᠶᠢᠯᠠᠯ ᠤᠨ ᠵᠣᠭᠢᠴᠠᠭᠤᠯᠣᠯᠳᠠ ᠶᠢᠨ ᠬᠤᠷᠠᠯ ᠢ ᠳᠣᠭᠳᠠᠮᠠᠯ ᠬᠤᠭᠤᠴᠠᠭ᠎ᠠ ᠲᠠᠢ ᠪᠠᠷ ᠬᠤᠷᠠᠯᠳᠣᠭᠤᠯᠵᠦ᠂ ᠨᠢᠭᠡ ᠠᠵᠦ ᠠᠬᠤᠶᠢᠯᠠᠯ ᠳᠤ ᠨᠢᠭᠡ ᠲᠦᠷᠦ ᠶᠢᠨ ᠪᠣᠳᠣᠯᠭ᠎ᠠ ᠠᠪᠴᠦ᠂ ᠠᠵᠦ ᠠᠬᠤᠶᠢᠯᠠᠯ ᠤᠨ ᠦᠢᠯᠡᠳᠪᠣᠷᠢᠯᠠᠯ ᠡᠵᠡᠩᠨᠠᠯᠳᠠ ᠶᠢᠨ ᠲᠠᠯ᠎ᠠ ᠪᠠᠷ ᠣᠷᠣᠰᠢᠵᠦ ᠪᠠᠶᠢᠭ᠎ᠠ ᠠᠰᠠᠭᠤᠳᠠᠯ ᠪᠠ ᠭᠦᠴᠢᠷᠳᠠᠯ ᠢ ᠰᠢᠢᠳᠪᠣᠷᠢᠯᠠᠨ ᠦᠭᠴᠦ᠂ ᠠᠵᠦ ᠠᠬᠤᠶᠢᠯᠠᠯ ᠤᠨ ᠭᠦᠭᠵᠢᠯᠳᠡ ᠶᠢᠨ ᠢᠳᠡᠭᠡᠯ ᠢ ᠨᠢ ᠨᠡᠮᠡᠭᠳᠡᠭᠦᠯᠵᠦ᠂ ᠠᠵᠦ ᠠᠬᠤᠶᠢᠯᠠᠯ ᠤᠨ ᠦᠢᠯᠡᠳᠪᠣᠷᠢᠯᠠᠯ ᠡᠵᠡᠩᠨᠠᠯᠳᠠ ᠶᠢ ᠳᠣᠭᠳᠠᠪᠣᠷᠢᠵᠢᠭᠤᠯᠪᠠ᠃ ᠴᠢᠯᠠᠭᠤᠨ ᠳᠣᠰᠣ ᠬᠠᠶᠢᠨ ᠰᠢᠨᠵᠢᠬᠦ ᠠᠵᠦ ᠠᠬᠤᠶᠢᠯᠠᠯ ᠨᠢ 3.87 ᠲᠦᠮᠡᠨ ᠲᠣᠨ ᠲᠦᠭᠦᠭᠡᠢ ᠳᠣᠰᠣ ᠦᠢᠯᠡᠳᠪᠣᠷᠢᠯᠠᠵᠦ᠂ 16%᠎ ᠪᠠᠷ ᠪᠠᠭᠤᠷᠠᠪᠠ︔ ᠴᠢᠯᠠᠭᠤᠨ ᠮᠠᠲ᠋ᠧᠷᠢᠶᠠᠯ ᠤᠨ ᠠᠵᠦ ᠠᠬᠤᠶᠢᠯᠠᠯ ᠎ ᠨᠢ 152 ᠲᠦᠮᠡᠨ ᠪᠣᠰᠤᠭ᠎ᠠ ᠲᠦᠷᠪᠡᠯᠵᠢᠨ ᠮᠧᠲᠷ ᠲᠦᠭᠦᠭᠡᠢ ᠮᠠᠲ᠋ᠧᠷᠢᠶᠠᠯ ᠢ ᠨᠡᠭᠡᠭᠡᠨ ᠮᠠᠯᠳᠠᠵᠦ᠂ 4553 ᠲᠦᠮᠡᠨ ᠲᠡᠭᠰᠢ ᠲᠦᠷᠪᠡᠯᠵᠢᠨ ᠮᠧᠲᠷ ᠴᠢᠯᠠᠭᠤᠨ ᠬᠠᠪᠳᠠᠰᠣ ᠪᠣᠯᠪᠠᠰᠣᠷᠠᠭᠤᠯᠵᠦ᠂ ᠳᠣᠰᠪᠣᠷᠢ 6.1%᠎ ᠪᠠᠷ ᠨᠡᠮᠡᠭᠳᠡᠪᠡ︔ ᠰᠢᠨ᠎ᠠ ᠡᠨᠧᠷᠭᠢ ᠶᠢᠨ ᠠᠵᠦ ᠠᠬᠤᠶᠢᠯᠠᠯ ᠨᠢ 3.4 ᠳ᠋ᠦᠩᠰᠢᠭᠤᠷ ᠺᠢᠯᠣᠸᠠᠲ ᠴᠠᠭ ᠴᠠᠭᠢᠯᠭᠠᠨ ᠭᠠᠷᠭᠠᠵᠦ᠂ 0.1% ᠎ ᠪᠠᠷ ᠨᠡᠮᠡᠭᠳᠡᠪᠡ︔ ᠳ᠋ᠦᠩ ᠯᠢᠨ ᠨᠡᠭᠦᠷᠠᠰᠣᠨ ᠠᠭᠤᠷᠬᠠᠢ ᠨᠢ ᠣᠯᠣᠰ᠂ ᠦᠪᠡᠷᠳᠡᠭᠡᠨ ᠵᠠᠰᠠᠬᠤ ᠣᠷᠣᠨ ᠤ ᠠᠵᠦ ᠦᠢᠯᠠᠰ ᠤᠨ ᠲᠦᠷᠦ ᠶᠢᠨ ᠪᠣᠳᠣᠯᠭ᠎ᠠ ᠶᠣᠰᠣᠭᠠᠷ᠂ 54 ᠲᠦᠮᠡᠨ ᠲᠣᠨ ᠣᠳᠤᠭ᠎ᠠ ᠦᠭᠡᠢ ᠨᠡᠭᠦᠷᠠᠰᠦ ᠦᠢᠯᠡᠳᠪᠣᠷᠢᠯᠠᠵᠦ᠂ 47.3%᠎ ᠪᠠᠷ ᠨᠡᠮᠡᠭᠳᠡᠪᠡ᠃ ︽ᠪᠠᠳᠣᠯᠠᠭᠠᠲᠦ ᠵᠢᠭᠡᠯᠡᠯᠭᠡ ᠶᠢ ᠲᠡᠮᠵᠢᠬᠦ︾ ᠠᠵᠢᠯ ᠢ ᠢᠳᠡᠪᠭᠢᠲᠠᠢ ᠲᠦᠯᠭᠢᠨ ᠠᠭᠢᠭᠤᠯᠵᠦ᠂ ᠠᠵᠦ ᠠᠬᠤᠶᠢᠯᠠᠯ ᠤᠨ ᠪᠠᠯᠠ ᠬᠤᠷᠠᠮᠳᠤᠭᠤᠯᠬᠤ ᠠᠷᠭ᠎ᠠ ᠵᠠᠮ ᠢ ᠦᠷᠭᠡᠳᠭᠡᠨ᠂ 500 ᠲᠦᠮᠡᠨ ᠲᠦᠭᠦᠷᠢᠭ ᠤᠨ ᠭᠦᠷᠦᠩᠭᠡ ᠶᠢᠨ ᠮᠦᠩᠭᠦ ᠶᠢ ᠣᠷᠣᠭᠤᠯᠪᠠ᠃ ᠬᠤᠸᠠᠨ ᠴᠢᠦ᠂ ᠲᠧᠩ ᠶᠤᠸᠠᠢ 2 ᠴᠢᠯᠠᠭᠤᠨ ᠮᠠᠲ᠋ᠧᠷᠢᠶᠠᠯ ᠤᠨ ᠠᠵᠦ ᠠᠬᠤᠶᠢᠯᠠᠯ ᠨᠢ ᠦᠪᠦᠷ ᠮᠣᠩᠭᠤᠯ ᠤᠨ ᠰᠲ᠋ᠣᠺ ᠤᠨ ᠰᠣᠯᠢᠯᠴᠠᠭᠠᠨ ᠤ ᠲᠦᠪ ᠲᠤ ᠫᠠᠶᠢᠰᠠ ᠡᠯᠭᠦᠨ ᠭᠦᠷᠦᠩᠭᠡ ᠨᠡᠶᠢᠯᠡᠭᠦᠯᠦᠨ ᠠᠵᠢᠯ ᠢᠶᠠᠨ ᠡᠭᠢᠯᠡᠭᠦᠯᠪᠡ᠃ ᠮᠦᠩᠭᠦᠨ ᠭᠦᠢᠯᠭᠡᠭᠡᠨ ᠤ ᠪᠠᠶᠢᠭᠤᠯᠣᠮᠵᠢ ᠎ ᠲᠠᠢ ᠬᠠᠷᠢᠯᠴᠠᠨ 2000 ᠲᠦᠮᠡᠨ ᠲᠦᠭᠦᠷᠢᠭ ᠤᠨ ᠪᠠᠳᠣᠯᠠᠭᠠᠲᠦ ᠵᠢᠭᠡᠯᠡᠯᠭᠡ ᠲᠠᠯᠪᠢᠵᠦ᠂ ᠮᠠᠯ ᠤᠨ ᠠᠰᠢᠭ ᠰᠢᠮ᠎ᠡ ᠶᠢᠨ ᠪᠦᠳᠦᠭᠡᠭᠳᠡᠭᠦᠨ ᠤ ᠬᠤᠶᠠᠷ ᠠᠵᠦ ᠠᠬᠤᠶᠢᠯᠠᠯ ᠤᠨ ᠪᠠᠯᠠ ᠮᠦᠩᠭᠦ ᠭᠦᠷᠦᠯᠴᠠᠬᠦ ᠦᠭᠡᠢ ᠠᠰᠠᠭᠤᠳᠠᠯ ᠢ ᠰᠢᠢᠳᠪᠣᠷᠢᠯᠠᠨ ᠦᠭᠴᠦ᠂ ᠠᠵᠦ ᠠᠬᠤᠶᠢᠯᠠᠯ ᠤᠨ ᠳᠣᠭᠳᠠᠭᠰᠠᠨ ᠴᠠᠭ ᠲᠠᠭᠠᠨ ᠦᠢᠯᠠᠳᠪᠣᠷᠢᠯᠠᠯ ᠢᠶᠠᠨ ᠡᠬᠢᠯᠡᠭᠦᠯᠬᠦ ᠶᠢ ᠪᠠᠳᠣᠯᠠᠪᠠ᠃              ︵ᠲᠦᠷᠪᠠ︶ ᠭᠤᠷᠪᠠᠳᠣᠭᠠᠷ ᠠᠵᠦ ᠦᠢᠯᠠᠰ ᠡᠷᠡᠭᠦᠯ ᠢᠶᠠᠷ ᠬᠦᠭᠵᠢᠪᠡ᠃ ᠪᠠᠭ᠎ᠠ ᠵᠢᠵᠢᠭ ᠠᠵᠦ ᠠᠬᠤᠶᠢᠯᠠᠯ ᠪᠠ ᠬᠤᠪᠢ ᠶᠢᠨ ᠡᠵᠡᠩᠨᠠᠯᠳᠠ ᠶᠢᠨ ᠠᠵᠦ ᠠᠬᠤᠢ ᠶᠢᠨ ᠭᠦᠭᠵᠢᠯᠳᠡ ᠶᠢ ᠪᠦᠬᠦ ᠭᠦᠴᠦᠨ ᠢᠶᠠᠷ ᠲᠠᠮᠵᠢᠵᠦ᠂ ︽ᠭᠤᠷᠪᠠᠨ ᠥᠨᠡᠮᠯᠡᠯ ᠢ ᠨᠢᠭᠡᠳᠬᠡᠨ᠂ ᠲᠠᠪᠣᠨ ᠥᠨᠡᠮᠯᠡᠯ ᠢ ᠨᠢᠭᠡᠳᠬᠡᠵᠤ᠂ ᠨᠢᠭᠡ ᠥᠨᠡᠮᠯᠡᠯ ᠳᠤ ᠨᠢᠭᠡ ᠨᠣᠮᠧᠷ ᠲᠠᠢ ᠪᠠᠶᠢᠯᠭᠠᠬᠤ︾ ᠲᠠᠩᠰᠠᠯᠠᠬᠤ ᠲᠦᠷᠢᠮ ᠢ ᠪᠦᠬᠦ ᠲᠠᠯ᠎ᠠ ᠪᠠᠷ ᠲᠦᠯᠭᠢᠨ ᠠᠭᠢᠭᠤᠯᠵᠦ᠂ ᠨᠠᠶᠢᠳᠠ ᠶᠢᠨ ᠦᠮᠴᠢᠯᠠᠯ ᠤᠨ ᠪᠣᠰᠣ ᠠᠵᠦ ᠠᠬᠤᠢ ᠶᠢᠨ ᠵᠠᠬ᠎ᠠ ᠲᠡᠯᠭᠡᠭᠦᠷ ᠲᠤ ᠣᠷᠣᠬᠤ ᠶᠢ ᠴᠢᠯᠦᠭᠡᠳᠠᠢ ᠲᠠᠯᠪᠢᠵᠦ᠂ ᠪᠦᠬᠦ ᠬᠤᠰᠢᠭᠤᠨ ᠳᠤ ᠰᠢᠨ᠎ᠠ ᠎ ᠪᠠᠷ ᠲᠠᠩᠰᠠᠯᠠᠭᠰᠠᠨ ᠵᠠᠬ᠎ᠠ ᠲᠡᠯᠭᠡᠭᠦᠷ ᠤᠨ ᠭᠤᠣᠯ ᠴᠣᠭᠴᠠ 560 ᠡᠷᠦᠬᠡ ᠪᠠᠶᠢᠵᠦ᠂ ᠶᠡᠷᠦᠩᠭᠡᠢ ᠳᠤᠭ᠎ᠠ ᠨᠢ 3274 ᠡᠷᠦᠭᠡ ᠳᠤ ᠭᠦᠷᠪᠡ᠃ ︽ᠭᠦᠪᠡᠭᠡᠲᠦ ᠰᠢᠷ᠎ᠠ ᠬᠤᠰᠢᠭᠤᠨ ᠤ ᠰᠣᠶᠣᠯ ᠵᠢᠭᠤᠯᠴᠢᠯᠠᠯ ᠤᠨ ᠠᠵᠦ ᠦᠢᠯᠠᠰ ᠤᠨ ᠭᠦᠭᠵᠢᠯᠳᠡ ᠶᠢ ᠲᠦᠷᠭᠡᠳᠭᠡᠬᠦ ᠭᠡᠷᠡᠭᠵᠢᠭᠦᠯᠬᠦ ᠲᠦᠰᠦᠯ︾᠎ ᠢ ᠳᠣᠭᠳᠠᠭᠠᠨ ᠲᠠᠷᠬᠠᠭᠠᠵᠦ᠂ ᠬᠠᠶ᠋ᠢᠩᠭᠢᠷᠸ᠎ᠠ ᠰᠦᠮ᠎ᠠ᠂ ᠬᠤᠩᠭᠤᠷ ᠠᠭᠤᠯᠠ ᠵᠡᠷᠭᠡ ᠵᠣᠭᠠᠴᠠᠯ ᠤᠨ ᠦᠵᠡᠮᠵᠢ ᠶᠢᠨ ᠣᠷᠣᠨ ᠤ ᠰᠠᠭᠤᠷᠢ ᠲᠦᠭᠦᠭᠡᠷᠦᠮᠵᠢ ᠶᠢᠨ ᠪᠠᠶᠢᠭᠤᠯᠣᠯᠳᠠ ᠶᠢ ᠭᠤᠣᠯᠳᠠᠯᠭ᠎ᠠ ᠲᠠᠢ ᠠᠭᠢᠭᠤᠯᠵᠦ᠂ 16.7 ᠺᠢᠯᠣᠮᠧᠲᠷ ᠤᠨ ᠵᠣᠭᠠᠴᠠᠯ ᠤᠨ ᠦᠵᠡᠮᠵᠢ ᠶᠢᠨ ᠣᠷᠣᠨ ᠤ ᠵᠠᠰᠠᠮᠠᠯ ᠵᠠᠮ ᠢ ᠰᠢᠨ᠎ᠠ ᠪᠠᠷ ᠵᠠᠰᠠᠨ᠂ 30 ᠲᠦᠷᠢᠮᠵᠢᠭᠰᠡᠨ ︽ᠮᠠᠯᠴᠢᠨ ᠠᠶᠢᠯ︾ ᠵᠣᠭᠠᠴᠠᠯ ᠤᠨ ᠡᠷᠦᠭᠡ ᠶᠢ ᠲᠠᠮᠵᠢᠨ ᠭᠦᠭᠵᠢᠭᠦᠯᠵᠦ᠂ ᠵᠣᠭᠠᠴᠠᠭᠰᠠᠳ ᠤᠨ ᠳᠤᠭ᠎ᠠ ᠪᠠ ᠵᠣᠭᠠᠴᠠᠯ ᠤᠨ ᠶᠠᠷᠦᠩᠭᠡᠢ ᠣᠷᠣᠯᠭ᠎ᠠ ᠳᠣᠰᠪᠣᠷᠢ 12% ᠪᠠ 16%᠎ ᠪᠠᠷ ᠨᠡᠮᠡᠭᠳᠡᠪᠡ᠃ ᠦᠨᠳᠦᠰᠦᠳᠠᠨ ᠤ ᠣᠨᠴᠠᠯᠢᠭᠲᠤ ᠪᠦᠳᠦᠭᠡᠭᠳᠡᠭᠦᠨ ᠪᠠ ᠲᠠᠪᠠᠭᠤᠯᠢᠭ ᠣᠨᠴᠠᠯᠢᠭᠲᠤ ᠠᠵᠦ ᠦᠢᠯᠠᠰ ᠤᠨ ᠭᠤᠣᠯᠳᠠᠯᠭᠠᠲᠦ ᠠᠵᠦ ᠠᠬᠤᠶᠢᠯᠠᠯ ᠨᠢ ᠡᠷᠢᠶᠠᠨ ᠬᠤᠳᠠ ᠶᠢᠨ ᠳᠣᠮᠳᠠᠲᠦ ᠮᠣᠩᠭᠤᠯ ᠣᠷᠣᠰ ᠤᠨ ᠠᠵᠦ ᠠᠬᠤᠢ ᠠᠷᠠᠯᠵᠢᠶ᠎ᠠ ᠶᠢᠨ ᠬᠠᠮᠳᠣᠷᠠᠯᠴᠠᠭᠠᠨ ᠤ ᠵᠦᠪᠳᠡᠯᠴᠡᠭᠡᠷ ᠤᠨ ᠬᠤᠷᠠᠯ ᠪᠠ ᠱᠠᠩᠬᠠᠢ ᠶᠢᠨ ᠴᠢᠯᠦᠭᠡᠲᠦ ᠠᠷᠠᠯᠵᠢᠶᠠᠨ ᠤ ᠳᠣᠷᠰᠢᠯᠳᠠ ᠶᠢᠨ ᠣᠷᠣᠨ ᠤ ᠰᠣᠶᠣᠯ ᠤᠨ ᠡᠷᠭᠡ ᠣᠯᠭᠤᠭᠰᠠᠨ ᠰᠣᠯᠢᠯᠴᠠᠭᠠᠨ ᠤ ᠬᠤᠷᠠᠯ ᠳᠤ ᠣᠷᠣᠯᠴᠠᠵᠦ᠂ ᠨᠡᠯᠢᠶᠡᠳ ᠰᠠᠶᠢᠨ ᠦᠷ᠎ᠡ ᠪᠦᠳᠦᠮᠵᠢ ᠶᠢ ᠣᠯᠪᠠ᠃ ᠵᠠᠮ ᠬᠠᠷᠢᠯᠴᠠᠭ᠎ᠠ ᠵᠦᠭᠡᠭᠡᠪᠦᠷᠢ ᠶᠢᠨ ᠦᠢᠯᠡᠴᠢᠯᠡᠭᠡᠨ ᠤ ᠦᠢᠯᠡᠰ ᠪᠠ ᠮᠦᠩᠭᠦᠨ ᠭᠦᠢᠯᠭᠡᠭᠡᠨ ᠤ ᠦᠢᠯᠠᠰ ᠯᠠᠪᠳᠠᠭᠤᠨ ᠢᠶᠠᠷ ᠭᠦᠭᠵᠢᠪᠡ᠃ ᠵᠠᠮ ᠬᠠᠷᠢᠯᠴᠠᠭ᠎ᠠ ᠲᠡᠭᠡᠭᠡᠪᠦᠷᠢ ᠶᠢᠨ ᠦᠢᠯᠡᠴᠢᠯᠡᠭᠡᠨ ᠤ ᠦᠢᠯᠠᠰ ᠪᠠ ᠮᠦᠩᠭᠦᠨ ᠭᠦᠢᠯᠭᠡᠭᠡᠨ ᠤ ᠦᠢᠯᠠᠰ ᠳᠣᠭᠳᠠᠭᠤᠨ ᠢᠶᠠᠷ ᠭᠦᠭᠵᠢᠵᠦ᠂ ᠠᠶᠠᠨᠴᠢᠳ ᠪᠠ ᠪᠠᠷᠠᠭᠠᠨ ᠤ ᠲᠡᠭᠡᠭᠡᠪᠦᠷᠢ ᠶᠢᠨ ᠡᠷᠭᠢᠯᠳᠠ ᠶᠢᠨ ᠭᠡᠮᠵᠢᠶ᠎ᠡ ᠳᠣᠰᠪᠣᠷᠢ 10.5% ᠪᠠ 12.2% ᠨᠡᠮᠡᠭᠳᠡᠵᠦ᠂ ᠮᠦᠩᠭᠦᠨ ᠬᠦᠢᠯᠭᠡᠭᠡᠨ ᠤ ᠪᠠᠶᠢᠭᠤᠯᠣᠮᠵᠢ ᠶᠢᠨ ᠬᠤᠷᠠᠮᠳᠤᠭᠤᠯᠤᠭᠰᠠᠨ ᠪᠠᠯᠠ 3.5 ᠳ᠋ᠦᠩᠰᠢᠭᠤᠷ ᠲᠦᠭᠦᠷᠢᠭ ᠲᠤ ᠭᠦᠷᠴᠦ᠂ ᠬᠠᠳᠠᠭᠠᠯᠠᠮᠵᠢ ᠪᠠ ᠵᠢᠭᠡᠯᠡᠯᠭᠡ ᠶᠢᠨ ᠦᠯᠡᠳᠡᠪᠣᠷᠢ ᠳᠣᠰᠪᠣᠷᠢ 47.5% ᠪᠠ 8.6%᠎ ᠪᠠᠷ ᠨᠡᠮᠡᠭᠳᠡᠪᠡ᠃              ︵ᠲᠠᠪᠤ︶ ᠠᠮᠢ ᠠᠬᠤᠢ ᠣᠷᠴᠢᠨ ᠳᠣᠭᠤᠷᠢᠨ ᠤ ᠬᠠᠮᠠᠭᠠᠯᠠᠯᠳᠠ ᠶᠢ ᠲᠠᠰᠣᠷᠠᠯᠳᠠ ᠦᠭᠡᠢ ᠴᠢᠩᠭᠠᠳᠬᠠᠪᠠ᠃ ᠨᠢᠭᠡᠳᠦᠭᠡᠷ ᠡᠭᠡᠯᠵᠢ ᠶᠢᠨ ᠱᠠᠩᠨᠠᠵᠦ ᠨᠦᠭᠦᠪᠦᠷᠢᠯᠡᠬᠦ ᠲᠦᠷᠦ ᠶᠢᠨ ᠪᠣᠳᠣᠯᠭ᠎ᠠ ᠶᠢ ᠭᠡᠷᠡᠭᠵᠢᠬᠦᠯᠬᠦ ᠳᠤᠮᠳᠠ ᠬᠤᠷᠠᠮᠳᠣᠭᠤᠯᠣᠭᠰᠠᠨ ᠠᠷᠭ᠎ᠠ ᠳᠣᠷᠰᠢᠯᠭ᠎ᠠ ᠶᠢ ᠨᠠᠷᠢᠨ ᠭᠢᠨᠠᠮᠠᠭᠠᠢ ᠬᠤᠷᠢᠶᠠᠩᠭᠤᠶᠢᠯᠠᠵᠦ᠂ ᠰᠢᠨ᠎ᠡ ᠨᠢᠭᠡ ᠡᠭᠡᠯᠵᠢ ᠶᠢᠨ ᠪᠡᠯᠴᠢᠭᠡᠷᠯᠡᠬᠦᠯᠬᠦ ᠶᠢ ᠵᠣᠭᠰᠣᠭᠠᠬᠤ ᠪᠠ ᠮᠠᠯ ᠪᠡᠯᠴᠢᠭᠡᠷ ᠤᠨ ᠲᠠᠩᠴᠠᠭᠦᠷᠢ ᠶᠢ ᠪᠠᠳᠣᠯᠠᠬᠤ ᠣᠷᠣᠨ ᠤ ᠲᠠᠯᠠᠪᠠᠢ᠂ ᠭᠢᠨᠠᠨ ᠳᠣᠭᠳᠠᠭᠠᠭᠰᠠᠨ ᠪᠡᠯᠴᠢᠭᠡᠷ ᠤᠨ ᠲᠠᠭᠠᠭᠠᠴᠠ ᠶᠢᠨ ᠭᠡᠮᠵᠢᠶ᠎ᠡ ᠶᠢ ᠵᠣᠭᠢᠰᠲᠠᠢ ᠳᠣᠭᠳᠠᠭᠠᠨ᠂ ︽ᠭᠦᠪᠡᠭᠡᠲᠦ ᠰᠢᠷ᠎ᠠ ᠬᠤᠰᠢᠭᠤᠨ ᠤ ᠲᠠᠯ᠎ᠠ ᠨᠣᠳᠤᠭ ᠤᠨ ᠠᠮᠢ ᠠᠬᠤᠢ ᠶᠢ ᠬᠠᠮᠠᠭᠠᠯᠠᠬᠤ ᠱᠠᠩᠨᠠᠵᠦ ᠨᠦᠬᠦᠪᠦᠷᠢᠯᠡᠬᠦ ᠲᠦᠷᠦ ᠶᠢ ᠪᠣᠳᠣᠯᠭ᠎ᠠ ᠶᠢ ᠭᠡᠷᠡᠭᠵᠢᠭᠦᠯᠬᠦ ᠲᠦᠰᠦᠯ ︵2016-2020 ᠣᠨ︶︾᠎ ᠂ ︽ᠠᠮᠢ ᠠᠬᠤᠢ ᠶᠢ ᠬᠠᠮᠠᠭᠠᠯᠠᠬᠤ ᠣᠯᠠᠭᠠᠨ ᠱᠣᠭᠤᠮ ᠢ ᠬᠤᠪᠢᠶᠡᠷᠢᠯᠠᠨ ᠳᠣᠭᠳᠠᠭᠠᠬᠤ ᠲᠦᠰᠦᠯ︾ ᠪᠠ ︽ᠣᠯᠣᠰ ᠤᠨ ᠭᠤᠣᠯᠳᠠᠯᠭᠠᠲᠦ ᠠᠮᠢ ᠠᠬᠤᠢ ᠶᠢᠨ ᠴᠢᠳᠠᠪᠭᠢᠲᠦ ᠣᠷᠣᠨ ᠳᠠᠬᠢ ᠠᠵᠦ ᠦᠢᠯᠠᠰ ᠤᠨ ᠨᠠᠵᠠᠭᠠᠢ ᠦᠢᠯᠡᠳᠤᠯ ᠤᠨ ᠲᠤᠳᠤᠷᠬᠠᠢ ᠬᠠᠭᠤᠳᠠᠰᠣ︾᠎ ᠶᠢ ᠨᠠᠶᠢᠷᠠᠭᠤᠯᠵᠦ ᠳᠠᠭᠤᠰᠬᠠᠪᠠ᠃ ᠠᠮᠢ ᠠᠬᠤᠢ ᠶᠢᠨ ᠪᠠᠶᠢᠭᠤᠯᠣᠯᠳᠠ ᠶᠢᠨ ᠭᠤᠣᠯᠳᠠᠯᠭᠠᠲᠤ ᠢᠨᠵᠧᠨᠧᠷᠢᠩ ᠢ ᠨᠠᠷᠢᠨ ᠭᠢᠨᠠᠮᠠᠭᠠᠢ ᠭᠡᠷᠡᠭᠵᠢᠭᠦᠯᠵᠦ᠂ 9.6 ᠲᠦᠮᠡᠨ ᠮᠣ᠋ ᠪᠡᠭᠡᠵᠢᠩ ᠲᠢᠶᠠᠨᠵᠢᠨ ᠤ ᠰᠠᠯᠬᠢ ᠡᠯᠡᠰᠦᠨ ᠤ ᠡᠭᠢ ᠶᠢ ᠵᠠᠰᠠᠵᠦ᠂ ᠭᠤᠤᠯᠳᠠᠯᠭᠠᠲᠤ ᠣᠷᠣᠨ ᠳᠤ 1000 ᠮᠣ᠋ ᠣᠶᠢᠵᠢᠭᠤᠯᠣᠯᠳᠠ ᠨᠣᠭᠤᠭᠠᠷᠠᠭᠤᠯᠣᠯᠳᠠ ᠶᠢ ᠪᠠᠶᠠᠯᠡᠭᠦᠯᠪᠠ᠃ ︽ᠭᠤᠷᠪᠠᠨ ᠳᠣᠭᠤᠷᠢᠭ ᠬᠤᠶᠠᠷ ᠱᠣᠭᠤᠮ︾᠎ ᠢ ᠵᠠᠰᠠᠬᠤ ᠪᠠ ᠠᠭᠤᠷᠬᠠᠢ ᠶᠢᠨ ᠠᠵᠦ ᠠᠬᠤᠶᠢᠯᠠᠯ ᠵᠢᠴᠢ ᠡᠷᠭᠢ ᠳᠣᠭᠤᠷᠢᠨ ᠤ 48.7 ᠡᠾᠧᠺᠲ᠋ᠠᠷ ᠣᠷᠴᠢᠨ ᠳᠣᠭᠤᠷᠢᠨ ᠢ ᠴᠡᠭᠴᠡᠯᠡᠨ ᠵᠠᠰᠠᠵᠦ᠂ ᠴᠢᠯᠠᠭᠤᠨ ᠮᠠᠲ᠋ᠧᠷᠢᠶᠠᠯ ᠤᠨ ᠬᠠᠶᠠᠭᠳᠠᠮᠠᠯ ᠤᠨ ᠲᠠᠯᠠᠪᠠᠢ 1᠎ ᠶᠢ ᠰᠢᠨ᠎ᠠ ᠪᠠᠷ ᠪᠠᠶᠢᠭᠤᠯᠪᠠ᠃ ᠪᠣᠵᠠᠷ ᠣᠰᠣ ᠶᠢ ᠰᠢᠢᠳᠪᠣᠷᠢᠯᠡᠬᠦ ᠦᠢᠯᠡᠳᠪᠣᠷᠢ ᠶᠢᠨ ᠳᠣᠨᠤᠭ ᠲᠦᠭᠦᠭᠡᠷᠦᠮᠵᠢ ᠶᠢ ᠨᠡᠮᠡᠭᠳᠡᠭᠦᠯᠵᠦ᠂ ᠪᠣᠵᠠᠷ ᠣᠰᠣ ᠶᠢ ᠰᠢᠢᠳᠪᠣᠷᠢᠯᠡᠬᠦ ᠦᠷ᠎ᠡ ᠠᠰᠢᠭ ᠢ ᠣᠯᠠᠮ ᠳᠡᠭᠡᠭᠰᠢᠯᠡᠭᠦᠯᠪᠠ︔ ᠴᠢᠩ ᠴᠢᠣᠸᠠᠨ᠂ ᠵᠢᠶᠠ ᠯᠢᠶᠠᠨ 2 ᠪᠠᠭ᠎ᠠ ᠭᠡᠯᠪᠡᠷᠢ ᠶᠢᠨ ᠳᠣᠯᠠᠭᠠᠯᠭ᠎ᠠ ᠶᠢᠨ ᠲᠦᠷᠦᠯ ᠵᠦᠢᠯ ᠢ ᠵᠣᠭᠰᠣᠭᠠᠵᠤ᠂ ᠦᠪᠡᠷᠳᠡᠭᠡᠨ ᠵᠠᠰᠠᠬᠤ ᠣᠷᠣᠨ ᠤ ᠠᠮᠢ ᠠᠬᠤᠢ ᠣᠷᠴᠢᠨ ᠳᠣᠭᠤᠷᠢᠨ ᠢ ᠬᠠᠮᠠᠭᠠᠯᠠᠬᠤ ᠭᠢᠨᠠᠨ ᠰᠢᠯᠭᠠᠯᠳᠠ ᠳᠤ ᠭᠢᠷᠢ ᠲᠠᠩᠴᠠᠪᠠ᠃ ᠣᠰᠣᠨ ᠤ ᠶᠡᠷᠦᠩᠭᠡᠢ ᠭᠡᠮᠵᠢᠶ᠎ᠡ ᠪᠠ ᠤᠰᠤᠨ ᠤ ᠭᠡᠷᠡᠭᠯᠡᠯᠳᠡ ᠶᠢᠨ ᠦᠷ᠎ᠡ ᠠᠰᠢᠭ ᠢ ᠡᠵᠡᠮᠳᠡᠬᠦ ᠶᠢ ᠴᠢᠩᠭ᠎ᠠ ᠨᠠᠶᠢᠳᠠᠪᠣᠷᠢᠵᠢᠭᠤᠯᠵᠦ᠂ ᠣᠰᠣᠨ ᠤ ᠡᠭᠢ ᠪᠠᠶᠠᠯᠢᠭ ᠢ ᠠᠰᠢᠭᠯᠠᠬᠤ ᠨᠣᠷᠮ᠎ᠠ ᠶᠢ ᠣᠯᠠᠮ ᠲᠡᠭᠡᠭᠰᠢᠯᠡᠭᠦᠯᠪᠡ᠃ ᠡᠯ᠎ᠡ ᠲᠦᠷᠦᠯ ᠤᠨ ᠪᠣᠭᠢᠷᠳᠣᠯ ᠢ ᠪᠠᠭᠠᠰᠬᠠᠬᠤ ᠠᠷᠭ᠎ᠠ ᠠᠪᠴᠠᠯ ᠢ ᠨᠠᠷᠢᠨ ᠭᠢᠨᠠᠮᠠᠭᠠᠢ ᠨᠠᠶᠢᠳᠠᠪᠣᠷᠢᠵᠢᠭᠤᠯᠵᠦ᠂ ᠪᠦᠬᠦ ᠵᠢᠯ ᠤᠨ ᠡᠨᠧᠷᠭᠢ ᠠᠷᠪᠢᠯᠠᠨ ᠪᠣᠭᠢᠷᠳᠣᠯ ᠢ ᠪᠠᠭᠠᠰᠬᠠᠬᠤ ᠡᠭᠦᠷᠭᠡ ᠪᠠᠨ ᠪᠠᠶᠠᠯᠠᠭᠦᠯᠪᠡ᠃              ︵ᠵᠢᠷᠭᠤᠭ᠎ᠠ︶ ᠦᠭᠡᠷᠡᠴᠢᠯᠠᠯᠳᠠ ᠶᠢ ᠭᠦᠨᠵᠡᠭᠡᠶᠢᠷᠡᠭᠦᠯᠬᠦ ᠶᠢ ᠪᠦᠬᠦ ᠲᠠᠯ᠎ᠠ ᠪᠠᠷ ᠲᠦᠯᠭᠢᠨ ᠠᠭᠢᠭᠤᠯᠪᠠ᠃ ᠠᠵᠦ ᠠᠬᠤᠢ᠂ ᠨᠡᠶᠢᠭᠡᠮ᠂ ᠠᠮᠢ ᠠᠬᠤᠢ ᠶᠢᠨ ᠭᠦᠷᠢᠶ᠎ᠠ ᠴᠠᠷᠠᠭᠠᠨ ᠳᠤ 30 ᠦᠭᠡᠷᠡᠴᠢᠯᠠᠯᠳᠠ ᠶᠢᠨ ᠲᠦᠰᠦᠯ ᠢ ᠳᠣᠭᠳᠠᠭᠠᠵᠣ᠂ 43 ᠦᠭᠡᠷᠡᠴᠢᠯᠠᠯᠳᠠ ᠶᠢᠨ ᠡᠭᠦᠷᠭᠡ ᠶᠢ ᠪᠠᠶᠡᠯᠡᠭᠦᠯᠪᠠ᠃ ᠵᠠᠰᠠᠭ ᠵᠠᠭᠢᠷᠭᠠᠨ ᠤ ᠭᠢᠨᠠᠨ ᠵᠦᠪᠰᠢᠶᠡᠷᠡᠬᠦ ᠲᠦᠷᠢᠮ ᠤᠨ ᠦᠭᠡᠷᠡᠴᠢᠯᠠᠯᠳᠠ ᠶᠢ ᠭᠦᠨᠵᠡᠭᠡᠢ ᠠᠭᠢᠭᠤᠯᠵᠦ᠂ ᠢᠨᠵᠧᠨᠧᠷᠢᠩ ᠤᠨ ᠲᠠᠭᠠᠭᠠᠴᠢᠯᠠᠯᠳᠠ ᠵᠠᠷᠯᠠᠬᠤ ᠲᠠᠭᠠᠭᠠᠴᠢᠯᠠᠯᠳᠠ ᠭᠦᠯᠢᠶᠡᠬᠦ ᠦᠢᠯᠡᠴᠢᠯᠡᠭᠡ ᠶᠢ ᠵᠠᠰᠠᠭ ᠤᠨ ᠶᠠᠪᠣᠳᠠᠯ ᠤᠨ ᠦᠢᠯᠡᠴᠢᠯᠡᠭᠡᠨ ᠤ ᠲᠦᠪ ᠤᠨ ᠠᠵᠢᠯ ᠤᠨ ᠭᠡᠪᠴᠢᠶᠡᠨ ᠳᠤ ᠣᠷᠣᠭᠤᠯᠣᠨ᠂ ᠭᠢᠨᠠᠨ ᠵᠦᠪᠰᠢᠶᠡᠷᠡᠬᠦ ᠦᠢᠯᠡᠴᠢᠯᠡᠭᠡᠨ ᠤ ᠶᠠᠪᠣᠴᠠ ᠶᠢ ᠣᠯᠠᠮ ᠰᠢᠯᠢᠳᠡᠭᠵᠢᠭᠦᠯᠵᠦ᠂ ᠠᠵᠢᠯ ᠤᠨ ᠦᠷ᠎ᠡ ᠪᠦᠳᠦᠮᠵᠢ ᠪᠠ ᠦᠢᠯᠡᠴᠢᠯᠡᠭᠡᠨ ᠤ ᠶᠠᠰᠣ ᠴᠢᠨᠠᠷ ᠢ ᠲᠡᠭᠡᠭᠰᠢᠯᠡᠭᠦᠯᠪᠡ᠃ ᠠᠯᠪᠠᠨ ᠪᠠᠶᠢᠭᠤᠯᠣᠯᠭ᠎ᠠ ᠠᠵᠢᠯ ᠦᠢᠯᠠᠰ ᠤᠨ ᠨᠢᠭᠡᠴᠠ ᠶᠢᠨ ᠣᠯᠣᠰ ᠤᠨ ᠦᠮᠴᠢᠯᠡᠯᠲᠦ ᠡᠳ᠋ ᠭᠦᠷᠦᠩᠭᠡ ᠶᠢ ᠭᠢᠨᠠᠨ ᠪᠦᠷᠢᠳᠭᠡᠬᠦ ᠠᠵᠢᠯ ᠢ ᠭᠦᠨᠵᠡᠭᠡᠢ ᠦᠷᠨᠢᠭᠦᠯᠪᠠ᠃ ᠦᠯᠦ ᠭᠦᠳᠡᠯᠬᠦ ᠭᠦᠷᠦᠩᠭᠡ ᠶᠢ ᠨᠢᠭᠡᠳᠦᠯᠳᠠᠢ ᠲᠠᠩᠰᠠᠯᠠᠬᠤ ᠲᠦᠷᠢᠮ ᠢ ᠪᠦᠭᠦ ᠲᠠᠯ᠎ᠠ ᠪᠠᠷ ᠭᠡᠷᠡᠭᠵᠢᠭᠦᠯᠵᠦ᠂ ᠦᠯᠦ ᠭᠦᠳᠡᠯᠬᠦ ᠭᠦᠷᠦᠩᠭᠡ ᠶᠢᠨ ᠲᠠᠩᠰᠠᠯᠡᠬᠤ ᠲᠦᠪ ᠢ ᠪᠠᠶᠢᠭᠤᠯᠣᠨ ᠂ ᠦᠯᠦ ᠭᠦᠳᠡᠯᠬᠦ ᠭᠦᠷᠦᠩᠭᠡ ᠶᠢᠨ ᠦᠨᠡᠮᠯᠠᠯ ᠢ 160 ᠲᠡᠪᠳᠡᠷ ᠲᠠᠷᠬᠠᠭᠠᠪᠠ᠃ ︽ᠨᠣᠳᠤᠭ ᠪᠡᠯᠴᠢᠭᠡᠷ ᠤᠨ ᠲᠠᠭᠠᠭᠠᠴᠢᠯᠠᠨ ᠡᠵᠡᠩᠨᠡᠬᠦ ᠡᠷᠭᠡ ᠶᠢ ᠪᠠᠷᠢᠴᠠᠭᠠᠯᠠᠬᠤ ᠵᠢᠭᠡᠯᠡᠯᠭᠡ ᠶᠢᠨ ᠳᠣᠷᠰᠢᠯᠳᠠ ᠶᠢᠨ ᠴᠢᠭ ᠤᠨ ᠠᠵᠢᠯ ᠤᠨ ᠭᠡᠷᠡᠭᠵᠢᠭᠦᠯᠬᠦ ᠠᠷᠭ᠎ᠠ︾ ᠪᠠ ︽ᠨᠣᠳᠤᠭ ᠪᠡᠯᠴᠢᠭᠡᠷ ᠤᠨ ᠲᠠᠭᠠᠭᠠᠴᠢᠯᠠᠨ ᠡᠵᠡᠩᠨᠡᠬᠦ ᠡᠷᠭᠡ ᠶᠢ ᠰᠢᠯᠵᠢᠭᠦᠯᠬᠦ ᠭᠡᠷᠡᠭᠵᠢᠭᠦᠯᠬᠦ ᠠᠷᠭ᠎ᠠ︾᠎ ᠶᠢ ᠳᠣᠭᠳᠠᠭᠠᠵᠤ᠂ ᠬᠤᠰᠢᠭᠤ᠂ ᠰᠣᠮᠣ ᠪᠠᠯᠭᠠᠰᠣ᠂ ᠭᠠᠴᠠᠭ᠎ᠠ ᠭᠤᠷᠪᠠᠨ ᠱᠠᠳᠣᠨ ᠤ ᠨᠣᠳᠤᠭ ᠪᠡᠯᠴᠢᠭᠡᠷ ᠢ ᠰᠢᠯᠵᠢᠭᠦᠯᠬᠦ ᠲᠠᠪᠴᠠᠩ ᠤᠨ ᠪᠠᠶᠢᠭᠤᠯᠣᠯᠳᠠ ᠶᠢ ᠪᠠᠶᠠᠯᠡᠭᠦᠯᠵᠦ᠂ ᠨᠣᠳᠤᠭ ᠪᠡᠯᠴᠢᠭᠡᠷ ᠤᠨ ᠲᠠᠭᠠᠭᠠᠴᠢᠯᠠᠨ ᠡᠵᠡᠩᠨᠡᠬᠦ ᠡᠷᠭᠡ ᠶᠢ ᠪᠠᠷᠢᠴᠠᠭᠠᠯᠠᠨ ᠵᠢᠭᠡᠯᠡᠯᠭᠡ ᠲᠠᠯᠪᠢᠬᠤ ᠠᠵᠢᠯ ᠢ ᠦᠷᠨᠢᠭᠦᠯᠪᠠ᠃ ᠪᠠᠭ᠎ᠠ ᠬᠡᠯᠪᠡᠷᠢ ᠶᠢᠨ ᠣᠰᠣᠨ ᠠᠰᠢᠭᠯᠠᠯᠳᠠ ᠶᠢᠨ ᠢᠨᠵᠧᠨᠧᠷᠢᠩ ᠤᠨ ᠬᠠᠮᠢᠶᠠᠷᠣᠯᠳᠠ ᠶᠢᠨ ᠪᠠᠶᠢᠭᠤᠯᠣᠯ ᠤᠨ ᠦᠭᠡᠷᠡᠴᠢᠯᠠᠯᠳᠠ ᠶᠢ ᠪᠠᠶᠠᠯᠠᠭᠦᠯᠵᠦ᠂ ᠦᠮᠴᠢᠯᠠᠯ ᠤᠨ ᠡᠷᠭᠡ ᠶᠢᠨ ᠦᠨᠡᠮᠯᠠᠯ 422 ᠲᠡᠪᠳᠡᠷ ᠲᠠᠷᠬᠠᠭᠠᠪᠠ᠃ ︽ᠶᠠᠷᠭᠠᠶᠢᠲᠦ ᠣᠯᠣᠰ ᠠᠴᠠ ᠡᠵᠡᠩᠨᠡᠭᠰᠡᠨ ᠮᠧᠬᠠᠨᠢᠭᠴᠢᠯᠠᠭᠰᠠᠨ ᠣᠢ ᠰᠢᠭᠤᠢ ᠶᠢᠨ ᠲᠠᠯᠠᠪᠠᠢ ᠶᠢᠨ ᠦᠭᠡᠷᠡᠴᠢᠯᠠᠯᠳᠠ ᠶᠢᠨ ᠭᠡᠷᠡᠭᠵᠢᠭᠦᠯᠬᠦ ᠲᠦᠰᠦᠯ︾᠎ ᠢ ᠨᠠᠶᠢᠷᠠᠭᠤᠯᠵᠦ ᠳᠠᠭᠤᠰᠬᠠᠪᠠ᠃ ︽ᠠᠯᠪᠠᠨ ᠠᠴᠠ ᠪᠠᠶᠢᠭᠤᠯᠣᠭᠰᠠᠨ ᠡᠮᠨᠡᠯᠭᠡ ᠶᠢᠨ ᠬᠤᠷᠢᠶ᠎ᠠ ᠶᠢᠨ ᠬᠠᠮᠢᠶᠠᠷᠣᠯᠳᠠ ᠶᠢᠨ ᠵᠦᠪᠯᠠᠯ ᠤᠨ ᠲᠦᠷᠢᠮ ︵ᠲᠣᠷᠰᠢᠨ ᠭᠡᠷᠡᠭᠵᠢᠭᠦᠯᠬᠦ︶︾᠂ ︽ᠠᠯᠪᠠᠨ ᠠᠴᠠ ᠪᠠᠶᠢᠭᠤᠯᠣᠭᠰᠠᠨ ᠡᠮᠨᠡᠯᠭᠡ ᠶᠢᠨ ᠬᠤᠷᠢᠶ᠎ᠠ ᠶᠢᠨ ᠠᠵᠢᠯ ᠤᠨ ᠪᠦᠳᠦᠮᠵᠢ ᠶᠢ ᠭᠢᠨᠠᠨ ᠰᠢᠯᠭᠠᠬᠤ ᠭᠡᠷᠡᠭᠵᠢᠭᠦᠯᠬᠦ ᠲᠦᠰᠦᠯ︾ ᠵᠡᠷᠭᠡ ᠪᠦᠷᠢᠨ ᠲᠦᠬᠦᠷ ᠲᠦᠷᠢᠮ ᠲᠦᠰᠦᠯ ᠢ ᠳᠣᠭᠳᠠᠭᠠᠨ ᠲᠠᠷᠬᠠᠭᠠᠪᠠ᠃ ᠵᠠᠰᠠᠭ ᠵᠠᠭᠢᠷᠭᠠᠨ ᠤ ᠪᠠᠶᠢᠭᠤᠯᠣᠯᠭ᠎ᠠ ᠶᠢᠨ ᠠᠯᠪᠠᠨ ᠤ ᠲᠡᠷᠭᠡ ᠶᠢᠨ ᠲᠦᠷᠢᠮ ᠤᠨ ᠦᠭᠡᠷᠡᠴᠢᠯᠠᠯᠳᠠ ᠶᠢᠨ ᠠᠵᠢᠯ ᠢ ᠪᠠᠶᠠᠯᠡᠭᠦᠯᠵᠦ᠂ ᠠᠯᠪᠠᠨ ᠤ ᠶᠠᠪᠣᠳᠠᠯ ᠤᠨ ᠵᠠᠮ ᠬᠠᠷᠢᠯᠴᠠᠭᠠᠨ ᠤ ᠨᠦᠭᠦᠪᠦᠷᠢ ᠶᠢ ᠣᠯᠭᠤᠪᠠ᠃              ︵ᠳᠣᠯᠤᠭ᠎ᠠ︶ ᠬᠤᠲᠠ ᠪᠠᠯᠭᠠᠰᠣᠨ ᠤ ᠰᠠᠭᠤᠷᠢ ᠲᠦᠭᠦᠭᠡᠷᠦᠮᠵᠢ ᠶᠢᠨ ᠪᠦᠳᠦᠭᠡᠨ ᠪᠠᠶᠢᠭᠤᠯᠣᠯᠳᠠ ᠶᠢ ᠲᠠᠰᠣᠷᠠᠯᠳᠠ ᠦᠭᠡᠢ ᠲᠡᠭᠦᠯᠳᠡᠷᠵᠢᠭᠦᠯᠪᠠ᠃ ᠰᠢᠨᠠᠪᠣᠯᠠᠭ ᠪᠠᠯᠭᠠᠰᠣᠨ ᠤ ᠬᠤᠳᠠ ᠪᠠᠯᠭᠠᠰᠣᠨ ᠤ ᠭᠦᠭᠵᠢᠯᠳᠡ ᠶᠢᠨ ᠶᠠᠷᠦᠩᠭᠡᠢ ᠲᠦᠯᠦᠪᠵᠢᠭᠦᠯᠭᠡ ᠪᠠ ᠭᠢᠵᠠᠭᠠᠷᠯᠠᠬᠤ ᠴᠢᠨᠠᠷᠲᠠᠢ ᠨᠠᠷᠢᠨ ᠳᠣᠳᠣᠷᠬᠠᠢ ᠲᠦᠯᠦᠪᠵᠢᠭᠦᠯᠭᠡ ᠶᠢ ᠵᠠᠰᠠᠨ ᠲᠡᠭᠦᠯᠳᠡᠷᠵᠢᠭᠦᠯᠵᠦ᠂ ᠰᠠᠭᠤᠷᠢᠰᠢᠬᠤ ᠳᠤ ᠲᠠᠭᠠᠯᠠᠮᠵᠢᠳᠠᠢ᠂ ᠠᠵᠢᠯᠯᠠᠬᠤ ᠳᠤ ᠲᠦᠭᠦᠮ᠂ ᠵᠣᠭᠠᠴᠠᠬᠤ ᠳᠤ ᠲᠣᠭᠢᠷᠠᠮᠵᠢᠳᠠᠢ ᠲᠠᠯ᠎ᠠ ᠨᠣᠳᠤᠭ ᠤᠨ ᠠᠮᠢ ᠠᠬᠤᠢ ᠶᠢᠨ ᠪᠣᠯᠪᠠᠰᠣᠨ ᠬᠤᠳᠠ ᠪᠠᠯᠭᠠᠰᠣ ᠶᠢ ᠪᠦᠬᠦ ᠭᠦᠴᠦᠨ ᠢᠶᠠᠷ ᠪᠠᠶᠢᠭᠤᠯᠪᠠ᠃ 15.5 ᠺᠢᠯᠣᠮᠧᠲᠷ ᠪᠦᠭᠦᠢ ᠲᠤᠯᠠᠭᠠᠯᠭ᠎ᠠ᠂ ᠣᠰᠣ ᠬᠠᠩᠭᠠᠯᠭ᠎ᠠ᠂ ᠪᠣᠵᠠᠷ ᠣᠰᠣᠨ ᠤ ᠳᠣᠣᠷ ᠬᠤᠭᠤᠯᠠᠢ ᠶᠢ ᠵᠠᠰᠠᠨ ᠦᠭᠡᠷᠡᠴᠢᠯᠠᠵᠦ᠂ 15 ᠺᠢᠯᠥᠮᠧᠲᠷ ᠪᠣᠯᠣᠩ ᠤᠨ ᠣᠰᠣᠨ ᠤ ᠬᠤᠭᠤᠯᠠᠢ ᠶᠢᠨ ᠲᠣᠣᠷ ᠢ ᠰᠢᠨ᠎ᠠ ᠪᠠᠷ ᠣᠭᠰᠠᠷᠠᠪᠠ᠃ ᠨᠣᠭᠤᠭᠠᠷᠠᠭᠤᠯᠣᠯᠳᠠ᠂ ᠭᠡᠭᠡᠷᠡᠭᠦᠯᠦᠯᠳᠠ᠂ ᠭᠤᠸᠠᠵᠢᠭᠤᠯᠣᠯᠳᠠ ᠶᠢᠨ ᠢᠨᠵᠧᠨᠧᠷᠢᠩ ᠢ ᠦᠷᠭᠦᠯᠵᠢᠯᠠᠨ ᠭᠡᠷᠡᠭᠵᠢᠭᠦᠯᠵᠦ᠂ 7 ᠲᠦᠮᠡᠨ ᠲᠡᠭᠰᠢ ᠲᠦᠷᠪᠡᠯᠵᠢᠨ ᠮᠧᠲᠷ ᠨᠣᠭᠤᠭᠠᠷᠠᠭᠤᠯᠣᠯᠳᠠ ᠶᠢ ᠪᠠᠶᠠᠯᠡᠭᠦᠯᠦᠨ᠂ 170 ᠵᠠᠮ ᠤᠨ ᠳ᠋ᠧᠩ ᠢ ᠡᠨᠧᠷᠭᠢ ᠠᠷᠪᠢᠯᠠᠬᠤ ᠳ᠋ᠧᠩ ᠪᠣᠯᠭᠠᠨ ᠦᠭᠡᠷᠡᠴᠢᠯᠠᠵᠦ᠂ 2.4 ᠲᠦᠮᠡᠨ ᠲᠡᠭᠰᠢ ᠲᠦᠷᠪᠡᠯᠵᠢᠨ ᠮᠧᠲᠷ ᠶᠠᠪᠠᠭᠠᠨ ᠭᠦᠮᠦᠨ ᠤ ᠵᠠᠮ ᠪᠠ ᠰᠠᠭᠤᠭᠠᠯᠢ ᠳᠣᠭᠤᠷᠢᠭ ᠤᠨ ᠵᠠᠮ ᠢ ᠲᠡᠪᠢᠰᠦᠨ᠂ 25 ᠲᠦᠮᠡᠨ ᠲᠡᠭᠰᠢ ᠲᠦᠷᠪᠡᠯᠵᠢᠨ ᠮᠧᠲᠷ ᠪᠦᠭᠦᠢ ᠬᠤᠳᠠ ᠶᠢᠨ ᠵᠠᠮ ᠢ ᠰᠡᠯᠪᠢᠨ ᠵᠠᠰᠠᠵᠦ᠂ ᠣᠩᠭᠤᠨ ᠠᠭᠤᠯᠠ ᠰᠣᠮᠣ᠂ ᠪᠠᠶᠠᠨᠳᠠᠯ᠎ᠠ ᠪᠠᠯᠭᠠᠰᠣᠨ ᠤ ᠵᠠᠰᠠᠭ ᠤᠨ ᠣᠷᠳᠣᠨ ᠤ ᠪᠠᠶᠢᠭ᠎ᠠ ᠭᠠᠵᠠᠷ ᠤᠨ ᠰᠠᠭᠤᠷᠢ ᠲᠦᠭᠦᠭᠡᠷᠦᠮᠵᠢ ᠶᠢᠨ ᠪᠦᠳᠦᠭᠡᠨ ᠪᠠᠶᠢᠭᠤᠯᠣᠯᠳᠠ ᠶᠢᠨ ᠲᠦᠷᠦᠯ ᠵᠦᠢᠯ ᠢ ᠭᠡᠷᠡᠭᠵᠢᠭᠦᠯᠵᠦ᠂ ᠬᠤᠳᠠ ᠪᠠᠯᠭᠠᠰᠣᠨ ᠤ ᠲᠦᠷᠢ ᠲᠦᠷᠬᠦ ᠢᠯᠡᠷᠭᠡᠢ ᠰᠠᠶᠢᠵᠢᠷᠠᠪᠠ᠃ ᠬᠤᠳᠠ ᠶᠢᠨ ᠲᠦᠷᠢ ᠲᠦᠷᠬᠦ᠂ ᠣᠷᠴᠢᠨ ᠳᠣᠭᠤᠷᠢᠨ ᠤ ᠠᠷᠢᠭᠤᠨ ᠴᠠᠪᠠᠷ᠂ ᠬᠤᠳᠠ ᠶᠢᠨ ᠶᠠᠪᠣᠳᠠᠯ ᠤᠨ ᠲᠦᠭᠦᠭᠡᠷᠦᠮᠵᠢ᠂ ᠵᠦᠯᠭᠡᠲᠦ ᠴᠡᠴᠡᠷᠯᠢᠭ ᠵᠡᠷᠭᠡ ᠳᠤ ᠲᠣᠣᠷᠴᠢᠯᠠᠭᠰᠠᠨ ᠬᠠᠮᠢᠶᠠᠷᠣᠯᠳᠠ ᠶᠢ ᠦᠷᠭᠦᠯᠵᠢᠯᠠᠨ ᠭᠡᠷᠡᠭᠵᠢᠭᠦᠯᠵᠦ᠂ ᠣᠷᠣᠰᠢᠨ ᠰᠠᠭᠤᠬᠤ ᠣᠷᠴᠢᠨ ᠳᠣᠭᠤᠷᠢᠨ ᠢ ᠣᠯᠠᠮ ᠰᠠᠶᠢᠵᠢᠷᠠᠭᠤᠯᠪᠠ᠃ ᠲᠦᠭᠦᠮ ᠪᠦᠳᠦᠴᠠᠲᠦ ᠣᠷᠣᠨ ᠰᠠᠭᠤᠴᠠ ᠶᠢ ᠦᠭᠡᠷᠡᠴᠢᠯᠡᠵᠤ ᠦᠷᠳᠡᠭᠯᠡᠨ ᠲᠦᠪᠭᠢᠨᠡᠭᠦᠯᠬᠦ ᠠᠵᠢᠯ ᠢ ᠢᠳᠡᠪᠭᠢᠲᠠᠢ ᠠᠭᠢᠭᠤᠯᠵᠦ᠂ 360 ᠡᠷᠦᠭᠡ ᠶᠢᠨ ᠲᠦᠭᠦᠮ ᠪᠦᠳᠦᠴᠠᠲᠦ ᠣᠷᠣᠨ ᠰᠠᠭᠤᠴᠠ ᠶᠢᠨ ᠦᠭᠡᠷᠡᠴᠢᠯᠠᠯᠳᠠ ᠶᠢ ᠪᠠᠶᠠᠯᠡᠭᠦᠯᠪᠠ︔ 92 ᠢᠵᠢ ᠨᠠᠶᠢᠳᠠ ᠶᠢᠨ ᠲᠦᠷᠢᠶᠠᠰᠣᠨ ᠭᠡᠷ᠂ ᠭᠢᠮᠳᠠ ᠲᠦᠷᠢᠶᠡᠰᠣᠨ ᠭᠡᠷ ᠢ ᠪᠠᠶᠢᠭᠤᠯᠪᠠ᠃ ᠪᠦᠬᠦ ᠠᠶᠢᠮᠠᠭ ᠤᠨ ᠠᠩᠬᠠᠳᠠᠭᠴᠢ ︽ᠣᠶᠣᠨᠴᠢ ᠨᠡᠶᠢᠭᠡᠮ ᠳᠣᠭᠤᠷᠢᠭ︾᠎ ᠤᠨ ᠲᠣᠷᠰᠢᠯᠳᠠ ᠶᠢᠨ ᠴᠢᠭ ᠤᠨ ᠪᠠᠶᠢᠭᠤᠯᠣᠯᠳᠠ ᠶᠢ ᠪᠠᠶᠠᠯᠡᠭᠦᠯᠪᠠ᠃              ︵ᠨᠠᠢᠮᠠ︶ ᠨᠡᠶᠢᠭᠡᠮ ᠤᠨ ᠠᠵᠢᠯ ᠦᠢᠯᠠᠰ ᠲᠠᠩᠴᠠᠭᠦᠷᠢᠳᠠᠢ ᠭᠦᠭᠵᠢᠪᠡ᠃ ︽ᠰᠠᠭᠤᠷᠢ ᠰᠣᠷᠭᠠᠨ ᠭᠦᠮᠦᠵᠢᠯ ᠤᠨ ᠶᠠᠰᠣ ᠴᠢᠨᠠᠷ ᠢ ᠪᠦᠬᠦ ᠲᠠᠯ᠎ᠠ ᠪᠠᠷ ᠲᠡᠭᠡᠭᠰᠢᠯᠡᠬᠦᠯᠬᠦ ᠭᠤᠷᠪᠠᠨ ᠵᠢᠯ ᠤᠨ ᠠᠵᠢᠯᠯᠠᠭᠠᠨ ᠤ ᠲᠦᠯᠦᠪᠯᠡᠭᠡ︾᠎ ᠶᠢ ᠦᠷᠭᠦᠯᠵᠢᠯᠠᠨ ᠭᠡᠷᠡᠭᠵᠢᠭᠦᠯᠵᠦ᠂ ᠬᠤᠶᠠᠳᠣᠭᠠᠷ ᠪᠠᠭ᠎ᠠ ᠰᠣᠷᠭᠠᠭᠤᠯᠢ ᠶᠢ ᠪᠦᠭᠦᠯᠢ ᠴᠣᠭᠴᠠ ᠪᠠᠷ ᠨᠢ ᠨᠡᠭᠦᠯᠭᠡᠨ ᠰᠢᠯᠵᠢᠭᠦᠯᠵᠦ᠂ ᠨᠢᠭᠡᠳᠣᠭᠡᠷ ᠳᠣᠮᠳᠠᠲᠦ ᠰᠣᠷᠭᠠᠭᠤᠯᠢ ᠶᠢᠨ ᠲᠠᠮᠢᠷ ᠤᠨ ᠣᠷᠳᠣᠨ ᠢ ᠠᠰᠢᠭᠯᠠᠯᠳᠠ ᠳᠤ ᠣᠷᠣᠭᠤᠯᠣᠨ᠂ ᠮᠣᠩᠭᠤᠯ ᠳᠣᠮᠳᠠᠲᠦ ᠰᠣᠷᠭᠠᠭᠤᠯᠢ ︵ᠶᠡᠷᠦᠩᠭᠡᠶᠢᠯᠡᠭᠰᠡᠨ ᠦᠨᠳᠦᠷ ᠳᠣᠮᠳᠠᠲᠦ ᠰᠣᠷᠭᠠᠭᠤᠯᠢ︶᠎ ᠶᠢᠨ ᠲᠠᠮᠢᠷ ᠣᠷᠠᠯᠢᠭ ᠤᠨ ᠣᠷᠳᠣᠨ ᠢ ᠡᠭᠢᠯᠠᠨ ᠪᠠᠶᠢᠭᠤᠯᠵᠦ᠂ ᠨᠢᠭᠡᠳᠦᠭᠡᠷ ᠪᠠᠭ᠎ᠠ ᠰᠣᠷᠭᠠᠭᠤᠯᠢ ᠨᠢ ᠭᠠᠯ ᠰᠡᠷᠭᠡᠶᠢᠯᠡᠬᠦ ᠰᠢᠯᠭᠠᠨ ᠪᠠᠶᠢᠴᠠᠭᠠᠯᠳᠠ ᠳᠤ ᠭᠢᠷᠢ ᠲᠠᠩᠴᠠᠪᠠ᠃ ᠣᠷᠣᠨ ᠤ ᠲᠠᠰ ᠤᠨ ᠨᠠᠷᠠᠲᠦ ᠪᠠᠭᠰᠢ ᠶᠢᠨ ᠠᠵᠢᠯᠯᠠᠬᠤ ᠦᠷᠦᠭᠡ ᠪᠠ ᠠᠶᠢᠮᠠᠭ ᠤᠨ ᠲᠠᠰ ᠤᠨ ᠨᠠᠷᠠᠲᠦ ᠪᠠᠭᠰᠢ ᠶᠢᠨ ᠠᠵᠢᠯᠯᠠᠬᠤ ᠦᠷᠦᠭᠡ ᠳᠣᠰᠪᠣᠷᠢ ᠨᠢᠭᠡ ᠶᠢ ᠪᠠᠶᠢᠭᠤᠯᠵᠦ᠂ 14 ᠨᠠᠷ᠎ᠠ ᠪᠠᠭᠰᠢ ᠶᠢ ᠰᠢᠨ᠎ᠠ ᠪᠠᠷ ᠡᠯᠰᠠᠵᠦ᠂ ᠪᠠᠭᠰᠢ ᠶᠢᠨ ᠴᠣᠯᠠ ᠶᠢ ᠦᠨᠡᠯᠠᠨ ᠣᠷᠢᠨ ᠭᠡᠷᠡᠭᠯᠡᠬᠦ ᠠᠷᠭ᠎ᠠ ᠶᠢ ᠲᠡᠭᠦᠯᠳᠠᠷᠵᠢᠭᠦᠯᠵᠦ᠂ ᠰᠣᠷᠭᠠᠨ ᠭᠦᠮᠦᠵᠢᠯ ᠵᠢᠭᠠᠨ ᠰᠣᠷᠭᠠᠬᠤ ᠶᠠᠰᠣ ᠴᠢᠨᠠᠷ ᠢ ᠯᠠᠪᠳᠠᠭᠤᠨ ᠢᠶᠠᠷ ᠲᠡᠭᠡᠭᠰᠢᠯᠡᠭᠦᠯᠦᠭᠰᠡᠨ ᠢᠶᠠᠷ᠂ ᠦᠨᠳᠦᠷ ᠳᠣᠮᠳᠠᠲᠦ ᠶᠢᠨ ᠰᠣᠷᠭᠠᠭᠤᠯᠢ ᠳᠤ ᠲᠡᠪᠰᠢᠬᠦ ᠨᠣᠷᠮ᠎ᠠ 46%᠎ ᠳᠤ ᠭᠦᠷᠴᠦ᠂ ᠮᠣᠩᠭᠤᠯ ᠳᠣᠮᠳᠠᠳᠣ ᠰᠣᠷᠭᠠᠭᠤᠯᠢ ᠶᠢᠨ ᠰᠣᠷᠭᠠᠭᠤᠯᠢ ᠳᠤ ᠲᠠᠪᠰᠢᠬᠦ ᠰᠢᠯᠭᠠᠯᠳᠠ ᠶᠢᠨ ᠭᠢᠷᠢ ᠪᠦᠳᠦᠮᠵᠢ ᠵᠠᠯᠭᠠᠪᠠᠷ 7 ᠵᠢᠯ ᠪᠦᠬᠦ ᠠᠶᠢᠮᠠᠭ ᠲᠤ ᠲᠡᠷᠢᠭᠦᠨ ᠳᠤ ᠵᠢᠭᠰᠠᠭᠠᠭᠳᠠᠪᠠ᠃ ︽ᠭᠦᠪᠡᠭᠡᠲᠦ ᠰᠢᠷ᠎ᠠ ᠬᠤᠰᠢᠭᠤᠨ ᠤ ᠠᠩᠬᠠᠳᠠᠭᠴᠢ ᠣᠳᠠᠭᠠᠨ ᠤ ᠠᠰᠤᠷᠤ ᠠᠶᠠᠯᠭᠤ ᠶᠢᠨ ᠣᠷᠠᠯᠢᠭ ᠤᠨ ᠨᠠᠶᠢᠷ︾᠂ ᠨᠠᠢᠮᠠᠨ ᠮᠣᠵᠢ ᠣᠷᠣᠨ ᠤ ᠬᠤᠶᠠᠳᠣᠭᠠᠷ ᠣᠳᠠᠭᠠᠨ ᠤ ᠰᠢᠳᠠᠷ᠎ᠠ ᠶᠢᠨ ᠣᠷᠣᠯᠳᠣᠭᠠᠨ ᠪᠠ ᠬᠤᠶᠠᠳᠣᠭᠠᠷ ᠣᠳᠠᠭᠠᠨ ᠤ ︽ᠴᠬᠠᠠᠷ ᠬᠤᠨᠳᠠᠭᠠᠲᠦ︾ ᠦᠨᠳᠦᠰᠦᠳᠠᠨ ᠤ ᠬᠤᠪᠴᠠᠰᠦ ᠵᠠᠰᠠᠯ ᠤᠨ ᠣᠷᠣᠯᠳᠣᠭᠠᠨ ᠢ ᠠᠮᠵᠢᠯᠲᠠᠳᠠᠢ ᠡᠷᠭᠢᠯᠠᠨ ᠶᠠᠪᠣᠭᠳᠠᠭᠤᠯᠵᠣ᠂ ᠣᠯᠠᠭᠠᠨᠮᠦ᠋ᠴᠢᠷ ᠢ ᠵᠣᠭᠢᠶᠠᠨ ᠪᠠᠶᠢᠭᠤᠯᠵᠦ ᠦᠨᠳᠦᠰᠣᠨ ᠱᠠᠳᠣᠨ ᠳᠤ ᠭᠦᠨᠵᠡᠭᠡᠶᠢᠷᠠᠨ᠂ 100 ᠭᠠᠷᠣᠢ ᠣᠳᠠᠭ᠎ᠠ ᠳᠣᠭᠯᠠᠯᠳᠠ ᠭᠠᠷᠭᠠᠨ᠂ ᠪᠦᠬᠦ ᠠᠷᠠᠳ ᠢᠶᠠᠷ ᠢᠶᠠᠨ ᠪᠠᠶ᠎ᠠ ᠴᠢᠭᠢᠷᠠᠭᠵᠢᠭᠤᠯᠬᠤ ᠪᠠ ᠣᠯᠠᠨ ᠲᠦᠮᠡᠨᠴᠢ ᠴᠢᠨᠠᠷᠲᠠᠢ ᠣᠳᠬ᠎ᠠ ᠣᠷᠠᠯᠢᠭ ᠤᠨ ᠠᠵᠢᠯᠯᠠᠭ᠎ᠠ ᠶᠢ ᠦᠷᠭᠡᠨ ᠢᠶᠠᠷ ᠦᠷᠨᠢᠭᠦᠯᠵᠦ᠂ ᠣᠯᠠᠨ ᠲᠦᠮᠡᠨ ᠤ ᠣᠶᠣᠨ ᠰᠠᠨᠠᠭᠠᠨ ᠤ ᠰᠣᠶᠣᠯ ᠤᠨ ᠠᠮᠢᠳᠣᠷᠠᠯ ᠢ ᠣᠯᠠᠮ ᠪᠠᠶᠠᠯᠢᠭᠵᠢᠭᠤᠯᠪᠠ᠃ ᠠᠰᠤᠷᠤ ᠤᠷᠳᠤᠨ ᠤ ᠲᠠᠭᠤᠣ ᠪᠦᠵᠢᠭᠲᠦ ︽ᠤᠷᠳᠤᠨ ᠤ ᠨᠠᠶᠢᠷᠠᠯ︾ ᠵᠦᠴᠦᠭᠡ ᠶᠢᠨ ᠲᠤᠭᠯᠠᠯᠲᠠ ᠪᠠᠨ ᠦᠪᠡᠷᠳᠡᠭᠡᠨ ᠵᠠᠰᠠᠬᠤ ᠣᠷᠣᠨ ᠪᠠᠶᠢᠭᠤᠯᠣᠭᠳᠠᠭᠰᠠᠨ 70 ᠵᠢᠯ ᠤᠨ ᠣᠢ ᠳᠤ ᠪᠡᠯᠡᠭ ᠪᠣᠯᠭᠠᠨ ᠲᠡᠪᠰᠢᠬᠦᠯᠬᠦ ᠪᠠᠷ ᠪᠠᠶᠢᠨ᠎ᠠ᠃ ᠡᠮ ᠡᠮᠨᠡᠯᠭᠡ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠶᠠᠰᠤ ᠴᠢᠨᠠᠷ ᠢ ᠲᠡᠭᠡᠭᠰᠢᠯᠡᠬᠦᠯᠬᠦ ᠭᠤᠷᠪᠠᠨ ᠵᠢᠯ ᠤᠨ ᠠᠵᠢᠯᠯᠠᠭᠠᠨ ᠤ ᠲᠦᠯᠦᠪᠯᠡᠭᠡ ᠶᠢ ᠭᠦᠨᠵᠡᠭᠡᠢ ᠭᠡᠷᠡᠭᠵᠢᠭᠦᠯᠵᠦ᠂ ᠰᠣᠷᠢᠨᠵᠢᠨ ᠳᠣᠷᠭᠢᠯᠳᠠ ᠶᠢᠨ ᠰᠡᠭᠦᠳᠡᠷᠯᠡᠬᠦ ᠮᠠᠰᠢᠨ᠂ ᠣᠶᠣᠨᠴᠢ ᠴᠢᠳᠠᠪᠭᠢᠲᠦ ᠨᠢᠭᠡ ᠴᠣᠭᠴᠠᠵᠢᠭᠤᠯᠣᠭᠰᠠᠨ ᠪᠠᠶᠢᠴᠠᠭᠠᠯᠳᠠ ᠶᠢᠨ ᠮᠠᠰᠢᠨ ᠵᠡᠷᠭᠡ ᠲᠦᠭᠦᠭᠡᠷᠦᠮᠵᠢ ᠶᠢ ᠰᠢᠨ᠎ᠠ ᠪᠠᠷ ᠬᠤᠳᠠᠯᠳᠣᠨ ᠣᠷᠣᠭᠤᠯᠵᠦ᠂ ᠮᠣᠩᠭᠤᠯ ᠡᠮ ᠰᠣᠳᠣᠯᠣᠨ ᠦᠢᠯᠡᠳᠬᠦ ᠰᠠᠭᠤᠷᠢᠨ ᠨᠢ 14 ᠲᠦᠷᠦᠯ ᠤᠨ ᠮᠣᠩᠭᠤᠯ ᠡᠮ ᠢ ᠦᠢᠯᠡᠳᠪᠣᠷᠢᠯᠠᠨ᠂ ᠠᠶᠢᠮᠠᠭ ᠤᠨ ᠲᠠᠰ ᠤᠨ ᠡᠯᠢᠭᠡ ᠰᠦᠰᠦᠨ ᠤ ᠡᠪᠡᠳᠴᠢᠨ ᠢ ᠭᠤᠣᠯᠳᠠᠯᠭ᠎ᠠ ᠲᠠᠢ ᠡᠮᠨᠡᠬᠦ ᠳᠣᠰᠬᠠᠢ ᠰᠠᠯᠠᠭ᠎ᠠ ᠶᠢ ᠪᠠᠶᠢᠭᠤᠯᠪᠠ᠃ 4296 ᠮᠠᠯᠴᠢᠳ ᠲᠤ ᠦᠨ᠎ᠡ ᠲᠦᠯᠦᠪᠦᠷᠢ ᠦᠭᠡᠢ ᠪᠠᠷ ᠡᠷᠡᠭᠦᠯ ᠮᠠᠨᠲᠦ ᠶᠢᠨ ᠪᠠᠶᠢᠴᠠᠭᠠᠯᠳᠠ ᠭᠢᠵᠦ᠂ 8121 ᠰᠠᠭᠤᠭᠠᠯᠢ ᠠᠷᠠᠳ ᠲᠤ ᠭᠡᠷ ᠪᠦᠯᠢ ᠶᠢᠨ ᠡᠮᠴᠢ ᠶᠢᠨ ᠭᠡᠷ᠎ᠠ ᠳᠣᠭᠳᠠᠬᠤ ᠦᠢᠯᠡᠴᠢᠯᠡᠭᠡ ᠬᠠᠩᠭᠠᠵᠦ᠂ ᠡᠷᠡᠭᠦᠯ ᠬᠠᠮᠠᠭᠠᠯᠠᠯ ᠤᠨ ᠵᠢᠵᠢᠭ ᠡᠮ ᠤᠨ ᠬᠠᠶᠢᠷᠴᠠᠭ 1000᠎ ᠶᠢ ᠲᠠᠷᠬᠠᠭᠠᠪᠠ᠃ ︽ᠬᠤᠶᠠᠷ ᠭᠡᠣᠭᠡᠳ ᠠᠪᠬᠤ︾ ᠪᠠ ᠲᠦᠯᠦᠪᠯᠡᠭᠡᠲᠦ ᠦᠷᠡᠵᠢᠯ ᠤᠨ ᠡᠯ᠎ᠡ ᠲᠦᠷᠦᠯ ᠤᠨ ᠲᠡᠮᠵᠢᠬᠦ ᠲᠦᠷᠦ ᠶᠢᠨ ᠪᠣᠳᠣᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ᠂ ᠲᠦᠷᠦᠭᠰᠡᠨ ᠭᠦᠮᠦᠨ ᠠᠮᠠ ᠶᠢᠨ ᠬᠡᠪ ᠴᠢᠨᠠᠷ ᠢ ᠤᠯᠠᠮ ᠳᠡᠭᠡᠭᠰᠢᠯᠡᠭᠦᠯᠪᠠ᠃ ᠣᠶᠣᠨ ᠤ ᠪᠣᠯᠪᠠᠰᠣᠨ ᠢ ᠡᠭᠦᠳᠣᠨ ᠪᠠᠶᠢᠭᠤᠯᠬᠤ ᠠᠵᠢᠯᠯᠠᠭ᠎ᠠ ᠶᠢ ᠭᠦᠨᠵᠡᠭᠡᠢ ᠦᠷᠨᠢᠭᠦᠯᠵᠦ᠂ ᠨᠡᠶᠢᠭᠡᠮ ᠤᠨ ᠣᠶᠣᠨ ᠤ ᠪᠣᠯᠪᠠᠰᠣᠨ ᠤ ᠭᠢᠷᠢ ᠲᠦᠪᠰᠢᠨ ᠲᠠᠰᠣᠷᠠᠯᠳᠠ ᠦᠭᠡᠢ ᠲᠡᠭᠡᠭᠰᠢᠯᠡᠪᠡ᠃ ︽ᠬᠤᠶᠠᠷ ᠢ ᠭᠦᠷᠢᠶᠡᠯᠡᠬᠦ ᠵᠢᠱᠢᠶᠡᠴᠢ ᠬᠤᠳᠠ︾᠎ ᠶᠢᠨ ᠪᠠᠶᠢᠭᠤᠯᠣᠯᠳᠠ ᠶᠢᠨ ᠦᠷ᠎ᠡ ᠪᠦᠳᠦᠭᠡᠯ ᠢ ᠣᠯᠠᠮ ᠪᠠᠳᠤᠤᠬᠠᠪᠠ᠃ ᠠᠷᠠᠳ ᠤᠨ ᠠᠭᠠᠷ ᠤᠨ ᠰᠠᠷᠭᠡᠶᠢᠯᠡᠯᠳᠠ ᠶᠢᠨ ᠠᠵᠢᠯ ᠤᠨ ᠦᠷ᠎ᠡ ᠪᠦᠳᠦᠮᠵᠢ ᠢᠯᠡᠷᠭᠡᠢ ᠪᠠᠶᠢᠵᠦ᠂ ᠠᠭᠠᠷ ᠤᠨ ᠰᠠᠷᠭᠡᠶᠢᠯᠡᠯᠳᠠ ᠶᠢᠨ ᠢᠨᠵᠧᠨᠧᠷᠢᠩ ᠢ ᠳᠣᠭᠢᠷᠠᠮᠵᠢᠳᠠᠢ ᠭᠠᠵᠠᠷ ᠪᠠᠶᠢᠭᠤᠯᠬᠤ ᠰᠦᠢᠳᠭᠡᠯ ᠎ ᠢ 615.3 ᠲᠦᠮᠡᠨ ᠲᠦᠭᠦᠷᠢᠭ ᠬᠤᠷᠢᠶᠠᠨ ᠳᠣᠰᠢᠶᠠᠯᠭᠠᠵᠦ᠂ ᠡᠨᠡ ᠨᠢ ᠲᠡᠭᠡᠷ᠎ᠠ ᠵᠢᠯ ᠤᠨ 15 ᠲᠠᠭᠢᠨ ᠪᠣᠯᠪᠠ᠃ ᠡᠭᠦᠨ ᠤ ᠵᠠᠷᠭᠡᠪᠠᠷ᠂ ᠴᠠᠭ ᠠᠭᠤᠷ᠂ ᠰᠢᠨᠵᠢᠯᠡᠭᠡ ᠮᠡᠷᠭᠡᠵᠢᠯ᠂ ᠦᠨᠳᠦᠰᠣᠳᠠᠨ ᠱᠠᠰᠢᠨ ᠰᠣᠷᠳᠠᠬᠤᠨ᠂ ᠭᠢᠨᠠᠨ ᠪᠠᠶᠢᠴᠠᠭᠠᠬᠤ᠂ ᠭᠢᠨᠠᠨ ᠪᠣᠳᠣᠯᠳᠠ᠂ ᠠᠵᠢᠯᠴᠢᠨ ᠤ ᠶᠡᠷᠦᠩᠭᠡᠢ ᠡᠪᠯᠠᠯ᠂ ᠡᠪᠯᠡᠯ ᠡᠮᠡᠭᠳᠡᠶᠢᠴᠦᠳ ᠪᠠ ᠵᠠᠮᠳᠡᠭᠴᠦᠳ ᠤᠨ ᠠᠵᠢᠯ ᠦᠢᠯᠠᠰ᠂ ᠨᠠᠰᠣᠳᠠᠶᠢᠴᠣᠳ ᠤᠨ ᠲᠠᠮᠢᠷ ᠤᠨ ᠨᠡᠶᠢᠭᠡᠮᠯᠢᠭ ᠪᠠ ᠬᠤᠶᠢᠴᠢ ᠦᠶ᠎ᠡ ᠪᠠᠨ ᠬᠠᠯᠠᠮᠵᠢᠯᠠᠬᠤ ᠵᠡᠷᠭᠡ ᠠᠵᠢᠯ ᠰᠢᠨ᠎ᠠ ᠠᠬᠢᠴᠨ ᠲᠠᠢ ᠪᠣᠯᠪᠠ᠃               ︵ᠶᠢᠰᠣ︶ ᠠᠷᠠᠳ ᠤᠨ ᠠᠮᠢᠳᠣᠷᠠᠯ ᠤᠨ ᠪᠠᠳᠣᠯᠠᠭ᠎ᠠ ᠶᠢ ᠦᠷᠭᠦᠯᠵᠢᠯᠠᠨ ᠴᠢᠩᠭᠠᠳᠬᠠᠪᠠ᠃ ᠪᠦᠬᠦ ᠵᠢᠯ ᠤᠨ ᠠᠷᠠᠳ ᠤᠨ ᠠᠮᠢᠳᠣᠷᠠᠯ ᠤᠨ ᠭᠦᠷᠢᠶ᠎ᠡ ᠴᠠᠷᠠᠭᠠᠨ ᠳᠠᠬᠢ ᠵᠠᠷᠣᠯᠭ᠎ᠠ 7.9 ᠳ᠋ᠦᠩᠰᠢᠭᠤᠷ ᠲᠦᠭᠦᠷᠢᠭ ᠲᠤ ᠭᠦᠷᠴᠦ᠂ 3.1%᠎ ᠪᠠᠷ ᠨᠡᠮᠡᠭᠳᠡᠨ᠂ ᠨᠠᠶᠢᠳᠠ ᠶᠢᠨ ᠡᠳ᠋ ᠤᠨ ᠵᠠᠰᠠᠭ ᠤᠨ ᠲᠦᠰᠦᠪ ᠤᠨ ᠵᠠᠷᠣᠯᠭ᠎ᠠ ᠶᠢᠨ 81%᠎ ᠶᠢ ᠡᠵᠡᠯᠡᠪᠡ᠃ ᠶᠠᠳᠠᠭᠤ ᠠᠴᠠ ᠠᠩᠭᠢᠵᠢᠷᠠᠭᠤᠯᠬᠤ ᠪᠣᠭᠤᠮᠳᠠ ᠰᠢᠪᠳᠣᠯᠬᠤ ᠢᠨᠵᠧᠨᠧᠷᠢᠩ ᠤᠨ ᠦᠷ᠎ᠡ ᠠᠰᠢᠭ ᠢᠯᠡᠳᠳᠠ ᠪᠣᠯᠪᠠ᠃ ︽ᠵᠢᠷᠭᠤᠭᠠᠨ ᠣᠨᠣᠪᠴᠢᠲᠠᠢ︾ ᠪᠠ ︽ᠲᠠᠪᠣᠨ ᠨᠢᠭᠡ ᠪᠦᠯᠦᠭ︾ ᠠᠵᠢᠯ ᠤᠨ ᠱᠠᠭᠠᠷᠳᠠᠯᠭ᠎ᠠ ᠶᠣᠰᠣᠭᠠᠷ᠂ ᠵᠢᠷᠤᠭ ᠡᠯᠭᠦᠨ ᠠᠵᠢᠯ ᠢᠶᠠᠨ ᠦᠷᠨᠢᠭᠦᠯᠬᠦ᠂ ᠠᠵᠢᠯ  ᠤᠨ ᠬᠤᠭᠤᠴᠠᠭ᠎ᠠ ᠶᠢ ᠨᠠᠷᠢᠯᠢᠭ ᠪᠠᠶᠢᠷᠢᠯᠠᠭᠤᠯᠬᠤ ᠠᠷᠭ᠎ᠠ ᠠᠪᠴᠠᠯ ᠢ ᠠᠪᠴᠦ᠂ ᠡᠯ᠎ᠡ ᠲᠦᠷᠦᠯ ᠤᠨ ᠠᠵᠢᠯ ᠤᠨ ᠡᠮᠭᠢ ᠵᠢᠷᠣᠮ ᠲᠠᠢ ᠶᠠᠪᠣᠭᠳᠠᠬᠤ ᠶᠢ ᠲᠦᠯᠭᠢᠨ ᠠᠬᠢᠭᠤᠯᠵᠤ᠂ ᠦᠪᠡᠷᠳᠡᠭᠡᠨ ᠵᠠᠰᠠᠬᠤ ᠤᠷᠤᠨ ᠤ ᠭᠤᠷᠪᠠᠳᠤᠭᠠᠷ ᠲᠠᠯ᠎ᠠ ᠠᠴᠠ ᠦᠨᠡᠯᠡᠨ ᠰᠢᠯᠭᠠᠬᠤ ᠪᠠ ᠶᠠᠳᠠᠭᠤ ᠬᠦᠴᠢᠷᠳᠡᠯᠲᠠᠢ ᠬᠦᠮᠦᠨ ᠠᠮᠨ ᠶᠢ ᠠᠶᠢᠮᠠᠭ ᠬᠤᠲᠠ ᠶᠢᠨ ᠬᠤᠭᠤᠷᠤᠨᠳᠤ ᠪᠠᠨ ᠰᠤᠯᠢᠪᠴᠠᠨ ᠪᠠᠶᠢᠴᠠᠭᠠᠬᠤ ᠶᠢ ᠪᠡᠶᠡᠯᠡᠭᠦᠯᠪᠠ᠃ ︽ᠲᠠᠪᠦ ᠶᠢ 100%᠎ ᠪᠠᠷ ᠪᠠᠳᠣᠯᠠᠬᠤ ᠪᠠ ᠨᠢᠭᠡ ᠶᠢ ᠲᠡᠳᠬᠦᠬᠦ ᠭᠦᠴᠦᠯᠠᠴᠠ ᠪᠠᠨ ᠴᠢᠩᠭᠠᠳᠬᠠᠬᠤ︾ ᠳᠣᠭᠳᠠᠴᠠ ᠶᠢ ᠪᠠᠶᠢᠭᠤᠯᠣᠨ᠂ ᠡᠯ᠎ᠡ ᠭᠦᠷᠢᠶ᠎ᠠ ᠴᠠᠷᠠᠭᠠᠨ ᠳᠠᠬᠢ ᠲᠦᠷᠦᠯ ᠵᠦᠢᠯ ᠪᠣᠯᠣᠨ ᠨᠠᠷᠢᠯᠢᠭ ᠣᠨᠣᠪᠴᠢᠲᠠᠢ ᠪᠠᠷ ᠶᠠᠳᠠᠭᠤ ᠶᠢ ᠲᠡᠳᠬᠦᠬᠦ ᠶᠢ ᠨᠢᠭᠡᠳᠭᠡᠨ ᠠᠬᠢᠭᠤᠯᠵᠤ᠂ ᠶᠠᠳᠠᠭᠤ ᠶᠢ ᠲᠡᠳᠬᠦᠬᠦ ᠪᠠᠯᠠ ᠮᠦᠩᠭᠦ 1629.5 ᠲᠦᠮᠡᠨ ᠲᠦᠭᠦᠷᠢᠭ ᠵᠠᠷᠣᠴᠠᠭᠤᠯᠣᠨ᠂ ᠬᠠᠪᠰᠣᠷᠣᠨ ᠲᠠᠳᠭᠦᠵᠦ ᠪᠠᠶᠢᠭ᠎ᠠ ᠪᠠᠶᠢᠭᠤᠯᠣᠯᠭ᠎ᠠ ᠨᠢᠭᠡᠴᠡ ᠪᠠ ᠺᠠᠳ᠋ᠷ ᠨᠢ 484.2 ᠲᠦᠮᠡᠨ ᠲᠦᠭᠦᠷᠢᠭ ᠤᠨ ᠡᠳ᠋ ᠪᠣᠳᠠᠰ ᠪᠠᠯᠠ ᠮᠦᠩᠭᠦ ᠪᠠᠷ ᠳᠣᠰᠠᠯᠠᠵᠦ᠂ ᠣᠯᠠᠨ ᠲᠦᠮᠡᠨ ᠤ ᠦᠢᠯᠡᠳᠪᠣᠷᠢᠯᠠᠯ ᠠᠮᠢᠳᠣᠷᠠᠯ ᠳᠤ ᠬᠤᠯᠪᠣᠭᠳᠠᠭᠰᠠᠨ ᠨᠢᠭᠡ ᠪᠦᠯᠦᠭ ᠪᠣᠳᠠᠲᠦ ᠠᠰᠠᠭᠤᠳᠠᠯ ᠢ ᠰᠢᠢᠳᠪᠣᠷᠢᠯᠠᠪᠠ᠃ ︽ᠠᠷᠪᠠ ᠶᠢ ᠪᠦᠷᠬᠦᠬᠦᠯᠬᠦ︾ ᠢᠨᠵᠧᠨᠧᠷᠢᠩ ᠢ ᠠᠮᠵᠢᠯᠲᠠᠲᠠᠢ ᠪᠠᠶᠠᠯᠠᠭᠦᠯᠪᠠ᠃ ︽ᠭᠤᠷᠪᠠ ᠶᠢ ᠣᠶᠠᠯᠳᠣᠭᠤᠯᠬᠤ︾ ᠠᠵᠢᠯ ᠤᠨ ᠵᠠᠷᠴᠢᠮ᠂ ︽ᠭᠤᠷᠪᠠ ᠪᠠᠷ ᠭᠤᠣᠯ ᠪᠣᠯᠭᠠᠬᠤ︾ ᠠᠵᠢᠯ ᠤᠨ ᠳᠣᠭᠲᠠᠴᠠ ᠪᠠ ︽10+3︾ ᠪᠦᠳᠦᠭᠡᠨ ᠪᠠᠶᠢᠭᠤᠯᠣᠯᠳᠠ ᠶᠢᠨ ᠠᠭᠤᠯᠭ᠎ᠠ ᠶᠣᠰᠣᠭᠠᠷ᠂ ︽ᠲᠠᠪᠤ ᠶᠢ 100%᠎ ᠪᠠᠷ ᠬᠠᠩᠭᠠᠬᠤ ᠂ ᠨᠢᠭᠡ ᠶᠢ ᠠᠯᠬᠤᠮ ᠠᠯᠬᠤᠮ ᠢᠶᠠᠷ ᠬᠠᠩᠭᠠᠬᠤ︾ ᠠᠷᠭ᠎ᠠ ᠠᠪᠴᠠᠯ ᠢ ᠳᠣᠭᠳᠠᠭᠠᠵᠣ᠂ ᠭᠤᠷᠪᠠᠨ ᠵᠢᠯ ᠳᠤ ᠨᠠᠶᠢᠳᠠ 5.4 ᠳ᠋ᠦᠩᠰᠢᠭᠤᠷ ᠲᠦᠭᠦᠷᠢᠭ ᠤᠨ ᠪᠠᠯᠠ ᠣᠷᠣᠭᠤᠯᠵᠦ᠂ ᠡᠯ᠎ᠡ ᠲᠦᠷᠦᠯ ᠤᠨ ᠢᠨᠵᠧᠨᠧᠷᠢᠩ ᠤᠨ ᠪᠦᠳᠦᠭᠡᠨ ᠪᠠᠶᠢᠭᠤᠯᠣᠯᠳᠠ ᠶᠢᠨ ᠡᠭᠦᠷᠭᠡ ᠶᠢ ᠪᠦᠬᠦ ᠲᠠᠯ᠎ᠠ ᠪᠠᠷ ᠪᠠᠶᠡᠯᠡᠭᠦᠯᠦᠨ᠂ 60 ᠭᠠᠴᠠᠭ᠎ᠠ᠂ 562 ᠬᠤᠳᠠ ᠣᠰᠣ᠂ 1.78 ᠲᠦᠮᠡᠨ ᠭᠦᠮᠦᠨ ᠠᠰᠢᠭ ᠭᠦᠷᠳᠡᠪᠠ᠃ ︵2470 ᠡᠷᠦᠬᠡ ᠶᠢᠨ ᠨᠤᠷᠠᠬᠤ ᠠᠶᠤᠯᠲᠠᠢ ᠭᠡᠷ ᠪᠠᠶᠢᠰᠢᠩ ᠢ ᠦᠭᠡᠷᠡᠴᠢᠯᠡᠨ ᠪᠠᠶᠢᠭᠤᠯᠵᠤ᠂ ᠲᠦᠯᠦᠪᠯᠡᠭᠡ ᠪᠠᠨ 117%᠎ ᠪᠠᠷ ᠪᠠᠶᠠᠯᠡᠭᠦᠯᠪᠠ᠃ 2315 ᠬᠦᠮᠦᠨ ᠤ ᠠᠶᠤᠯᠭᠦᠢ ᠤᠰᠤ ᠤᠮᠳᠠ ᠶᠢᠨ ᠠᠰᠠᠭᠤᠳᠠᠯ ᠢ ᠰᠢᠢᠳᠪᠦᠷᠢᠯᠡᠵᠤ᠂ ᠲᠦᠯᠦᠪᠯᠡᠭᠡ ᠪᠠᠨ 100%᠎ ᠪᠠᠷ ᠪᠠᠶᠠᠯᠡᠭᠦᠯᠪᠠ︔256.5 ᠺᠢᠯᠣᠮᠧᠲᠷ ᠵᠡᠭᠡᠯᠢ ᠭᠤᠳᠣᠮᠵᠢ ᠶᠢ ᠬᠠᠳᠠᠭᠤᠷᠠᠭᠤᠯᠵᠦ᠂ ᠲᠦᠯᠦᠪᠯᠡᠭᠡ ᠪᠠᠨ 100%᠎ ᠪᠠᠷ ᠪᠠᠶᠠᠯᠡᠭᠦᠯᠪᠠ︔ 157 ᠡᠷᠦᠬᠡ ᠳᠤ ᠲᠤᠤᠷᠴᠢᠯᠠᠭᠰᠠᠨ ᠴᠠᠬᠢᠯᠭᠠᠨ ᠨᠡᠪᠳᠡᠷᠡᠭᠦᠯᠵᠦ᠂ ᠲᠦᠯᠦᠪᠯᠡᠭᠡ ᠪᠠᠨ100%᠎ ᠪᠠᠷ ᠪᠠᠶᠠᠯᠡᠭᠦᠯᠪᠠ᠃ ᠷᠠᠳᠢᠣ᠋ ᠲᠧᠯᠸᠢᠰ ᠢ ︽ᠡᠷᠦᠬᠡ ᠪᠣᠯᠭᠠᠨ ᠳᠤ ᠨᠡᠪᠲᠡᠷᠡᠭᠦᠯᠬᠦ︾ ᠲᠦᠬᠦᠭᠡᠷᠣᠮᠵᠢ ᠶᠢ 1600 ᠢᠵᠢ ᠣᠭᠰᠠᠷᠠᠨ᠂ ᠣᠷᠣᠨ ᠤ ᠲᠠᠰ ᠤᠨ ᠭᠠᠵᠠᠷ ᠲᠡᠭᠡᠷᠡᠭᠢ ᠳᠣᠭᠠᠴᠢᠯᠠᠭᠰᠠᠨ ᠦᠷᠳᠡᠭᠡ 1᠎ ᠶᠢ ᠪᠠᠶᠢᠭᠤᠯᠵᠦ᠂ ᠠᠶᠢᠮᠠᠭ ᠤᠨ ᠲᠠᠰ ᠤᠨ ᠭᠠᠵᠠᠷ ᠲᠡᠭᠡᠷᠡᠭᠢ ᠳᠣᠭᠠᠴᠢᠯᠠᠭᠰᠠᠨ ᠦᠷᠳᠡᠭᠡ 7᠎ ᠶᠢ ᠪᠠᠶᠢᠭᠤᠯᠣᠨ᠂ ᠲᠦᠯᠦᠪᠯᠡᠭᠡ ᠪᠠᠨ 100%᠎ ᠪᠠᠷ ᠪᠠᠶᠠᠯᠡᠭᠦᠯᠪᠠ︔ ᠪᠠᠷᠢᠮᠵᠢᠶᠠᠵᠢᠭᠰᠠᠨ ᠡᠷᠡᠭᠦᠯ ᠬᠠᠮᠠᠭᠠᠯᠠᠯ ᠤᠨ ᠲᠠᠰᠤᠭ 25᠎ ᠶᠢ ᠪᠠᠶᠢᠭᠤᠯᠣᠨ᠂ ᠲᠦᠯᠦᠪᠯᠡᠭᠡ ᠪᠠᠨ 100%᠎ ᠪᠠᠷ ᠪᠠᠶᠡᠯᠡᠭᠦᠯᠵᠦ᠂ ᠭᠠᠴᠠᠭᠠᠨ ᠤ ᠰᠣᠶᠣᠯ ᠤᠨ ᠠᠵᠢᠯᠯᠠᠭᠠᠨ ᠤ ᠦᠷᠦᠭᠡ 26᠎ ᠶᠢ ᠰᠢᠨ᠎ᠠ ᠪᠠᠷ ᠪᠠᠶᠢᠭᠤᠯᠵᠦ᠂ 60 ᠭᠠᠴᠠᠭᠠᠨ ᠤ ᠰᠣᠶᠣᠯ ᠤᠨ ᠦᠷᠦᠭᠡ ᠳᠤ ᠲᠦᠭᠦᠭᠡᠷᠦᠮᠵᠢ ᠳᠣᠭᠢᠷᠠᠭᠤᠯᠣᠨ᠂ ᠲᠦᠯᠦᠪᠯᠡᠭᠡ ᠪᠠᠨ 130%᠎ ᠪᠠᠷ ᠪᠠᠶᠠᠯᠡᠭᠦᠯᠪᠠ︔ ᠠᠷᠠᠳ ᠲᠤ ᠳᠦᠬᠦᠮ ᠦᠵᠡᠭᠦᠯᠬᠦ ᠴᠢᠯᠦᠭᠡᠲᠦ ᠳᠡᠯᠭᠡᠭᠦᠷ 17᠎ ᠶᠢ ᠰᠢᠨ᠎ᠠ ᠪᠠᠷ ᠪᠠᠶᠢᠭᠤᠯᠤᠭᠰᠠᠨ ᠪᠠ ᠦᠭᠡᠷᠡᠴᠢᠯᠠᠨ ᠵᠠᠰᠠᠵᠦ᠂ ᠲᠦᠯᠦᠪᠯᠡᠭᠡ ᠪᠠᠨ 100%᠎ ᠪᠠᠷ ᠪᠠᠶᠠᠯᠡᠭᠦᠯᠪᠠ︔ ᠦᠨᠳᠦᠷ ᠨᠠᠰᠣᠨ ᠤ ᠨᠦᠭᠦᠪᠦᠷᠢ  ᠶᠢ ᠬᠦᠷᠲᠡᠬᠦ ᠨᠠᠰᠣᠨ ᠤ ᠪᠠᠷᠢᠮᠵᠢᠶ᠎ᠡ ᠶᠢ ᠪᠦᠬᠦᠯᠢ 77 ᠨᠠᠰᠣ ᠪᠣᠯᠭᠠᠨ᠂ ᠬᠤᠳᠠ ᠭᠦᠳᠡᠭᠡ ᠶᠢᠨ ᠰᠠᠭᠤᠭᠠᠯᠢ ᠠᠷᠠᠳ ᠤᠨ ᠨᠠᠰᠣᠵᠢᠯ ᠤᠨ ᠲᠠᠭᠠᠳᠬᠠᠯ ᠢ ᠬᠦᠷᠳᠡᠬᠦ ᠪᠠᠷᠢᠮᠵᠢᠶ᠎ᠠ ᠶᠢ ᠰᠠᠷ᠎ᠠ ᠪᠣᠯᠭᠠᠨ ᠭᠦᠮᠦᠨ ᠪᠦᠷᠢ ᠳᠤ 45 ᠲᠦᠭᠦᠷᠢᠭ ᠨᠡᠮᠡᠭᠳᠡᠭᠦᠯᠪᠡ᠃ ᠡᠭᠦᠨ ᠤ ᠬᠠᠮᠲᠦ᠂ ᠣᠷᠴᠢᠨ ᠳᠣᠭᠤᠷᠢᠨ ᠤ ᠠᠷᠢᠭᠤᠨ ᠴᠠᠪᠠᠷ ᠢ ᠴᠡᠭᠴᠡᠯᠡᠬᠦ ᠠᠵᠢᠯ ᠢ ᠰᠠᠶᠢᠳᠣᠷ ᠦᠷᠨᠢᠭᠦᠯᠵᠦ᠂ 1700 ᠨᠣᠷᠠᠬᠤ ᠠᠶᠣᠯᠳᠠᠢ ᠰᠢᠪᠡᠷ ᠪᠠᠶᠢᠰᠢᠩ ᠢ ᠨᠣᠷᠠᠭᠠᠵᠦ᠂ 4796 ᠰᠠᠭᠤᠷᠢ ᠭᠡᠷ ᠪᠠᠶᠢᠰᠢᠩ ᠢ ᠰᠡᠯᠪᠢᠨ ᠵᠠᠰᠠᠵᠦ᠂ 10.8 ᠲᠦᠮᠡᠨ ᠮᠧᠲᠷ ᠭᠡᠷᠡᠮ ᠬᠠᠨ᠎ᠠ ᠶᠢ ᠵᠠᠰᠠᠨ ᠦᠭᠡᠷᠡᠴᠢᠯᠠᠵᠦ᠂ 1000 ᠲᠡᠭᠰᠢ ᠲᠦᠷᠪᠡᠯᠵᠢᠨ ᠮᠧᠲᠷ ᠭᠡᠷᠡᠮ ᠬᠠᠨ᠎ᠠ ᠶᠢ ᠰᠢᠷᠳᠡᠵᠤ ᠪᠣᠳᠣᠨ᠂ ᠪᠠᠭ᠎ᠠ ᠭᠡᠯᠪᠡᠷᠢ ᠶᠢᠨ ᠠᠭᠤᠳᠠᠮ ᠲᠠᠯᠠᠪᠠᠢ 5᠎ ᠶᠢ ᠵᠠᠰᠠᠨ ᠪᠠᠶᠢᠭᠤᠯᠵᠦ᠂ 30 ᠲᠦᠮᠡᠨ ᠲᠡᠭᠰᠢ ᠲᠦᠷᠪᠡᠯᠵᠢᠨ ᠮᠧᠲᠷ ᠵᠠᠮ ᠤᠨ ᠬᠠᠵᠠᠭᠤ ᠶᠢ ᠬᠠᠳᠠᠭᠤᠷᠠᠭᠤᠯᠣᠨ᠂ 30 ᠲᠦᠮᠡᠨ ᠪᠤᠰᠤᠭ᠎ᠠ ᠲᠦᠷᠪᠡᠯᠵᠢᠨ ᠮᠧᠲᠷ ᠬᠤᠭ ᠨᠤᠪᠰᠢ ᠶᠢ ᠴᠡᠪᠡᠷᠯᠡᠨ᠂ 160 ᠬᠤᠭ ᠨᠣᠪᠰᠢ ᠶᠢᠨ ᠣᠩᠭᠤᠴᠠ ︵ᠬᠠᠶᠢᠷᠴᠠᠭ︶᠂ 80 ᠨᠠᠶᠢᠳᠠ ᠶᠢᠨ ᠵᠣᠷᠯᠣᠩ ᠢ ᠰᠢᠨ᠎ᠠ ᠪᠠᠷ ᠪᠠᠶᠢᠭᠤᠯᠪᠠ᠃ ︽ᠠᠷᠪᠠ ᠶᠢ ᠪᠦᠷᠭᠦᠭᠦᠯᠬᠦ ᠢᠨᠵᠧᠨᠧᠷᠢᠩ ᠤᠨ ᠰᠡᠭᠦᠯᠴᠢ ᠶᠢᠨ ᠬᠤᠭᠤᠴᠠᠭᠠᠨ ᠳᠠᠬᠢ ᠬᠠᠮᠢᠶᠠᠷᠴᠤ ᠬᠠᠮᠠᠭᠠᠯᠠᠬᠤ ᠠᠷᠭ᠎ᠠ︾ ᠪᠠ ᠡᠯ᠎ᠡ ᠭᠠᠴᠠᠭᠠᠨ ᠤ ︽ᠭᠠᠴᠠᠭᠠᠨ ᠲᠦᠷᠢᠮ ᠠᠷᠠᠳ ᠤᠨ ᠭᠡᠷ᠎ᠡ︾᠎ ᠶᠢ ᠳᠣᠭᠳᠠᠭᠠᠨ ᠲᠠᠷᠬᠠᠭᠠᠵᠤ᠂ ᠢᠨᠵᠧᠨᠧᠷᠢᠩ ᠤᠨ ᠬᠠᠮᠢᠶᠠᠷᠤᠯᠲᠠ ᠬᠠᠮᠠᠭᠠᠯᠠᠯᠳᠠ ᠶᠢᠨ ᠠᠵᠢᠯ ᠢ ᠢᠳᠡᠪᠬᠢᠲᠠᠢ ᠦᠷᠨᠢᠭᠦᠯᠵᠦ᠂ ᠢᠨᠵᠧᠨᠧᠷᠢᠩ ᠤᠨ ᠬᠠᠮᠤᠭ ᠶᠡᠭᠡ ᠦᠢᠯᠡᠳᠤᠯ ᠢᠶᠠᠨ ᠪᠠᠳᠠᠷᠠᠭᠤᠯᠬᠤ ᠶᠢ ᠪᠠᠳᠤᠯᠠᠪᠠ᠃ ᠠᠵᠢᠯ ᠤᠯᠭᠤᠯᠲᠠ ᠦᠢᠯᠡᠰ ᠪᠤᠰᠬᠠᠬᠤ ᠢᠨᠵᠧᠨᠧᠷᠢᠩ ᠢ ᠯᠠᠪᠳᠠᠭᠤᠨ ᠢᠶᠠᠷ ᠠᠬᠢᠭᠤᠯᠪᠠ᠃ ᠪᠦᠬᠦ ᠵᠢᠯ ᠳᠤ᠂ 3528 ᠠᠵᠢᠯ ᠤᠨ ᠪᠠᠶᠢᠷᠢ ᠶᠢ ᠴᠤᠭᠯᠠᠭᠤᠯᠵᠤ᠂ ᠬᠤᠲᠠ ᠪᠠᠯᠭᠠᠰᠤᠨ ᠤ 811 ᠬᠦᠮᠦᠨ ᠳᠤ ᠠᠵᠢᠯ ᠪᠠᠶᠢᠷᠢᠯᠠᠭᠤᠯᠵᠤ᠂ 1278 ᠭᠦᠮᠦᠨ ᠳᠤ ᠪᠤᠯᠪᠠᠰᠤᠷᠠᠯ ᠭᠦᠷᠳᠡᠬᠡᠪᠡ᠃ ᠦᠢᠯᠡᠰ ᠪᠤᠰᠬᠠᠬᠤ ᠪᠠᠳᠣᠯᠠᠭᠠᠲᠦ ᠵᠢᠭᠡᠯᠡᠯᠭᠡ ᠶᠢ 1237 ᠲᠦᠮᠡᠨ ᠲᠦᠭᠦᠷᠢᠭ ᠳᠠᠷᠬᠠᠭᠠᠵᠤ᠂ 163 ᠬᠦᠮᠦᠨ ᠢ ᠳᠡᠮᠵᠢᠨ ᠦᠢᠯᠡᠰ ᠪᠤᠰᠬᠠᠵᠤ᠂ 489 ᠬᠦᠮᠦᠨ ᠢ ᠳᠠᠮ ᠢᠶᠠᠷ ᠳᠠᠭᠠᠭᠤᠯᠤᠨ ᠠᠵᠢᠯ ᠤᠯᠭᠤᠪᠠ᠃ ᠦᠢᠯᠡᠰ ᠴᠤᠭᠴᠠᠯᠠᠬᠤ ᠠᠵᠢᠯ ᠤᠯᠭᠤᠬᠤ ᠬᠦᠷᠢᠶᠡᠯᠡᠩ ᠢ ᠠᠰᠢᠭᠯᠠᠯᠳᠠ ᠳᠤ ᠣᠷᠣᠭᠤᠯᠣᠨ᠂ 14 ᠠᠵᠤ ᠠᠬᠤᠶᠢᠯᠠᠯ ᠰᠠᠭᠤᠷᠢᠰᠢᠨ ᠣᠷᠣᠵᠦ᠂ 420 ᠬᠦᠮᠦᠨ ᠳᠤ ᠠᠵᠢᠯ ᠤᠯᠭᠤᠪᠠ᠃ ᠬᠤᠲᠠ ᠪᠠᠯᠭᠠᠰᠤᠨ ᠤ ᠳᠠᠩᠰᠠᠯᠠᠭᠤᠯᠤᠭᠰᠠᠨ ᠠᠵᠢᠯ ᠠᠯᠳᠠᠬᠤ ᠨᠤᠷᠮ᠎ᠠ ᠶᠢ 3.05%᠎ ᠶᠢᠨ ᠲᠤᠳᠤᠷ᠎ᠠ ᠬᠢᠵᠠᠭᠠᠷᠯᠠᠪᠠ᠃ ᠨᠡᠶᠢᠭᠡᠮ ᠤᠨ ᠪᠠᠳᠤᠯᠠᠭ᠎ᠠ ᠶᠢᠨ ᠲᠦᠪᠰᠢᠨ ᠲᠤᠭᠳᠠᠭᠤᠨ ᠢᠶᠠᠷ ᠳᠡᠭᠡᠭᠰᠢᠯᠡᠪᠠ᠃ ᠪᠦᠬᠦ ᠠᠷᠠᠳ ᠢᠶᠠᠷ ᠢᠶᠠᠨ ᠲᠠᠭᠠᠳᠬᠠᠯ ᠳᠤ ᠣᠷᠣᠬᠤ ᠲᠦᠯᠦᠪᠯᠡᠭᠡ ᠶᠢ ᠬᠡᠷᠡᠭᠵᠢᠭᠦᠯᠵᠤ᠂ ᠨᠡᠶᠢᠭᠡᠮ ᠎ ᠤᠨ ᠳᠠᠭᠠᠳᠬᠠᠯ ᠤᠨ ᠬᠠᠮᠣᠷᠬᠤ ᠬᠦᠷᠢᠶ᠎ᠡ ᠬᠡᠪᠴᠢᠶ᠎ᠡ ᠶᠢ ᠤᠯᠠᠮ ᠦᠷᠭᠡᠳᠬᠡᠨ᠂ ᠰᠤᠮᠤ ᠪᠠᠯᠭᠠᠰᠣᠨ ᠤ ᠦᠨᠳᠤᠰᠤᠨ ᠱᠠᠲᠤᠨ ᠤ ᠨᠦᠬᠦᠪᠦᠷᠢ᠂ ᠭᠠᠵᠠᠷ ᠤᠷᠤᠨ ᠤ ᠨᠦᠬᠦᠪᠦᠷᠢ᠂ ᠳᠠᠰ ᠤᠨ ᠴᠠᠯᠢᠩ ᠪᠠ ᠴᠠᠭᠳᠠᠭᠠᠨ ᠴᠤᠯᠨ ᠶᠢᠨ ᠨᠦᠬᠦᠪᠦᠷᠢ ᠶᠢ ᠤᠯᠭᠤᠵᠤ᠂ ᠪᠠᠶᠢᠭᠤᠯᠤᠯᠭ᠎ᠠ ᠨᠢᠭᠡᠴᠨ ᠪᠠ ᠠᠵᠢᠯ ᠠᠴᠠ ᠪᠠᠨ ᠠᠮᠠᠷᠠᠭᠰᠠᠳ ᠤᠨ ᠴᠠᠯᠢᠩ ᠢ ᠲᠤᠬᠢᠷᠠᠭᠤᠯᠤᠨ ᠨᠦᠬᠦᠵᠤ ᠳᠠᠯᠪᠢᠪᠠ᠃ ︽ᠲᠤᠯᠠᠭᠠᠨ︾ ᠮᠠᠯᠵᠢᠬᠤ ᠤᠷᠤᠨ ᠤ ᠨᠠᠰᠤᠳᠠᠶᠢᠴᠤᠳ ᠤᠨ ᠦᠢᠯᠡᠴᠢᠯᠡᠭᠡᠨ ᠎ ᠤ ᠲᠦᠪ ᠢ ᠪᠠᠶᠢᠭᠤᠯᠵᠤ᠂ 7 ᠲᠠᠷᠢᠶᠠᠯᠠᠬᠤ ᠭᠠᠴᠠᠭᠠᠨ ᠤ ᠨᠠᠰᠤᠲᠠᠶᠢᠴᠤᠳ ᠤᠨ ᠵᠤᠯ ᠵᠢᠷᠭᠠᠯ ᠤᠨ ᠬᠦᠷᠢᠶᠡᠯᠡᠩ ᠪᠦᠬᠦᠨ ᠢᠶᠠᠷ ᠢᠶᠠᠨ ᠰᠠᠭᠤᠷᠢᠰᠢᠨ ᠰᠠᠭᠤᠬᠤ ᠨᠦᠬᠦᠴᠡᠯ ᠢ ᠪᠦᠷᠢᠯᠳᠦᠭᠦᠯᠪᠠ᠃ ᠬᠤᠲᠠ ᠪᠠᠯᠭᠠᠰᠤᠨ ᠤ ᠳᠤᠤᠷ᠎ᠠ ᠪᠠᠳᠤᠯᠠᠭ᠎ᠠ᠂ ᠲᠠᠪᠤᠨ ᠪᠠᠳᠤᠯᠠᠭ᠎ᠠ᠂ ᠦᠨᠦᠴᠢᠨ ᠬᠡᠤᠬᠡᠳ ᠢ ᠠᠰᠠᠷᠠᠨ ᠬᠦᠮᠦᠵᠢᠭᠦᠯᠬᠦ᠂ ᠭᠤᠷᠪᠠ ᠦᠭᠡᠢ ᠭᠦᠮᠦᠰ ᠢ ᠠᠰᠠᠷᠠᠨ ᠲᠡᠵᠢᠭᠡᠬᠦ᠂ ᠣᠨᠴᠠ ᠬᠦᠴᠢᠷᠳᠡᠯᠲᠠᠢ ᠬᠦᠮᠦᠰ ᠤᠨ ᠨᠦᠬᠦᠪᠦᠷᠢ᠂ ᠬᠤᠶᠠᠷ ᠢ ᠬᠦᠷᠢᠶᠡᠯᠡᠬᠦ ᠪᠠ ᠤᠨᠴᠠ ᠬᠠᠷᠠᠭᠠᠯᠵᠠᠯ ᠤᠨ ᠨᠦᠬᠦᠪᠦᠷᠢ᠂ ᠬᠤᠲᠠ ᠬᠦᠳᠡᠭᠡ ᠶᠢᠨ ᠡᠮ ᠡᠮᠨᠡᠯᠭᠡ ᠶᠢᠨ ᠠᠪᠤᠷᠠᠨ ᠳᠤᠰᠠᠯᠠᠬᠤ ᠨᠦᠬᠦᠪᠦᠷᠢ᠂ ᠵᠡᠮᠳᠡᠭᠴᠤᠳ ᠤᠨ ᠠᠪᠤᠷᠠᠨ ᠳᠤᠰᠠᠯᠠᠬᠤ ᠨᠦᠬᠦᠪᠦᠷᠢ᠂ ᠳᠤᠯᠠᠭᠠᠯᠭ᠎ᠠ ᠶᠢᠨ ᠨᠦᠬᠦᠪᠦᠷᠢ ᠪᠠ ᠬᠢᠮᠳᠠ ᠲᠦᠷᠢᠶᠡᠰᠤᠨ ᠤᠷᠤᠨ ᠰᠠᠭᠤᠴᠨ ᠶᠢᠨ ᠲᠦᠷᠢᠶᠡᠰᠤᠯᠠᠬᠦ ᠨᠦᠬᠦᠪᠦᠷᠢ ᠵᠡᠷᠭᠡ ᠪᠡᠯᠨ ᠮᠦᠩᠬᠦ ᠶᠢ ᠴᠠᠭ ᠲᠤᠬᠠᠢ ᠳᠤᠨᠢ ᠲᠤᠭ᠎ᠠ ᠶᠤᠰᠤᠭᠠᠷ ᠳᠠᠷᠬᠠᠭᠠᠪᠠ᠃ ᠡᠭᠦᠨ ᠤ ᠬᠠᠮᠳᠤ᠂ ᠬᠦᠴᠢᠷᠳᠡᠯᠲᠠᠢ ᠤᠯᠠᠨ ᠲᠦᠮᠡᠨ ᠤ ᠦᠢᠯᠡᠳᠪᠦᠷᠢᠯᠡᠯ ᠠᠮᠢᠳᠤᠷᠠᠯ ᠤᠨ ᠪᠠᠳᠤᠯᠠᠭᠠᠨ ᠤ ᠡᠯ᠎ᠡ ᠲᠦᠷᠦᠯ ᠤᠨ ᠠᠵᠢᠯ ᠢ ᠨᠠᠷᠢᠨ ᠬᠢᠨᠠᠮᠠᠭᠠᠢ ᠪᠠᠶᠢᠷᠢᠯᠠᠭᠤᠯᠵᠤ᠂ ᠡᠯ᠎ᠡ ᠲᠦᠷᠦᠯ ᠤᠨ ᠮᠠᠯ ᠲᠠᠷᠢᠶᠠᠯᠠᠩ ᠤᠨ ᠬᠠᠷᠠᠭᠠᠯᠵᠠᠯ ᠤᠨ ᠮᠦᠩᠭᠦ ᠪᠠ ᠨᠡᠶᠢᠭᠡᠮ ᠤᠨ ᠪᠠᠳᠤᠯᠠᠭ᠎ᠠ ᠶᠢᠨ ᠪᠡᠯᠨ ᠮᠦᠩᠬᠦ ᠶᠢ ᠴᠠᠭ ᠲᠤᠬᠠᠢ ᠳᠤᠨᠢ ᠲᠠᠷᠬᠠᠭᠠᠪᠠ᠃ 4200 ᠮᠠᠯᠴᠢᠨ ᠡᠷᠦᠬᠡ ᠪᠠᠷ ᠭᠦᠨᠵᠡᠭᠡᠶᠢᠷᠠᠨ ᠪᠠᠶᠢᠳᠠᠯ ᠣᠶᠢᠯᠠᠭᠠᠬᠤ ᠶᠢᠨ ᠲᠠᠭᠠᠣ ᠳᠣᠬᠤᠨᠢᠭᠤᠯᠵᠣ᠂ ᠨᠠᠮ ᠵᠠᠰᠠᠭ ᠤᠨ ᠬᠠᠶᠢᠷ᠎ᠠ ᠬᠠᠯᠠᠮᠵᠢ ᠶᠢ ᠬᠦᠷᠳᠡᠭᠡᠪᠠ᠃              ︵ᠠᠷᠪᠠ︶ ᠨᠡᠶᠢᠭᠡᠮ ᠤᠨ ᠶᠡᠭᠡ ᠲᠠᠯ᠎ᠠ ᠶᠢᠨ ᠲᠤᠭᠳᠠᠭᠤᠨ ᠢ ᠦᠷᠭᠦᠯᠵᠢᠯᠠᠨ ᠪᠠᠳᠤᠯᠠᠪᠠ᠃ ︽ᠲᠤᠯᠤᠳᠤᠭᠠᠷ ᠲᠠᠪᠤᠨ︾ ᠵᠢᠯ ᠤᠨ ᠬᠠᠤᠯᠢ ᠲᠦᠭᠡᠮᠡᠯᠵᠢᠭᠦᠯᠦᠯᠲᠠ ᠶᠢ ᠪᠦᠬᠦ ᠲᠠᠯ᠎ᠠ ᠪᠠᠷ ᠡᠬᠢᠯᠡᠭᠦᠯᠦᠨ᠂ ᠲᠤᠤᠷ ᠰᠦᠯᠵᠢᠶᠠᠨ ᠳᠡᠭᠡᠷᠡᠬᠢ ᠰᠤᠷᠤᠯᠴᠠᠯᠭ᠎ᠠ ᠪᠠᠷ ᠳᠠᠮᠵᠢᠨ ᠬᠠᠤᠯᠢ ᠶᠢ ᠲᠦᠭᠡᠮᠡᠯᠵᠢᠭᠦᠯᠬᠦ ᠬᠦᠷᠢᠶ᠎ᠡ ᠬᠡᠪᠴᠢᠶ᠎ᠡ ᠶᠢ ᠦᠷᠭᠡᠳᠬᠡᠨ᠂ ᠬᠠᠤᠯᠢ ᠶᠢᠨ ᠲᠤᠰᠠᠯᠠᠮᠵᠢ ᠶᠢ ᠢᠳᠡᠪᠬᠢᠲᠠᠢ ᠦᠷᠨᠢᠭᠦᠯᠦᠨ᠂ 73 ᠵᠦᠢᠯ ᠤᠨ ᠬᠡᠷᠡᠭ ᠤᠴᠢᠷ ᠢ ᠬᠦᠯᠢᠶᠡᠨ ᠰᠢᠢᠳᠪᠦᠷᠢᠯᠡᠵᠤ᠂ 200 ᠢᠯᠡᠭᠦᠦ ᠲᠦᠮᠡᠨ ᠲᠦᠭᠦᠷᠢᠭ ᠤᠨ ᠠᠵᠤ ᠠᠬᠤᠢ ᠶᠢᠨ ᠬᠤᠬᠢᠷᠠᠯ ᠢ ᠡᠭᠡᠭᠦᠯᠦᠨ ᠠᠪᠴᠢᠷᠠᠵᠤ᠂ ᠪᠦᠬᠦ ᠤᠯᠤᠰ ᠤᠨ ᠬᠠᠤᠯᠢ ᠪᠠᠷ ᠵᠠᠰᠠᠬᠤ ᠣᠬᠠᠭᠤᠯᠭ᠎ᠠ ᠭᠦᠮᠦᠵᠢᠯ ᠤᠨ ᠲᠡᠷᠢᠭᠦᠨ ᠤ ᠬᠤᠰᠢᠭᠤ ᠪᠠ ᠤᠷᠤᠨ ᠤ ᠠᠩᠬᠠᠳᠠᠭᠴᠢ ᠪᠦᠯᠦᠭ ᠬᠠᠣᠯᠢ ᠪᠠᠷ ᠵᠠᠰᠠᠭᠰᠠᠨ ᠬᠤᠰᠢᠭᠤ ᠶᠢ ᠡᠭᠦᠳᠤᠨ ᠪᠠᠶᠢᠭᠤᠯᠬᠤ ᠠᠵᠢᠯᠯᠠᠭ᠎ᠠ ᠶᠢᠨ ᠲᠡᠷᠢᠭᠦᠨ ᠤ ᠬᠤᠰᠢᠭᠤ ᠰᠢᠶᠠᠨ ᠤ ᠢᠷᠠᠭᠤ ᠠᠯᠳᠠᠷ ᠢ ᠭᠦᠷᠲᠡᠪᠡ᠃ ᠬᠠᠤᠯᠢ ᠶᠤᠰᠤᠭᠠᠷ ᠵᠠᠰᠠᠭ ᠶᠠᠪᠤᠭᠤᠯᠬᠤ ᠠᠵᠢᠯ ᠢ ᠪᠦᠬᠦ ᠲᠠᠯ᠎ᠠ ᠪᠠᠷ ᠲᠦᠯᠬᠢᠨ ᠠᠬᠢᠭᠤᠯᠵᠤ᠂ 2589 ᠲᠦᠷᠦᠯ ᠤᠨ ᠡᠷᠬᠡ ᠬᠠᠷᠢᠭᠤᠴᠠᠯᠭ᠎ᠠ ᠶᠢᠨ ᠳᠤᠳᠤᠷᠬᠠᠢ ᠬᠠᠭᠤᠳᠠᠰᠤ ᠶᠢ ᠪᠦᠬᠦ ᠲᠠᠯ᠎ᠠ ᠪᠠᠷ ᠡᠮᠬᠢᠳᠬᠡᠨ ᠢᠯᠨ ᠨᠡᠶᠢᠳᠡᠯᠡᠵᠤ᠂ ᠪᠦᠬᠦ ᠬᠤᠰᠢᠭᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠭᠴᠢᠳ ᠲᠤ ᠪᠤᠯᠪᠠᠰᠤᠷᠠᠯ ᠬᠦᠷᠳᠡᠭᠡᠵᠤ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ 400 ᠭᠡᠷᠡᠴᠢ ᠳᠡᠮᠳᠡᠭ ᠢ ᠰᠢᠨ᠎ᠡ ᠪᠠᠷ ᠰᠤᠯᠢᠪᠠ᠃ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠠᠤᠯᠢ ᠴᠠᠭᠠᠵᠨ ᠶᠢᠨ ᠬᠢᠨᠠᠯᠲᠠ᠂ ᠤᠯᠤᠰ ᠲᠦᠷᠦ ᠶᠢᠨ ᠵᠦᠪᠯᠡᠯᠭᠡᠨ ᠤ ᠠᠷᠠᠳᠴᠢᠯᠠᠯ ᠤᠨ ᠬᠢᠨᠠᠯᠲᠠ ᠪᠠ ᠨᠡᠶᠢᠭᠡᠮ ᠤᠨ ᠶᠠᠷᠢᠶ᠎ᠠ ᠬᠡᠯᠡᠯᠴᠡᠭᠡᠨ ᠤ ᠬᠢᠨᠠᠯᠲᠠ ᠶᠢ ᠤᠬᠠᠮᠰᠠᠷ ᠠᠴᠠ ᠪᠠᠨ ᠬᠦᠯᠢᠶᠡᠵᠤ᠂ ᠠᠷᠠᠳ ᠤᠨ ᠲᠦᠯᠦᠭᠡᠯᠡᠭᠴᠢᠳ ᠤᠨ ᠰᠠᠨᠠᠯ ᠵᠦᠪᠯᠡᠯᠭᠡ᠂ ᠰᠠᠨᠠᠭᠤᠯᠭ᠎ᠠ ᠪᠠ ᠤᠯᠤᠰ ᠲᠦᠷᠦ ᠶᠢᠨ ᠵᠦᠪᠯᠡᠯᠭᠡᠨ ᠤ ᠬᠡᠰᠢᠭᠦᠳ ᠤᠨ ᠰᠠᠨᠠᠯ ᠳᠤᠷᠠᠳᠤᠯᠭ᠎ᠠ ᠶᠢ ᠪᠦᠬᠦᠨ ᠎ ᠢ ᠰᠢᠢᠳᠪᠦᠷᠢᠯᠡᠪᠠ᠃ ᠭᠠᠵᠠᠷ ᠤᠨ ᠳᠠᠰ ᠤᠨ ᠤᠳᠤᠷᠢᠳᠤᠯᠭ᠎ᠠ ᠡᠳᠤᠷ ᠪᠦᠷᠢ ᠵᠠᠬᠢᠳᠠᠯ ᠰᠤᠷᠪᠤᠯᠵᠢᠯᠠᠭ᠎ᠠ ᠶᠢ ᠬᠦᠯᠢᠶᠡᠨ ᠠᠪᠬᠤ ᠪᠠ ︽1328︾ ᠵᠠᠬᠢᠳᠠᠯ ᠰᠤᠷᠪᠤᠯᠵᠢᠯᠠᠭ᠎ᠠ ᠶᠢᠨ ᠠᠵᠢᠯ ᠤᠨ ᠡᠳᠤᠷ ᠤᠨ ᠲᠦᠷᠢᠮ ᠲᠤᠭᠳᠠᠭᠠᠯ ᠢ ᠦᠷᠭᠦᠯᠵᠢᠯᠡᠨ ᠬᠡᠷᠡᠭᠵᠢᠭᠦᠯᠵᠤ᠂ 150 ᠵᠠᠬᠢᠳᠠᠯ ᠰᠣᠷᠪᠣᠯᠵᠢᠯᠠᠭ᠎ᠠ ᠶᠢᠨ ᠠᠰᠠᠭᠤᠳᠠᠯ ᠢ ᠨᠠᠮᠳᠠᠭᠤᠯᠣᠨ᠂ 25 ᠲᠦᠪᠡᠭᠲᠠᠢ ᠵᠠᠬᠢᠳᠠᠯ ᠰᠤᠷᠪᠤᠯᠵᠢᠯᠠᠭ᠎ᠠ ᠶᠢᠨ ᠭᠡᠷᠡᠭ ᠢ ᠵᠤᠬᠢᠴᠠᠭᠤᠯᠤᠨ ᠰᠢᠢᠳᠪᠦᠷᠢᠯᠡᠵᠤ᠂ ᠤᠯᠠᠨ ᠲᠦᠮᠡᠨ ᠤ ᠵᠦᠢ ᠶᠤᠰᠤᠨ ᠤ ᠰᠠᠨᠠᠯ ᠳᠤᠷᠠᠳᠤᠯᠭ᠎ᠠ ᠶᠢ ᠪᠦᠲᠦᠮᠵᠢᠲᠠᠢ ᠰᠢᠢᠳᠪᠣᠷᠢᠯᠠᠵᠦ ᠬᠠᠨᠤᠮᠵᠢᠲᠠᠢ ᠬᠠᠷᠢᠭᠤᠯᠲᠠ ᠦᠭᠪᠠ᠃ ᠨᠡᠶᠢᠭᠡᠮ ᠎ ᠤᠨ ᠵᠦᠷᠢᠴᠡᠯ ᠢ ᠨᠠᠮᠳᠠᠭᠤᠯᠬᠤ ᠶᠢ ᠬᠦᠨᠵᠡᠬᠡᠢ ᠠᠬᠢᠭᠤᠯᠵᠤ᠂ ᠡᠯ᠎ᠡ ᠲᠦᠷᠦᠯ ᠤᠨ ᠵᠦᠷᠢᠴᠡᠯ ᠪᠠ ᠠᠰᠠᠭᠤᠳᠠᠯ ᠢ ᠤᠷᠢᠳᠴᠢᠯᠠᠨ ᠰᠡᠷᠭᠡᠶᠢᠯᠡᠬᠦ ᠪᠠ ᠵᠣᠭᠢᠰᠲᠠᠢ ᠰᠢᠢᠳᠪᠦᠷᠢᠯᠡᠨ᠂ ᠡᠶ᠎ᠡ ᠵᠤᠬᠢᠴᠠᠩᠭᠤᠢ ᠪᠤᠰᠤ ᠡᠯᠧᠮᠧᠨ᠋ᠲ ᠶᠢ ᠬᠠᠮᠤᠭ ᠶᠡᠭᠡ ᠬᠡᠮᠵᠢᠶ᠎ᠡ ᠪᠠᠷ ᠪᠠᠭᠠᠰᠬᠠᠵᠤ᠂ ᠵᠦᠷᠢᠴᠡᠯ ᠵᠢᠭᠤᠷᠭᠠᠨ ᠢ ᠡᠭᠦᠰᠴᠦ ᠪᠠᠶᠢᠭ᠎ᠠ ᠦᠶ᠎ᠡ ᠳᠤᠨᠢ ᠰᠢᠢᠳᠪᠣᠷᠢᠯᠠᠪᠠ᠃ ᠨᠡᠶᠢᠭᠡᠮ ᠎ ᠤᠨ ᠠᠮᠣᠷ ᠲᠦᠪᠰᠢᠨ ᠢ ᠶᠡᠷᠦᠩᠭᠡᠶᠢᠯᠡᠨ ᠵᠠᠰᠠᠬᠤ ᠶᠢ ᠴᠢᠩᠭᠠᠳᠬᠠᠨ᠂ ᠤᠯᠠᠨ ᠤᠳᠠᠭ᠎ᠠ ᠶᠢᠨ ᠰᠡᠷᠡᠮᠵᠢᠯᠡᠭᠦᠯᠬᠦ ᠴᠢᠨᠠᠷᠲᠠᠢ ᠠᠵᠢᠯᠯᠠᠭ᠎ᠠ ᠪᠠ ᠠᠮᠣᠷ ᠲᠦᠪᠰᠢᠨ ᠢ ᠴᠡᠭᠴᠡᠯᠡᠨ ᠵᠠᠰᠠᠬᠤ ᠠᠵᠢᠯᠯᠠᠭ᠎ᠠ ᠦᠷᠨᠢᠭᠦᠯᠵᠤ᠂ ᠨᠡᠶᠢᠭᠡᠮ ᠤᠨ ᠡᠶ᠎ᠡ ᠵᠤᠬᠢᠴᠠᠯ ᠲᠤᠭᠳᠠᠭᠤᠨ ᠢ ᠪᠠᠳᠤᠯᠠᠪᠠ᠃ ᠨᠡᠶᠢᠭᠡᠮ ᠤᠨ ᠶᠡᠷᠢᠶ᠎ᠠ ᠬᠡᠯᠡᠯᠴᠡᠭᠡ ᠶᠢ ᠳᠡᠭᠡᠲᠤ ᠬᠡᠮᠵᠢᠶ᠎ᠠ ᠪᠠᠷ ᠠᠩᠬᠠᠷᠴᠤ᠂ ᠳᠣᠣᠷ ᠰᠦᠯᠵᠢᠶᠠᠨ ᠤ ᠰᠠᠭᠤᠷᠢᠨ ᠭᠠᠵᠠᠷ ᠤᠨ ᠭᠢᠵᠠᠭᠠᠷᠯᠠᠯ ᠢ ᠴᠢᠩᠭᠠᠳᠬᠠᠨ᠂ ᠳᠠᠶᠢᠯᠪᠤᠷᠢᠯᠠᠬᠤ ᠪᠠ ᠵᠢᠯᠤᠭᠤᠳᠤᠬᠤ ᠠᠵᠢᠯ ᠢᠶᠠᠷ ᠲᠠᠮᠵᠢᠨ᠂ ᠡᠶ᠎ᠡ ᠵᠣᠭᠢᠴᠠᠩᠭᠤᠢ ᠲᠣᠣᠷ ᠰᠦᠯᠵᠢᠶᠡᠨ ᠤ ᠣᠷᠴᠢᠨ ᠳᠣᠭᠤᠷᠢᠨ ᠢ ᠪᠣᠢ ᠪᠣᠯᠭᠠᠪᠠ᠃ ︽ᠨᠠᠮ ᠵᠠᠰᠠᠭ ᠬᠠᠮᠳᠤ ᠪᠠᠷ ᠬᠠᠷᠢᠭᠤᠴᠠᠬᠤ᠂ ᠨᠢᠭᠡ ᠠᠵᠢᠯ ᠤᠨ ᠪᠠᠶᠢᠷᠢ ᠳᠤ ᠬᠤᠶᠠᠷ ᠬᠠᠷᠢᠭᠤᠴᠠᠯᠭ᠎ᠠ ᠡᠭᠦᠷᠭᠡᠯᠡᠬᠦ᠂ ᠬᠠᠮᠳᠤ ᠪᠠᠷ ᠠᠳᠬᠤᠨ ᠬᠠᠮᠳᠤ ᠪᠠᠷ ᠬᠠᠮᠢᠶᠠᠷᠬᠤ᠂ ᠲᠤᠰᠢᠶᠠᠯ ᠳᠠᠭᠠᠨ ᠤᠰᠤᠯᠳᠠᠪᠠᠯ ᠬᠠᠷᠢᠭᠤᠴᠠᠯᠭ᠎ᠠ ᠨᠡᠬᠡᠮᠵᠢᠯᠡᠬᠦ︾ ᠱᠠᠭᠠᠷᠳᠠᠯᠭ᠎ᠠ ᠶᠤᠰᠤᠭᠠᠷ᠂ ᠦᠢᠯᠡᠳᠪᠦᠷᠢᠯᠡᠯ ᠤᠨ ᠠᠮᠣᠷ ᠲᠦᠪᠰᠢᠨ᠂ ᠵᠠᠮ ᠬᠠᠷᠢᠯᠴᠠᠭᠠᠨ ᠤ ᠠᠮᠤᠷ ᠲᠦᠪᠰᠢᠨ᠂ ᠭᠠᠯ ᠤᠨᠳᠠᠷᠠᠭᠠᠬᠤ ᠠᠮᠤᠷ ᠳᠦᠪᠰᠢᠨ ᠵᠡᠷᠭᠡ ᠭᠤᠤᠯ ᠠᠭᠤᠯᠭ᠎ᠠ ᠪᠦᠬᠦᠢ ᠳᠤᠰᠬᠠᠢ ᠰᠡᠳᠤᠪᠲᠤ ᠴᠡᠭᠴᠡᠯᠡᠨ ᠵᠠᠰᠠᠬᠤ ᠠᠵᠢᠯᠯᠠᠭ᠎ᠠ ᠶᠢ ᠨᠠᠷᠢᠨ ᠬᠢᠨᠠᠮᠠᠭᠠᠢ ᠵᠤᠬᠢᠶᠠᠨ ᠪᠠᠶᠢᠭᠤᠯᠵᠤ᠂ ᠵᠢᠦᠢ ᠰᠢᠨ ᠡᠨᠧᠷᠬᠢ ᠶᠢᠨ ᠲᠤᠰᠤ ᠬᠠᠳᠠᠭᠠᠯᠠᠬᠤ ᠳᠣᠭᠤᠷᠢᠭ ᠤᠨ ︽10.27︾ ᠭᠠᠯ ᠤᠨ ᠠᠶᠤᠯ ᠤᠨ ᠬᠡᠷᠡᠭ ᠢ ᠵᠤᠬᠢᠰᠲᠠᠢ ᠰᠢᠢᠳᠪᠦᠷᠢᠯᠡᠪᠠ᠃ ᠦᠪᠡᠷᠳᠡᠭᠡᠨ ᠵᠠᠰᠠᠬᠤ ᠤᠷᠤᠨ ᠤ ᠠᠶᠤᠯᠭᠦᠢ ᠦᠢᠯᠡᠳᠪᠦᠷᠢᠯᠡᠯ ᠤᠨ ᠶᠡᠭᠡ ᠪᠠᠶᠢᠴᠠᠭᠠᠯᠲᠠ ᠶᠢᠨ ᠱᠠᠭᠠᠷᠳᠠᠯᠭ᠎ᠠ ᠶᠤᠰᠤᠭᠠᠷ᠂ ᠪᠦᠬᠦ ᠬᠤᠰᠢᠭᠤᠨ ᠤ ᠠᠶᠤᠯᠭᠦᠢ ᠦᠢᠯᠡᠳᠪᠦᠷᠢᠯᠡᠯ ᠤᠨ ᠪᠠᠴᠢᠮ ᠬᠤᠷᠠᠯ ᠢ ᠴᠠᠭ ᠲᠤᠬᠠᠢ ᠳᠤᠨᠢ ᠬᠤᠷᠠᠯᠳᠤᠭᠤᠯᠵᠤ᠂ ᠠᠶᠤᠯᠭᠦᠢ ᠦᠢᠯᠡᠳᠪᠦᠷᠢᠯᠡᠯ ᠤᠨ ᠶᠡᠭᠡ ᠪᠠᠶᠢᠴᠠᠭᠠᠯᠲᠠ ᠶᠢᠨ ᠡᠯ᠎ᠡ ᠵᠦᠢᠯ ᠤᠨ ᠠᠵᠢᠯ ᠢ ᠪᠦᠬᠦ ᠲᠠᠯ᠎ᠠ ᠪᠠᠷ ᠪᠠᠶᠢᠷᠢᠯᠠᠭᠤᠯᠤᠨ᠂ ᠪᠠᠶᠢᠴᠠᠭᠠᠬᠤ ᠶᠢᠨ ᠳᠠᠭᠠᠤ ᠬᠠᠯᠠᠨ ᠰᠠᠶᠢᠵᠢᠷᠠᠭᠤᠯᠵᠤ᠂ ᠪᠦᠬᠦ ᠠᠵᠢᠯ ᠲᠦᠷᠦᠯ ᠪᠦᠬᠦ ᠬᠦᠷᠢᠶ᠎ᠠ ᠴᠠᠷᠠᠭᠠᠨ ᠳᠠᠬᠢ ᠠᠶᠤᠯᠬᠦᠢ ᠦᠢᠯᠡᠳᠪᠦᠷᠢᠯᠡᠯ ᠤᠨ ᠶᠡᠭᠡ ᠪᠠᠶᠢᠴᠠᠭᠠᠯᠲᠠ ᠶᠢ ᠵᠤᠬᠢᠶᠠᠨ ᠪᠠᠶᠢᠭᠤᠯᠤᠨ ᠦᠷᠨᠢᠭᠦᠯᠵᠤ᠂ ᠤᠷᠤᠰᠢᠵᠤ ᠪᠠᠶᠢᠭ᠎ᠠ ᠠᠰᠠᠭᠤᠳᠠᠯ ᠤᠨ ᠲᠠᠩᠰᠠ ᠡᠪᠭᠡᠮᠠᠯ ᠢ ᠪᠠᠶᠢᠭᠤᠯᠵᠦ᠂ ᠨᠢᠭᠡᠳ ᠨᠢᠭᠡ ᠪᠠᠷ ᠬᠠᠯᠠᠨ ᠰᠠᠶᠢᠵᠢᠷᠠᠭᠤᠯᠪᠠ᠃ ᠵᠠᠬ᠎ᠠ ᠳᠡᠯᠭᠡᠭᠦᠷ ᠤᠨ ᠬᠢᠨᠠᠨ ᠬᠠᠮᠢᠶᠠᠷᠤᠯᠲᠠ ᠪᠠ ᠳᠤᠰᠬᠠᠢ ᠲᠦᠷᠦᠯ ᠢᠶᠠᠷ ᠴᠡᠭᠴᠡᠯᠠᠨ ᠵᠠᠰᠠᠬᠤ ᠎ ᠶᠢ ᠴᠢᠩᠭᠠᠳᠬᠠᠵᠤ᠂ ᠪᠦᠲᠦᠭᠡᠭᠳᠡᠭᠦᠨ ᠤ ᠶᠠᠰᠤ ᠴᠢᠨᠠᠷ ᠪᠠ ᠢᠳᠡᠭᠡᠨ ᠤᠮᠳᠠᠭᠠᠨ ᠡᠮ ᠤᠨ ᠵᠦᠢᠯᠡᠰ ᠤᠨ ᠠᠮᠤᠷ ᠳᠦᠪᠰᠢᠨ ᠤ ᠶᠡᠭᠡ ᠪᠠᠶᠢᠴᠠᠭᠠᠯᠲᠠ ᠶᠢ ᠵᠤᠬᠢᠶᠠᠨ ᠪᠠᠶᠢᠭᠤᠯᠤᠨ ᠦᠷᠨᠢᠭᠦᠯᠵᠤ᠂ ᠢᠳᠡᠭᠡᠨ ᠤᠮᠳᠠᠭᠠᠨ ᠡᠮ ᠤᠨ ᠵᠦᠢᠯᠡᠰ ᠢ ᠲᠦᠷᠭᠡᠨ ᠪᠠᠶᠢᠴᠠᠭᠠᠬᠤ ᠳᠠᠰᠤᠭ ᠢ ᠪᠠᠶᠢᠭᠤᠯᠣᠨ᠂ ᠤᠯᠡᠨ ᠲᠦᠮᠡᠨ ᠤ ᠢᠳᠡᠭᠡᠨ ᠤᠮᠳᠠᠭᠠᠨ ᠡᠮ ᠤᠨ ᠵᠦᠢᠯᠡᠰ ᠤᠨ ᠠᠮᠤᠷ ᠳᠦᠪᠰᠢᠨ ᠢ ᠪᠠᠳᠣᠯᠠᠪᠠ᠃            ᠦᠩᠭᠡᠷᠡᠭᠰᠡᠨ ᠨᠢᠭᠡ ᠵᠢᠯ ᠤᠨ ᠠᠵᠢᠯ ᠢᠶᠠᠨ ᠡᠷᠬᠢᠴᠡᠭᠦᠯᠪᠠᠯ᠂ ᠪᠦᠬᠦ ᠬᠤᠰᠢᠭᠤᠨ ᠤ ᠠᠵᠤ ᠠᠬᠤᠢ ᠨᠡᠶᠢᠭᠡᠮ ᠤᠨ ᠬᠦᠭᠵᠢᠯᠲᠠ ᠢᠯᠡᠷᠭᠡᠢ ᠠᠮᠵᠢᠯᠲᠠ ᠶᠢ ᠤᠯᠪᠠ᠃ ᠡᠳᠡᠭᠡᠷ ᠠᠮᠵᠢᠯᠲᠠ ᠶᠢ ᠤᠯᠤᠭᠰᠠᠨ ᠶᠠᠪᠤᠳᠠᠯ ᠨᠢ᠂ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠪᠤᠯᠤᠨ ᠬᠤᠰᠢᠭᠤ ᠨᠠᠮ ᠤᠨ ᠬᠤᠷᠢᠶ᠎ᠠ ᠠᠴᠠ ᠰᠢᠨᠵᠢᠯᠡᠬᠦ ᠤᠬᠠᠭᠠᠨᠴᠢ ᠎ ᠪᠠᠷ ᠰᠢᠢᠳᠪᠦᠷᠢᠲᠤ ᠪᠤᠳᠤᠯᠭ᠎ᠠ ᠳᠤᠭᠳᠠᠭᠠᠨ᠂ ᠨᠠᠷᠢᠨ ᠨᠢᠮᠪᠠᠢ ᠪᠠᠶᠢᠷᠢᠯᠠᠭᠤᠯᠤᠯᠲᠠ ᠬᠢᠵᠤ᠂ ᠪᠠᠳᠤ ᠴᠢᠩᠭ᠎ᠠ ᠤᠳᠤᠷᠢᠳᠤᠭᠰᠠᠨ ᠤ ᠦᠷ᠎ᠡ ᠳ᠋ᠦᠩ᠂ ᠬᠤᠰᠢᠭᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠎ ᠶᠢᠨ ᠬᠤᠷᠢᠶ᠎ᠠ᠂ ᠤᠯᠤᠰ ᠲᠦᠷᠦ ᠶᠢᠨ ᠵᠦᠪᠯᠡᠯᠭᠡᠨ ᠨᠢ ᠬᠢᠨᠠᠨ ᠬᠠᠮᠢᠶᠠᠷᠤᠯᠲᠠ ᠪᠠᠨ ᠴᠢᠩᠭᠠᠳᠬᠠᠵᠤ᠂ ᠪᠦᠬᠦ ᠬᠦᠴᠦᠨ ᠎ ᠢᠶᠠᠷ ᠳᠡᠮᠵᠢᠭᠰᠡᠨ ᠤ ᠦᠷ᠎ᠡ ᠳ᠋ᠦᠩ᠂ ᠡᠯ᠎ᠡ ᠰᠠᠯᠠᠭ᠎ᠠ ᠮᠦᠴᠢᠷ᠂ ᠪᠠᠶᠢᠭᠤᠯᠤᠯᠭ᠎ᠠ ᠨᠢᠭᠡᠴᠨ ᠨᠢ ᠬᠦᠴᠦ ᠨᠢᠭᠡᠳᠤᠨ ᠬᠠᠮᠳᠤᠷᠠᠨ ᠠᠵᠢᠯᠯᠠᠵᠤ᠂ ᠨᠢᠭᠳᠠ ᠬᠠᠮᠵᠢᠯᠴᠠᠨ᠂ ᠨᠠᠶᠢᠳᠠᠪᠤᠷᠢᠵᠢᠭᠤᠯᠤᠯᠲᠠ ᠶᠢ ᠬᠦᠴᠦᠲᠠᠢ ᠠᠳᠬᠤᠭᠰᠠᠨ ᠤ ᠦᠷ᠎ᠡ ᠳ᠋ᠦᠩ᠂ ᠪᠦᠬᠦ ᠬᠤᠰᠢᠭᠤᠨ ᠤ ᠡᠯ᠎ᠡ ᠦᠨᠳᠤᠰᠤᠲᠠᠨ ᠤ ᠠᠷᠠᠳ ᠲᠦᠮᠡᠨ ᠰᠡᠳᠬᠢᠯ ᠨᠢᠭᠡᠳᠤᠨ ᠬᠦᠴᠦᠨ ᠬᠠᠮᠳᠤᠷᠠᠵᠤ ᠂ ᠡᠷᠡᠮᠡᠬᠡᠶᠢᠯᠡᠨ ᠲᠠᠮᠡᠴᠡᠵᠤ᠂ ᠬᠠᠳᠠᠭᠤᠵᠢᠯᠲᠠᠢ ᠴᠢᠷᠮᠠᠶᠢᠭᠰᠠᠨ ᠤ ᠦᠷ᠎ᠡ ᠳ᠋ᠦᠩ ᠪᠤᠯᠬᠤ ᠶᠤᠮ᠃ ᠠᠳᠡ ᠪᠢ᠂ ᠬᠤᠰᠢᠭᠤ ᠠᠷᠠᠳ ᠤᠨ ᠵᠠᠰᠠᠭ ᠤᠨ ᠤᠷᠳᠤᠨ ᠢ ᠲᠦᠯᠦᠭᠡᠯᠡᠨ᠂ ᠬᠦᠪᠡᠭᠡᠲᠤ ᠰᠢᠷ᠎ᠠ ᠬᠤᠰᠢᠭᠤᠨ ᠤ ᠠᠵᠤ ᠠᠬᠤᠢ ᠨᠡᠶᠢᠭᠡᠮ ᠤᠨ ᠬᠦᠭᠵᠢᠯᠲᠡ ᠳᠤ ᠠᠷᠭ᠎ᠠ ᠪᠤᠳᠤᠯᠭ᠎ᠠ ᠭᠠᠷᠭᠠᠵᠤ᠂ ᠬᠠᠳᠠᠭᠤᠵᠢᠯᠲᠠᠢ ᠠᠵᠢᠯᠯᠠᠨ᠂ ᠢᠳᠡᠪᠬᠢᠲᠠᠢ ᠨᠡᠮᠡᠷᠢ ᠬᠠᠨᠳᠢᠪ ᠢᠶᠠᠨ ᠡᠷᠭᠦᠭᠰᠡᠨ ᠦᠷᠭᠡᠨ ᠤᠯᠠᠨ ᠠᠷᠠᠳ ᠤᠨ ᠲᠦᠯᠦᠭᠡᠯᠡᠭᠴᠢᠳ᠂ ᠤᠯᠤᠰ ᠲᠦᠷᠦ ᠶᠢᠨ ᠵᠦᠪᠯᠡᠯᠭᠡᠨ ᠤ ᠬᠡᠰᠢᠭᠦᠳ᠂ ᠮᠦᠨᠴᠤ ᠲᠠᠨᠠᠷ ᠢᠶᠠᠷ ᠳᠠᠮᠵᠢᠭᠤᠯᠤᠨ ᠪᠦᠬᠦ ᠬᠤᠰᠢᠭᠤᠨ ᠤ ᠡᠯ᠎ᠡ ᠠᠵᠢᠯ ᠤᠨ ᠹᠷᠤᠨᠲ ᠳᠡᠭᠡᠷ᠎ᠡ ᠭᠠᠪᠰᠢᠭᠠᠶᠢᠯᠠᠵᠤ ᠪᠠᠶᠢᠭ᠎ᠠ ᠦᠷᠭᠡᠨ ᠤᠯᠠᠨ ᠺᠠᠳ᠋ᠷ ᠠᠵᠢᠯᠳᠠᠳ᠂ ᠮᠠᠨ ᠤ ᠬᠤᠰᠢᠭᠤᠨ ᠤ ᠬᠦᠭᠵᠢᠯᠲᠠ᠂ ᠪᠦᠲᠦᠭᠡᠨ ᠪᠠᠶᠢᠭᠤᠯᠤᠯᠲᠠ ᠶᠢ ᠬᠠᠯᠠᠮᠵᠢᠯᠠᠨ ᠳᠡᠮᠵᠢᠭᠰᠡᠨ ᠨᠡᠶᠢᠭᠡᠮ ᠤᠨ ᠡᠯ᠎ᠡ ᠡᠳᠡᠭᠡᠳ ᠤᠨ ᠬᠢᠨ ᠳᠤ ᠡᠷᠬᠢᠮ ᠳᠡᠭᠡᠲᠤ ᠬᠦᠨᠳᠤᠳᠭᠡᠯ ᠪᠠ ᠴᠢᠩ ᠰᠡᠳᠬᠢᠯ ᠤᠨ ᠳᠠᠯᠠᠷᠬᠠᠯ ᠢᠶᠠᠨ ᠳᠡᠪᠰᠢᠭᠦᠯᠦᠶ᠎ᠡ︕              ᠪᠢᠳᠠ ᠠᠮᠵᠢᠯᠳᠠ ᠪᠠᠨ ᠣᠯᠵᠦ ᠬᠠᠷᠠᠬᠤ ᠶᠢᠨ ᠲᠠᠭᠠᠣ᠂ ᠪᠦᠬᠦ ᠬᠤᠰᠢᠭᠤᠨ ᠤ ᠠᠵᠦ ᠠᠬᠤᠢ ᠨᠡᠶᠢᠭᠡᠮ ᠤᠨ ᠭᠦᠭᠵᠢᠯᠳᠡ ᠶᠢᠨ ᠳᠣᠮᠳᠠ ᠮᠠᠰᠢ ᠣᠯᠠᠨ ᠬᠦᠴᠢᠷᠳᠡᠯ ᠪᠠ ᠠᠰᠠᠭᠤᠳᠠᠯ ᠣᠷᠣᠰᠢᠵᠦ ᠪᠠᠶᠢᠬᠤ ᠶᠢ ᠰᠡᠷᠭᠡᠭ ᠢᠶᠠᠷ ᠣᠯᠵᠦ ᠲᠠᠨᠢᠬᠤ ᠭᠡᠷᠡᠭᠲᠡᠢ᠃ ᠨᠢᠭᠡ ᠳᠤ᠂ ᠠᠵᠤ ᠠᠬᠤᠢ ᠶᠢᠨ ᠶᠡᠷᠦᠩᠬᠡᠢ ᠬᠡᠮᠵᠢᠶ᠎ᠡ ᠲᠤᠤᠷ᠎ᠠ᠂ ᠠᠵᠤ ᠦᠢᠯᠡᠰ ᠤᠨ ᠪᠦᠲᠦᠴᠨ ᠰᠢᠯᠢᠳᠡᠭᠵᠢᠭᠡᠳᠦᠢ᠂ ᠳᠡᠰ ᠳᠠᠪᠬᠤᠷᠭ᠎ᠠ ᠦᠨᠳᠤᠷ ᠪᠤᠰᠤ ᠪᠠᠶᠢᠬᠤ ᠨᠢ ᠮᠠᠨ ᠤ ᠬᠤᠰᠢᠭᠤᠨ ᠎ ᠤ ᠠᠵᠤ ᠠᠬᠤᠢ ᠶᠢᠨ ᠬᠦᠭᠵᠢᠯᠲᠠ ᠳᠠᠬᠢ ᠭᠤᠤᠯ ᠳᠣᠳᠠᠭᠳᠠᠯ ᠪᠠᠶᠢᠵᠤ᠂ ᠡᠬᠢ ᠪᠠᠶᠠᠯᠢᠭ ᠤᠨ ᠪᠤᠰᠤ ᠬᠡᠯᠪᠡᠷᠢ ᠶᠢᠨ ᠠᠵᠤ ᠦᠢᠯᠡᠰ ᠪᠤᠯᠤᠨ ᠤᠳᠤᠬᠢᠴᠢᠯᠠᠭᠰᠠᠨ ᠦᠢᠯᠡᠴᠢᠯᠡᠭᠡᠨ ᠤ ᠬᠦᠭᠵᠢᠯᠲᠠ ᠪᠦᠷᠢᠨ ᠪᠣᠰᠣ ᠪᠠᠶᠢᠨ᠎ᠠ᠃ ᠬᠤᠶᠠᠷ ᠲᠤ᠂ ᠠᠵᠤ ᠠᠬᠤᠢ ᠶᠢᠨ ᠪᠠᠭᠤᠷᠠᠯᠲᠠ ᠶᠢᠨ ᠳᠠᠷᠤᠭᠠᠰᠤ ᠨᠡᠯᠢᠶᠡᠳ ᠶᠡᠭᠡ᠂ ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ ᠎ ᠶᠢᠨ ᠵᠦᠷᠢᠴᠡᠯ ᠲᠦᠢᠯ ᠤᠨ ᠲᠤᠪᠤᠶᠢᠮ᠎ᠠ ᠪᠠᠶᠢᠨ᠎ᠠ᠃ ᠭᠤᠷᠪᠠ ᠳᠤ᠂ ᠰᠠᠭᠤᠷᠢ ᠲᠦᠬᠦᠭᠡᠷᠦᠮᠵᠢ ᠶᠢᠨ ᠨᠦᠬᠦᠴᠡᠯ ᠨᠡᠯᠢᠶᠡᠳ ᠬᠤᠴᠤᠷᠤᠩᠭᠤᠢ ᠪᠠᠶᠢᠵᠤ᠂ ᠵᠠᠰᠠᠮᠠᠯ ᠵᠠᠮ ᠤᠨ ᠳᠡᠰ ᠤᠨ ᠬᠡᠮᠵᠢᠶ᠎ᠠ ᠦᠨᠳᠤᠷ ᠪᠢᠰᠢ᠂ ᠨᠢᠰᠬᠡᠯ ᠤᠨ ᠪᠠᠭᠤᠳᠠᠯ᠂ ᠲᠠᠮᠤᠷ ᠵᠠᠮ ᠤᠨ ᠪᠠᠷᠢᠯᠭ᠎ᠠ ᠶᠢᠨ ᠠᠵᠢᠯ ᠪᠠᠰᠨ ᠡᠭᠢᠯᠡᠭᠡᠳᠦᠢ ᠪᠠᠶᠢᠨ᠎ᠠ᠃ ᠳᠦᠷᠪᠠ ᠳᠤ᠂ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠦᠪᠡᠷ ᠤᠨ ᠦᠷᠳᠡᠭ ᠦᠨᠳᠤᠷ ᠪᠠᠶᠢᠬᠤ ᠪᠠ ᠠᠷᠠᠴᠢᠯᠠᠨ ᠮᠠᠯᠵᠢᠬᠤ ᠦᠷ᠎ᠡ ᠠᠰᠢᠭ ᠲᠤᠤᠷ᠎ᠠ ᠪᠠᠶᠢᠬᠤ ᠵᠦᠷᠢᠴᠡᠯ ᠲᠤᠪᠤᠶᠢᠮ᠎ᠠ ᠪᠠᠶᠢᠵᠤ᠂ ᠠᠮᠢ ᠠᠬᠤᠢ ᠤᠷᠴᠢᠨ ᠲᠤᠭᠤᠷᠢᠨ ᠮᠦᠨᠬᠦ ᠬᠡᠪᠡᠷᠡᠭ ᠪᠠᠶᠢᠨ᠎ᠠ᠃ ᠡᠶᠢᠮᠣ ᠠᠴᠠ᠂ ᠪᠢᠳᠠ ᠡᠷᠭᠡᠪᠡᠰᠢ ᠬᠠᠷᠢᠭᠤᠴᠠᠯᠭᠠᠲᠤ ᠤᠬᠠᠮᠰᠠᠷ ᠪᠠ ᠬᠠᠷᠢᠭᠤᠴᠠᠯᠭ᠎ᠠ ᠶᠢ ᠳᠠᠭᠠᠭᠠᠨ ᠡᠭᠦᠷᠭᠡᠯᠡᠬᠦ ᠤᠬᠠᠮᠰᠠᠷ ᠢᠶᠠᠨ ᠤᠯᠠᠮ ᠳᠡᠭᠡᠭᠰᠢᠯᠡᠭᠦᠯᠵᠤ᠂ ᠭᠦᠴᠦᠨ ᠪᠦᠭᠦᠢ ᠠᠷᠭ᠎ᠠ ᠭᠡᠮᠵᠢᠶ᠎ᠡ ᠶᠢ ᠠᠪᠴᠦ ᠪᠠᠶᠢᠭᠠᠳ ᠡᠳᠡᠭᠡᠷ ᠠᠰᠠᠭᠤᠳᠠᠯ ᠢ ᠰᠢᠢᠳᠪᠦᠷᠢᠯᠡᠨ᠂ ᠵᠠᠰᠠᠭ ᠤᠨ ᠤᠷᠳᠤᠨ ᠤ ᠠᠵᠢᠯ ᠢᠶᠠᠨ ᠰᠠᠶᠢᠳᠤᠷ ᠬᠢᠵᠤ᠂ ᠠᠷᠠᠳ ᠲᠦᠮᠡᠨ ᠤ ᠬᠦᠰᠡᠯ ᠨᠠᠶᠢᠳᠠᠯᠭ᠎ᠠ ᠶᠢ ᠬᠦᠰᠡᠷᠳᠡᠭᠦᠯᠬᠦ ᠦᠭᠡᠢ ᠪᠠᠷ ᠴᠢᠷᠮᠠᠶᠢᠬᠤ ᠬᠡᠷᠡᠭᠲᠠᠢ᠃              ᠬᠤᠶᠠᠷ᠂ 2017 ᠤᠨ ᠤ ᠠᠵᠢᠯ ᠤᠨ ᠡᠭᠦᠷᠭᠡ              2017 ᠤᠨ ᠪᠤᠯ ︽ᠠᠷᠪᠠᠨ ᠭᠤᠷᠪᠠᠳᠤᠭᠠᠷ ᠲᠠᠪᠤᠨ ᠵᠢᠯ ᠤᠨ ᠲᠦᠯᠦᠪᠵᠢᠭᠦᠯᠭᠡ︾  ᠎ ᠶᠢ ᠭᠡᠷᠡᠭᠵᠢᠭᠦᠯᠬᠦ ᠴᠢᠬᠤᠯᠨ ᠵᠢᠯ᠂ ᠬᠠᠩᠭᠠᠯᠭ᠎ᠠ ᠶᠢᠨ ᠲᠠᠯ᠎ᠠ ᠶᠢᠨ ᠪᠦᠲᠦᠴᠨ ᠶᠢᠨ ᠴᠢᠨᠠᠷᠲᠠᠢ ᠦᠭᠡᠷᠡᠴᠢᠯᠡᠯᠲᠠ ᠶᠢ ᠬᠦᠨᠵᠡᠭᠡᠶᠢᠷᠡᠭᠦᠯᠬᠦ ᠵᠢᠯ᠂ ᠮᠦᠨᠴᠤ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠵᠠᠩᠬᠢᠯᠠᠭ᠎ᠠ ᠶᠢᠨ ᠨᠢᠭᠡ ᠵᠢᠯ ᠪᠠᠶᠢᠵᠤ᠂ ᠡᠨᠡ ᠵᠢᠯ ᠤᠨ ᠡᠯ᠎ᠡ ᠲᠠᠯ᠎ᠠ ᠶᠢᠨ ᠠᠵᠢᠯ ᠢᠶᠠᠨ ᠰᠠᠶᠢᠳᠤᠷ ᠬᠢᠬᠦ ᠳᠤ ᠲᠦᠢᠯ ᠤᠨ ᠶᠡᠭᠡ ᠠᠴᠢ ᠬᠤᠯᠪᠤᠭᠳᠠᠯ ᠎ ᠲᠠᠢ ᠶᠤᠮ᠃ ᠨᠠᠷᠢᠨ ᠬᠢᠨᠠᠮᠠᠭᠠᠢ ᠰᠤᠳᠤᠯᠤᠨ ᠶᠠᠷᠢᠯᠴᠠᠬᠤ ᠪᠠᠷ ᠲᠠᠮᠵᠢᠵᠦ ᠭᠠᠷᠭᠠᠭᠰᠠᠨ ᠡᠨᠡ ᠵᠢᠯ ᠤᠨ ᠪᠦᠬᠦ ᠬᠤᠰᠢᠭᠤᠨ ᠤ ᠠᠵᠢᠯ ᠤᠨ ᠶᠡᠷᠦᠩᠬᠡᠢ ᠰᠡᠳᠬᠢᠴᠨ ᠪᠤᠯ᠄ ᠲᠦᠪ᠂ ᠦᠪᠡᠷᠲᠡᠬᠡᠨ ᠵᠠᠰᠠᠬᠤ ᠤᠷᠤᠨ ᠤ ᠴᠢᠭᠯᠡᠯᠲᠠ ᠲᠦᠷᠤ ᠶᠢᠨ ᠪᠤᠲᠤᠯᠭ᠎ᠠ ᠪᠤᠯᠤᠨ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠶᠢᠨ ᠰᠢᠢᠳᠪᠦᠷᠢᠲᠤ ᠪᠤᠲᠤᠯᠭ᠎ᠠ ᠪᠠᠶᠢᠷᠢᠯᠠᠭᠤᠯᠤᠯᠲᠠ ᠶᠢ ᠬᠦᠨᠵᠡᠬᠡᠢ ᠲᠤᠤᠱᠯᠠᠭᠤᠯᠵᠤ᠂ ︽ᠲᠠᠪᠤ ᠶᠢ ᠨᠢᠭᠡ ᠴᠤᠭᠴᠠᠵᠢᠭᠤᠯᠬᠤ︾ ᠶᠡᠷᠦᠩᠬᠡᠢ ᠪᠠᠶᠢᠷᠢᠰᠢᠭᠤᠯᠤᠯᠲᠠ ᠶᠢ ᠨᠢᠭᠡᠳᠤᠯᠲᠠᠢ ᠲᠦᠯᠦᠪᠵᠢᠭᠦᠯᠦᠨ ᠠᠬᠢᠭᠤᠯᠬᠤ ᠪᠠ ︽ᠲᠦᠷᠪᠡᠨ ᠪᠦᠬᠦ ᠲᠠᠯ᠎ᠠ︾᠎ ᠶᠢᠨ ᠪᠠᠶᠢᠯᠲᠤᠬᠤ ᠪᠤᠲᠤᠯᠭ᠎ᠠ ᠶᠢᠨ ᠪᠠᠶᠢᠷᠢᠯᠠᠭᠤᠯᠤᠯᠲᠠ ᠶᠢ ᠵᠤᠬᠢᠴᠡᠭᠤᠯᠤᠨ ᠠᠬᠢᠭᠤᠯᠵᠤ᠂ ᠲᠤᠭᠳᠠᠭᠤᠨ ᠢᠶᠠᠷ ᠤᠷᠤᠭᠰᠢᠯᠠᠬᠤ ᠠᠵᠢᠯ ᠤᠨ ᠶᠡᠷᠦᠩᠬᠡᠢ ᠬᠦᠭ ᠠᠶᠠᠰ ᠢ ᠪᠠᠷᠢᠮᠳᠠᠯᠠᠨ᠂ ᠰᠢᠨ᠎ᠡ ᠬᠦᠭᠵᠢᠯᠲᠠ ᠶᠢᠨ ᠤᠶᠢᠯᠠᠭᠠᠭᠳᠠᠬᠤᠨ ᠢ ᠪᠠᠳᠤ ᠪᠤᠢ ᠪᠤᠯᠭᠠᠬᠤ ᠪᠠ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠠᠵᠤ ᠠᠬᠤᠢ ᠶᠢᠨ ᠬᠦᠭᠵᠢᠯᠲᠡ ᠶᠢ ᠡᠵᠡᠮᠳᠠᠨ ᠳᠠᠭᠠᠭᠤᠯᠬᠤ ᠰᠢᠨ᠎ᠡ ᠬᠡᠪ ᠪᠠᠶᠢᠳᠠᠯ ᠳᠤ ᠵᠤᠬᠢᠴᠠᠵᠤ᠂ ᠬᠦᠭᠵᠢᠯᠲᠠ ᠶᠢᠨ ᠶᠠᠰᠤ ᠴᠢᠨᠠᠷ ᠪᠠ ᠦᠷ᠎ᠡ ᠠᠰᠢᠭ ᠢ ᠲᠡᠬᠡᠭᠰᠢᠯᠡᠬᠦᠯᠬᠦ ᠪᠠᠷ ᠭᠤᠤᠯ ᠪᠣᠯᠭᠠᠨ᠂ ᠬᠠᠩᠭᠠᠯᠭ᠎ᠠ ᠶᠢᠨ ᠲᠠᠯ᠎ᠠ ᠶᠢᠨ ᠪᠦᠲᠦᠴᠨ ᠶᠢᠨ ᠴᠢᠨᠠᠷᠲᠠᠢ ᠦᠭᠡᠷᠡᠴᠢᠯᠡᠯᠲᠠ ᠎ ᠶᠢ ᠠᠬᠢᠭᠤᠯᠬᠤ ᠪᠠᠷ ᠭᠤᠤᠯ ᠱᠤᠭᠤᠮ ᠪᠤᠯᠭᠠᠵᠤ᠂ ᠬᠦᠭᠵᠢᠯᠲᠠ᠂ ᠠᠮᠢ ᠠᠬᠤᠢ᠂ ᠠᠷᠠᠳ ᠤᠨ ᠠᠮᠢᠳᠤᠷᠠᠯ ᠤᠨ ᠬᠤᠷᠢᠭ᠎ᠠ ᠱᠤᠭᠤᠮ ᠢ ᠡᠷᠡᠰ ᠰᠠᠬᠢᠨ᠂ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠭᠦᠯᠬᠦ ᠶᠢ ᠲᠦᠷᠭᠡᠳᠬᠡᠨ ᠠᠬᠢᠭᠤᠯᠵᠤ᠂ ︽ᠲᠠᠪᠣᠨ ᠲᠠᠯ᠎ᠠ︾᠎ ᠶᠢ ᠵᠣᠭᠢᠴᠠᠭᠤᠯᠬᠤ ᠶᠢ ᠭᠦᠴᠦᠳᠠᠢ ᠠᠬᠢᠭᠤᠯᠤᠨ᠂ ᠦᠭᠡᠷᠡᠴᠢᠯᠠᠯᠲᠡ ᠬᠦᠭᠵᠢᠯᠲᠠ ᠲᠤᠭᠳᠠᠭᠤᠨ ᠤ ᠡᠯ᠎ᠡ ᠲᠦᠷᠦᠯ ᠤᠨ ᠠᠵᠢᠯ ᠢ ᠪᠦᠬᠦ ᠲᠠᠯ᠎ᠠ ᠪᠠᠷ ᠰᠠᠶᠢᠳᠤᠷ ᠠᠳᠬᠤᠨ᠂ ᠰᠠᠭᠤᠷᠢ ᠲᠦᠭᠦᠭᠡᠷᠦᠮᠵᠢ᠂ ᠰᠠᠭᠤᠷᠢ ᠠᠵᠤ ᠦᠶᠢᠯᠡᠰ᠂ ᠦᠨᠳᠤᠰᠤᠨ ᠱᠠᠲᠤᠨ ᠤ ᠠᠵᠢᠯ᠂ ᠦᠨᠳᠤᠰᠤᠨ ᠨᠡᠶᠢᠲᠡ ᠶᠢᠨ ᠦᠢᠯᠡᠴᠢᠯᠡᠭᠡᠨ ᠤ ᠳᠤᠳᠠᠭᠳᠠᠯ ᠢ ᠨᠦᠬᠦᠪᠦᠷᠢᠯᠡᠵᠤ᠂ ᠨᠠᠮ ᠤᠨ ᠤᠳᠤᠷᠢᠳᠤᠯᠭ᠎ᠠ ᠶᠢ ᠤᠯᠠᠮ ᠴᠢᠩᠭᠠᠳᠬᠠᠨ᠂ ᠠᠵᠤ ᠠᠬᠤᠢ ᠶᠢᠨ ᠡᠷᠡᠬᠦᠯ ᠎ ᠢᠶᠠᠷ ᠬᠦᠭᠵᠢᠬᠦ᠂ ᠨᠡᠶᠢᠬᠡᠮ ᠤᠨ ᠡᠶ᠎ᠡ ᠵᠤᠬᠢᠴᠠᠩᠭᠤᠢ ᠲᠤᠭᠲᠠᠭᠤᠨ ᠢ ᠬᠠᠮᠠᠭᠠᠯᠠᠬᠤ᠂ ᠠᠷᠠᠳ ᠤᠨ ᠠᠮᠢᠲᠤᠷᠠᠯ ᠢ ᠦᠷᠬᠦᠯᠵᠢᠯᠠᠨ ᠰᠠᠶᠢᠵᠢᠷᠠᠭᠤᠯᠬᠤ ᠶᠢ ᠲᠦᠯᠬᠢᠨ ᠠᠬᠢᠭᠤᠯᠵᠤ᠂ ᠴᠢᠨᠡᠬᠡᠯᠢᠭ ᠨᠡᠶᠢᠬᠡᠮ ᠢ ᠪᠦᠬᠦ ᠲᠠᠯ᠎ᠠ ᠪᠠᠷ ᠪᠡᠶᠡᠯᠡᠬᠦᠯᠬᠦ ᠎ ᠳᠤ ᠪᠠᠳᠤ ᠰᠠᠭᠤᠷᠢ ᠶᠢ ᠳᠠᠯᠪᠢᠨ᠎ᠠ᠃ ᠵᠢᠱᠢᠭᠰᠡᠨ ᠬᠠᠷᠠᠯᠲᠠ ᠪᠤᠯ᠄ ᠣᠷᠣᠨ ᠨᠣᠳᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ ᠢ 58.9 ᠳ᠋ᠦᠩᠰᠢᠭᠤᠷ ᠲᠦᠭᠦᠷᠢᠭ ᠲᠤ ᠬᠦᠷᠭᠡᠵᠤ᠂ 8.0%᠎ ᠪᠠᠷ ᠨᠡᠮᠡᠭᠳᠡᠭᠦᠯᠦᠨ᠎ᠡ᠃ ᠡᠭᠦᠨ ᠎ ᠳᠤ᠂ ᠨᠢᠭᠡᠳᠤᠭᠡᠷ ᠠᠵᠤ ᠦᠢᠯᠡᠰ ᠤᠨ ᠨᠡᠮᠡᠭᠳᠡᠯ ᠦᠷᠳᠡᠭ ᠢ 3.8 ᠳ᠋ᠦᠩᠰᠢᠭᠤᠷ ᠲᠦᠭᠦᠷᠢᠭ ᠲᠤ ᠬᠦᠷᠭᠡᠵᠤ᠂ 5.2%᠎ ᠪᠠᠷ ᠨᠡᠮᠡᠭᠳᠡᠭᠦᠯᠦᠨ᠎ᠡ︔ ᠬᠤᠶᠠᠳᠤᠭᠠᠷ ᠠᠵᠤ ᠦᠢᠯᠡᠰ ᠤᠨ ᠨᠡᠮᠡᠭᠳᠡᠯ ᠦᠷᠳᠡᠭ ᠢ 42.8 ᠳ᠋ᠦᠩᠰᠢᠭᠤᠷ ᠲᠦᠭᠦᠷᠢᠭ ᠲᠤ ᠬᠦᠷᠭᠡᠵᠤ᠂ 8.5%᠎ ᠪᠠᠷ ᠨᠡᠮᠡᠭᠳᠡᠭᠦᠯᠦᠨ᠎ᠡ ︵ᠡᠭᠦᠨ ᠳᠤ ᠠᠵᠤ ᠦᠢᠯᠡᠳᠪᠦᠷᠢ ᠶᠢᠨ ᠨᠡᠮᠡᠭᠳᠡᠯ ᠦᠷᠳᠡᠭ ᠢ 40.7 ᠳ᠋ᠦᠩᠰᠢᠭᠤᠷ ᠲᠦᠭᠦᠷᠢᠭ ᠲᠤ ᠬᠦᠷᠭᠡᠵᠤ᠂ 8.2%᠎ ᠪᠠᠷ ᠨᠡᠮᠡᠭᠳᠡᠭᠦᠯᠦᠨ᠎ᠡ︶︔ ᠭᠤᠷᠪᠠᠳᠤᠭᠠᠷ ᠠᠵᠤ ᠦᠢᠯᠡᠰ ᠤᠨ ᠨᠡᠮᠡᠭᠳᠡᠯ ᠦᠷᠳᠡᠭ ᠢ 12.3 ᠳ᠋ᠦᠩᠰᠢᠭᠤᠷ ᠲᠦᠭᠦᠷᠢᠭ ᠲᠤ ᠬᠦᠷᠭᠡᠵᠤ᠂ 10.0%᠎ ᠪᠠᠷ ᠨᠡᠮᠡᠭᠳᠡᠭᠦᠯᠦᠨ᠎ᠡ᠃ ᠣᠯᠠᠨ ᠨᠡᠶᠢᠳᠡ ᠶᠢᠨ ᠡᠳ᠋ ᠤᠨ ᠵᠠᠰᠠᠭ ᠤᠨ ᠲᠦᠰᠦᠪ ᠤᠨ ᠣᠷᠣᠯᠭ᠎ᠠ ᠶᠢ 2.7 ᠳ᠋ᠦᠩᠰᠢᠭᠤᠷ ᠲᠦᠭᠦᠷᠢᠭ ᠲᠤ ᠬᠦᠷᠭᠡᠵᠤ᠂ 5.2%᠎ ᠪᠠᠷ ᠨᠡᠮᠡᠭᠳᠡᠭᠦᠯᠦᠨ᠎ᠡ︔ ᠲᠤᠭᠳᠠᠮᠠᠯ ᠬᠦᠷᠦᠩᠭᠡ ᠶᠢᠨ ᠪᠡᠯᠡ ᠤᠷᠤᠭᠤᠯᠤᠯᠲᠠ ᠶᠢ 19.1 ᠳ᠋ᠦᠩᠰᠢᠭᠤᠷ ᠲᠦᠭᠦᠷᠢᠭ ᠲᠤ ᠬᠦᠷᠭᠡᠵᠤ᠂ 19%᠎ ᠪᠠᠷ ᠨᠡᠮᠡᠭᠳᠡᠭᠦᠯᠦᠨ᠎ᠡ᠃ ᠪᠦᠬᠦ ᠨᠡᠶᠢᠭᠡᠮ ᠤᠨ ᠬᠡᠷᠡᠭᠯᠡᠭᠡᠨ ᠤ ᠪᠤᠳᠠᠰ ᠢ ᠵᠢᠵᠢᠭᠯᠡᠨ ᠬᠤᠳᠠᠯᠳᠣᠬᠤ ᠶᠡᠷᠦᠩᠬᠡᠢ ᠬᠡᠮᠵᠢᠶ᠎ᠡ ᠶᠢ 6.82 ᠳ᠋ᠦᠩᠰᠢᠭᠤᠷ ᠲᠦᠭᠦᠷᠢᠭ ᠲᠤ ᠬᠦᠷᠭᠡᠵᠤ᠂ 10%᠎ ᠪᠠᠷ ᠨᠡᠮᠡᠭᠳᠡᠭᠦᠯᠦᠨ᠎ᠡ᠃ ᠬᠤᠲᠠ ᠪᠠᠯᠭᠠᠰᠤᠨ ᠤ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠦᠮᠦᠨ ᠳᠤᠮᠳᠠᠴᠢ ᠶᠢᠨ ᠲᠤᠬᠢᠷᠠᠭᠤᠯᠵᠤ ᠪᠤᠯᠬᠤᠶᠢᠴᠨ ᠤᠷᠤᠯᠭ᠎ᠠ ᠶᠢ 35840 ᠲᠦᠭᠦᠷᠢᠭ ᠲᠤ ᠬᠦᠷᠭᠡᠵᠤ᠂ 8.2%᠎ ᠪᠠᠷ ᠨᠡᠮᠡᠭᠳᠡᠭᠦᠯᠦᠨ᠎ᠡ︔ ᠮᠠᠯᠵᠢᠬᠤ ᠤᠷᠤᠨ ᠤ ᠪᠠᠶᠢᠩᠭᠤ ᠰᠠᠭᠤᠭ᠎ᠠ ᠬᠦᠮᠦᠨ ᠠᠮᠨ ᠶᠢᠨ ᠬᠦᠮᠦᠨ ᠳᠤᠮᠳᠠᠴᠢ ᠶᠢᠨ ᠲᠤᠬᠢᠷᠠᠭᠤᠯᠵᠤ ᠪᠤᠯᠬᠤᠶᠢᠴᠠ ᠤᠷᠤᠯᠭ᠎ᠠ ᠶᠢ 13200 ᠲᠦᠭᠦᠷᠢᠭ ᠲᠤ ᠬᠦᠷᠭᠡᠵᠤ᠂ 8.5%᠎ ᠪᠠᠷ ᠨᠡᠮᠡᠭᠳᠡᠭᠦᠯᠦᠨ᠎ᠡ᠃              ᠵᠢᠱᠢᠭᠰᠡᠨ ᠬᠠᠷᠠᠯᠲᠠ ᠶᠢ ᠳᠤᠭᠳᠠᠭᠠᠬᠤ ᠳᠠᠭᠠᠨ᠂ ᠠᠵᠤ ᠠᠬᠤᠢ ᠶᠢᠨ ᠬᠦᠭᠵᠢᠯᠲᠡ ᠶᠢᠨ ᠰᠢᠨ᠎ᠡ ᠬᠡᠪ ᠪᠠᠶᠢᠳᠠᠯ ᠲᠤᠤᠷᠠᠬᠢ ᠰᠢᠨ᠎ᠡ ᠰᠢᠨᠵᠢ ᠳᠡᠮᠳᠡᠭ᠂ ᠰᠢᠨ᠎ᠡ ᠱᠠᠭᠠᠷᠳᠠᠯᠭ᠎ᠠ ᠵᠢᠴᠢ ᠡᠯ᠎ᠡ ᠬᠦᠴᠦᠨ ᠵᠦᠢᠯ ᠢ ᠬᠦᠢᠴᠡᠳ ᠪᠤᠳᠤᠯᠬᠢᠯᠠᠵᠤ᠂ ᠳᠤᠭᠳᠠᠭᠤᠨ ᠢ ᠪᠠᠳᠤᠯᠠᠬᠤ ᠪᠠ ᠡᠷᠴᠢᠮᠲᠠᠢ ᠤᠷᠤᠭᠰᠢᠯᠠᠬᠤ᠂ ᠶᠡᠷᠦᠩᠬᠡᠢ ᠬᠡᠮᠵᠢᠶ᠎ᠠ ᠶᠢ ᠨᠡᠮᠡᠭᠳᠡᠭᠦᠯᠬᠦ ᠪᠠ ᠶᠠᠰᠤ ᠴᠢᠨᠠᠷ ᠢ ᠳᠡᠭᠡᠭᠰᠢᠯᠡᠭᠦᠯᠬᠦ᠂ ᠦᠭᠡᠷᠡᠴᠢᠯᠠᠯᠲᠠ ᠶᠢ ᠬᠦᠨᠵᠡᠭᠡᠶᠢᠷᠡᠬᠦᠯᠬᠦ ᠪᠠ ᠳᠤᠭᠳᠠᠭᠤᠨ ᠢᠶᠠᠷ ᠨᠡᠮᠡᠭᠳᠡᠭᠦᠯᠬᠦ᠂ ᠠᠵᠤ ᠠᠬᠤᠢ ᠶᠢᠨ ᠬᠦᠭᠵᠢᠯᠲᠠ ᠪᠠ ᠨᠡᠶᠢᠭᠡᠮ ᠤᠨ ᠡᠶ᠎ᠡ ᠵᠤᠬᠢᠴᠠᠯ ᠵᠡᠷᠭᠡ ᠡᠯ᠎ᠡ ᠲᠠᠯ᠎ᠠ ᠶᠢᠨ ᠡᠯᠧᠮᠧᠨ᠋ᠲ ᠶᠢ ᠶᠡᠷᠦᠩᠭᠡᠶᠢᠯᠡᠨ ᠪᠣᠳᠣᠯᠭᠢᠯᠠᠭᠰᠠᠨ ᠶᠣᠮ᠃ ᠪᠢᠳᠡ ᠵᠠᠪᠠᠯ ᠦᠵᠡᠯ ᠰᠠᠨᠠᠭ᠎ᠠ ᠦᠢᠯᠨ ᠠᠵᠢᠯᠯᠠᠭ᠎ᠠ ᠪᠠᠨ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠵᠢᠴᠢ ᠬᠤᠰᠢᠭᠤ ᠨᠠᠮ ᠤᠨ ᠬᠤᠷᠢᠶ᠎ᠠ ᠶᠢᠨ ᠦᠭᠡᠷᠡᠴᠢᠯᠠᠯᠲᠠ ᠬᠦᠭᠵᠢᠯᠲᠡ ᠶᠢᠨ ᠲᠤᠭᠳᠠᠭᠤᠨ ᠤ ᠲᠤᠬᠠᠢ ᠵᠠᠳᠠᠯᠤᠨ ᠮᠠᠭᠠᠳᠯᠠᠯᠳᠠ ᠪᠠ ᠪᠠᠶᠢᠷᠢᠯᠠᠭᠤᠯᠣᠯᠳᠠ ᠱᠠᠭᠠᠷᠳᠠᠯᠭ᠎ᠠ ᠳᠡᠭᠡᠷ᠎ᠡ ᠨᠢᠭᠡᠳᠬᠡᠨ᠂ ᠨᠡᠶᠢᠭᠡᠮ ᠠᠵᠤ ᠠᠬᠤᠢ ᠶᠢᠨ ᠬᠦᠭᠵᠢᠯᠲᠠ ᠶᠢ ᠵᠢᠯᠤᠭᠤᠳᠤᠨ ᠳᠠᠭᠠᠭᠤᠯᠬᠤ ᠪᠠ ᠲᠦᠯᠬᠢᠨ ᠠᠬᠢᠭᠤᠯᠬᠤ ᠰᠠᠨᠠᠭᠠᠴᠢᠯᠭᠠᠲᠤ ᠡᠷᠬᠡ ᠶᠢ ᠪᠠᠳᠤ ᠡᠵᠡᠮᠰᠢᠵᠤ᠂ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠪᠦᠬᠦ ᠬᠦᠴᠦᠨ ᠎ ᠢᠶᠠᠷ ᠲᠦᠯᠬᠢᠨ ᠠᠬᠢᠭᠤᠯᠵᠤ᠂ ᠬᠦᠭᠵᠢᠯᠲᠠ ᠶᠢᠨ ᠠᠷᠭ᠎ᠠ ᠮᠠᠶ᠋ᠢᠭ ᠢᠶᠠᠨ ᠬᠤᠪᠢᠷᠠᠭᠤᠯᠬᠤ ᠶᠢ ᠲᠦᠷᠭᠡᠳᠬᠡᠨ᠂ ᠠᠵᠤ ᠦᠢᠯᠠᠰ ᠤᠨ ᠪᠦᠲᠦᠴᠨ ᠶᠢ ᠳᠣᠭᠢᠷᠠᠭᠤᠯᠣᠨ ᠰᠢᠯᠢᠳᠡᠭᠵᠢᠭᠦᠯᠵᠤ᠂ ᠠᠵᠤ ᠠᠬᠤᠢ ᠶᠢᠨ ᠰᠢᠨ᠎ᠡ ᠨᠡᠮᠡᠭᠳᠡᠯ ᠤᠨ ᠴᠢᠭ ᠢ ᠢᠳᠡᠪᠬᠢᠲᠠᠢ ᠪᠤᠶᠢᠵᠢᠭᠤᠯᠤᠨ᠂ ᠠᠵᠤ ᠠᠬᠤᠢ ᠶᠢᠨ ᠦᠷᠭᠦᠯᠵᠢᠯᠡᠨ ᠡᠷᠡᠭᠦᠯ ᠢᠶᠠᠷ ᠬᠦᠭᠵᠢᠬᠦ᠂ ᠨᠡᠶᠢᠭᠡᠮ ᠤᠨ ᠡᠶ᠎ᠡ ᠵᠣᠭᠢᠴᠠᠯ ᠲᠤᠭᠳᠠᠭᠤᠨ ᠢ ᠲᠦᠯᠬᠢᠨ ᠠᠬᠢᠭᠤᠯᠤᠨ᠎ᠠ᠃              ᠲᠤᠭᠳᠠᠭᠠᠭᠰᠠᠨ ᠬᠠᠷᠠᠯᠲᠠ ᠡᠭᠦᠷᠭᠡ ᠶᠢᠨ ᠲᠤᠭᠤᠷᠢᠨ ᠳᠤ᠂ ᠲᠤᠤᠷᠠᠬᠢ ᠠᠷᠪᠠᠨ ᠲᠠᠯ᠎ᠠ ᠶᠢᠨ ᠠᠵᠢᠯ ᠎ ᠢ ᠭᠤᠤᠯᠳᠠᠯᠭ᠎ᠠ ᠲᠠᠢ ᠠᠳᠬᠤᠨ᠎ᠠ᠃              ︵ᠨᠢᠭᠡ︶ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠲᠦᠯᠬᠢᠨ ᠠᠬᠢᠭᠤᠯᠬᠤ ᠪᠠᠷ ᠭᠠᠷᠳᠠᠴᠨ ᠪᠤᠯᠭᠠᠨ᠂ ᠬᠦᠭᠵᠢᠯᠲᠠ ᠶᠢᠨ ᠰᠠᠭᠤᠷᠢ ᠶᠢ ᠤᠯᠠᠮ ᠪᠠᠳᠤᠳᠬᠠᠨ᠎ᠠ᠃              ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠪᠦᠬᠦ ᠬᠦᠴᠦᠨ ᠢᠶᠠᠷ ᠰᠠᠶᠢᠳᠤᠷ ᠠᠳᠬᠤᠨ᠎ᠠ᠃ ︽ᠲᠦᠷᠦᠯ ᠵᠦᠢᠯ ᠢ ᠠᠳᠬᠤᠬᠤ ᠶᠠᠪᠤᠳᠠᠯ ᠪᠤᠯ ᠬᠦᠭᠵᠢᠯᠲᠠ ᠶᠢ ᠠᠳᠬᠤᠬᠤ ᠶᠠᠪᠤᠳᠠᠯ ᠮᠦᠨ᠂ ᠬᠦᠭᠵᠢᠯᠲᠠ ᠶᠢ ᠠᠳᠬᠤᠬᠤ ᠳᠤ ᠡᠷᠬᠡᠪᠰᠢ ᠲᠦᠷᠦᠯ ᠵᠦᠢᠯ ᠢ ᠠᠳᠬᠤᠬᠤ︾ ᠤᠶᠢᠯᠠᠭᠠᠭᠳᠠᠬᠤᠨ ᠢ ᠪᠣᠢ ᠪᠣᠯᠭᠠᠨ᠂ ᠤᠯᠤᠰ᠂ ᠤᠷᠤᠨ ᠎ ᠤ ᠠᠵᠤ ᠦᠢᠯᠡᠰ ᠤᠨ ᠲᠦᠷᠦ ᠶᠢᠨ ᠪᠤᠳᠤᠯᠭ᠎ᠠ ᠪᠠ ᠪᠡᠯᠨ ᠤᠷᠤᠭᠤᠯᠬᠤ ᠭᠤᠣᠯᠳᠠᠯᠭ᠎ᠠ ᠶᠢ ᠬᠦᠨᠵᠡᠭᠡᠢ ᠰᠤᠳᠤᠯᠵᠤ᠂ ᠳᠡᠭᠡᠲᠤ ᠱᠠᠲᠤᠨ ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠲᠠᠢ ᠢᠳᠡᠪᠬᠢᠲᠠᠢ ᠬᠠᠷᠢᠯᠴᠠᠨ᠂ ᠲᠦᠷᠦᠯ ᠵᠦᠢᠯ ᠤᠨ ᠡᠮᠤᠨᠡᠬᠢ ᠬᠤᠭᠤᠴᠠᠭᠠᠨ ᠤ ᠭᠠᠷ ᠭᠦᠢᠴᠡᠳᠭᠡᠯ ᠪᠠ ᠪᠦᠲᠦᠭᠡᠨ ᠪᠠᠶᠢᠭᠤᠯᠤᠯᠲᠠ ᠪᠠᠨ ᠡᠬᠢᠯᠡᠭᠦᠯᠬᠦ ᠳᠤ ᠬᠡᠷᠡᠭᠰᠡᠬᠦ ᠭᠠᠵᠠᠷ ᠰᠢᠷᠤᠢ᠂ ᠤᠰᠤ᠂ ᠴᠠᠬᠢᠯᠭᠠᠨ᠂ ᠵᠠᠮ ᠵᠡᠷᠭᠡ ᠨᠦᠬᠦᠴᠡᠯ ᠢ ᠰᠠᠶᠢᠳᠤᠷ ᠰᠢᠢᠳᠪᠦᠷᠢᠯᠡᠨ᠎ᠡ᠃ ᠭᠤᠤᠯᠳᠠᠯᠭᠠᠲᠤ ᠲᠦᠷᠦᠯ ᠵᠦᠢᠯ ᠢ ᠬᠤᠰᠢᠭᠤ ᠱᠠᠲᠤᠨ ᠤ ᠤᠳᠤᠷᠢᠳᠤᠯᠭ᠎ᠠ ᠠᠵᠢᠯ ᠬᠤᠪᠢᠶᠠᠷᠢᠯᠠᠨ ᠬᠠᠷᠢᠭᠤᠴᠠᠬᠤ ᠪᠠ ᠲᠤᠰᠬᠠᠢ ᠲᠦᠷᠦᠯ ᠢᠶᠠᠷ ᠲᠦᠯᠬᠢᠨ ᠠᠬᠢᠭᠤᠯᠬᠤ ᠳᠤᠭᠳᠠᠴᠨ ᠶᠢ ᠴᠢᠩᠭ᠎ᠠ ᠨᠠᠶᠢᠳᠠᠪᠤᠷᠢᠵᠢᠭᠤᠯᠤᠨ᠂ ᠪᠦᠬᠦ ᠵᠢᠯ ᠤᠨ ᠭᠤᠤᠯᠳᠠᠯᠭᠠᠲᠤ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠬᠠᠷᠠᠯᠲᠠ ᠡᠭᠦᠷᠭᠡ ᠶᠢ ᠨᠠᠷᠢᠨ ᠲᠤᠳᠤᠷᠬᠠᠢ ᠬᠤᠪᠢᠶᠠᠷᠢᠯᠠᠵᠦ᠂ ᠬᠠᠷᠢᠭᠤᠴᠠᠯᠭ᠎ᠠ ᠶᠢ ᠬᠦᠮᠦᠨ ᠳᠤ ᠬᠦᠷᠳᠡᠯ᠎ᠡ ᠨᠠᠶᠢᠳᠠᠪᠤᠷᠢᠵᠢᠭᠤᠯᠤᠨ᠂ ᠵᠢᠯ ᠤᠨ ᠡᠴᠤᠰ ᠤᠨ ᠬᠠᠷᠠᠯᠳᠠ ᠡᠭᠦᠷᠭᠡ ᠶᠢᠨ ᠬᠢᠨᠠᠨ ᠰᠢᠯᠭᠠᠯᠲᠠ ᠳᠤ ᠤᠷᠤᠭᠤᠯᠵᠤ᠂ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠎ ᠶᠢᠨ ᠠᠵᠢᠯ ᠤᠨ ᠠᠬᠢᠴᠨ ᠶᠢᠨ ᠪᠠᠶᠢᠷᠢᠯᠠᠭᠤᠯᠣᠯᠳᠠ ᠶᠤᠰᠤᠭᠠᠷ᠂ ᠪᠠᠷᠢᠯᠭ᠎ᠠ ᠶᠢᠨ ᠠᠵᠢᠯ ᠤᠨ ᠲᠦᠰᠦᠯ ᠢ ᠳᠣᠭᠳᠠᠭᠠᠨ ᠂ ᠪᠠᠷᠢᠯᠭ᠎ᠠ ᠶᠢᠨ ᠠᠵᠢᠯ ᠤᠨ ᠬᠦᠴᠦᠨ ᠢ ᠬᠠᠨᠳᠤᠯᠭ᠎ᠠ ᠲᠠᠢ ᠪᠠᠷ ᠵᠤᠬᠢᠶᠠᠨ ᠪᠠᠶᠢᠭᠤᠯᠤᠨ ᠠᠬᠢᠭᠤᠯᠵᠤ᠂ ᠡᠯ᠎ᠡ ᠬᠦᠷᠢᠶ᠎ᠡ ᠴᠠᠷᠠᠭᠠᠨ ᠳᠠᠬᠢ ᠲᠦᠷᠦᠯ ᠵᠦᠢᠯ ᠢ ᠪᠦᠬᠦ ᠲᠠᠯ᠎ᠠ ᠪᠠᠷ ᠠᠵᠢᠯ ᠡᠬᠢᠯᠡᠭᠦᠯᠬᠦ᠂ ᠪᠦᠲᠦᠭᠡᠨ ᠪᠠᠶᠢᠭᠤᠯᠤᠯᠲᠠ ᠪᠠᠨ ᠲᠦᠷᠭᠡᠳᠬᠡᠬᠦ᠂ ᠠᠰᠢᠭᠯᠠᠯᠲᠠ ᠳᠤ ᠤᠷᠤᠵᠤ ᠦᠷ᠎ᠡ ᠠᠰᠢᠭ ᠭᠠᠷᠭᠠᠬᠤ ᠣᠭᠢ ᠰᠠᠶᠢᠨ ᠠᠭᠤᠷ ᠠᠮᠢᠰᠬᠤᠯ ᠢ ᠪᠤᠢ ᠪᠤᠯᠭᠠᠵᠤ᠂ 41 ᠭᠤᠤᠯᠳᠠᠯᠭᠠᠲᠤ ᠲᠦᠷᠦᠯ ᠵᠦᠢᠯ ᠢ ᠳᠣᠭᠳᠠᠭᠰᠠᠨ ᠬᠤᠭᠤᠴᠠᠭᠠᠨ ᠳᠠᠭᠠᠨ ᠪᠦᠲᠦᠭᠡᠨ ᠪᠠᠶᠢᠭᠤᠯᠤᠯᠲᠠ ᠪᠠᠨ ᠡᠬᠢᠯᠡᠭᠦᠯᠬᠦ ᠶᠢ ᠪᠠᠳᠤᠯᠠᠵᠤ᠂ ᠡᠨᠡ ᠵᠢᠯ᠂ 19.1 ᠳ᠋ᠦᠩᠰᠢᠭᠤᠷ ᠲᠦᠭᠦᠷᠢᠭ ᠤᠨ ᠪᠡᠯᠨ ᠤᠷᠤᠭᠤᠯᠤᠯᠲᠠ ᠶᠢ ᠪᠡᠶᠡᠯᠡᠭᠦᠯᠬᠦ ᠪᠠᠷ ᠴᠢᠷᠮᠠᠶᠢᠨ᠎ᠠ ︵ᠡᠭᠦᠨ ᠳᠤ ᠠᠶᠢᠮᠠᠭ ᠤᠨ ᠳᠡᠰ ᠤᠨ ᠭᠤᠤᠯᠳᠠᠯᠭᠠᠲᠤ ᠲᠦᠷᠦᠯ ᠵᠦᠢᠯ 8 ᠪᠠᠶᠢᠵᠤ᠂ 8.2 ᠳ᠋ᠦᠩᠰᠢᠭᠤᠷ ᠲᠦᠭᠦᠷᠢᠭ ᠤᠨ ᠪᠡᠯᠨ ᠤᠷᠤᠭᠤᠯᠤᠯᠲᠠ ᠶᠢ ᠪᠡᠶᠡᠯᠡᠭᠦᠯᠦᠨ᠎ᠡ︶᠃              ᠮᠦᠩᠭᠦᠨ ᠬᠦᠢᠯᠭᠡᠭᠡᠨ ᠤ ᠦᠢᠯᠡᠴᠢᠯᠡᠭᠡᠨ ᠤ ᠠᠵᠢᠯ ᠢ ᠰᠠᠶᠢᠳᠤᠷ ᠠᠳᠬᠤᠨ᠎ᠠ᠃ ᠲᠦᠷᠦᠯ ᠵᠦᠢᠯ ᠎ ᠤᠨ ᠪᠦᠲᠦᠭᠡᠨ ᠪᠠᠶᠢᠭᠤᠯᠤᠯᠲᠠ ᠪᠠ ᠠᠵᠤ ᠠᠬᠤᠶᠢᠯᠠᠯ ᠤᠨ ᠬᠦᠭᠵᠢᠯᠲᠠ ᠶᠢᠨ ᠭᠡᠷᠡᠭᠴᠡᠭᠡᠨ ᠤ ᠲᠤᠭᠤᠷᠢᠨ ᠳᠤ᠂ ᠮᠦᠩᠭᠦᠨ ᠬᠦᠢᠯᠭᠡᠭᠡᠨ ᠤ ᠪᠠᠶᠢᠭᠤᠯᠤᠮᠵᠢ ᠲᠠᠢ ᠬᠠᠮᠳᠤᠷᠠᠯᠴᠠᠭ᠎ᠠ ᠪᠠᠨ ᠴᠢᠩᠭᠠᠳᠬᠠᠵᠤ᠂ ᠵᠠᠰᠠᠭ᠂ ᠪᠠᠩᠬᠢ᠂ ᠠᠵᠤ ᠠᠬᠤᠶᠢᠯᠠᠯ ᠣᠶᠠᠯᠳᠣᠬᠤ ᠶᠢ ᠲᠦᠯᠬᠢᠨ ᠠᠬᠢᠭᠤᠯᠵᠤ᠂ ᠮᠦᠩᠭᠦᠨ ᠬᠦᠢᠯᠭᠡᠭᠡ ᠪᠠᠷ ᠪᠤᠳᠠᠳᠤ ᠴᠣᠭᠴᠠ ᠶᠢᠨ ᠠᠵᠤ ᠠᠬᠤᠢ ᠶᠢ ᠳᠡᠮᠵᠢᠬᠦ ᠦᠢᠯᠡᠳᠤᠯ ᠢ ᠪᠠᠳᠠᠷᠠᠭᠤᠯᠵᠤ᠂ ᠭᠤᠤᠯᠳᠠᠯᠭᠠᠲᠤ ᠠᠵᠤ ᠠᠬᠤᠶᠢᠯᠠᠯ ᠤᠨ ᠵᠠᠬ᠎ᠠ ᠳᠤ ᠭᠠᠷᠬᠤ᠂ ᠫᠠᠶᠢᠰᠠ ᠡᠯᠭᠦᠨ ᠠᠵᠢᠯ ᠢᠶᠠᠨ ᠡᠭᠢᠯᠡᠬᠦᠯᠬᠦ ᠶᠢ ᠵᠢᠯᠤᠭᠤᠳᠤᠨ ᠳᠡᠮᠵᠢᠨ᠎ᠡ᠃ ᠡᠳ᠋ ᠤᠨ ᠵᠠᠰᠠᠭ ᠤᠨ ᠪᠡᠯᠨ ᠮᠦᠩᠭᠦ ᠶᠢᠨ ᠵᠢᠯᠣᠭᠤᠳᠬᠤ ᠦᠢᠯᠡᠳᠤᠯ ᠢ ᠬᠦᠢᠴᠡᠳ ᠪᠠᠳᠠᠷᠠᠭᠤᠯᠵᠤ᠂ ᠪᠡᠯᠨ ᠬᠤᠷᠠᠮᠳᠣᠭᠤᠯᠬᠤ ᠳᠠᠪᠴᠠᠩ ᠪᠠ ᠲᠠᠭᠠᠭᠠᠨ ᠪᠠᠳᠣᠯᠠᠬᠤ ᠪᠠᠶᠢᠭᠤᠯᠤᠮᠵᠢ ᠶᠢᠨ ᠪᠡᠯᠨ ᠮᠦᠩᠭᠦ ᠬᠤᠷᠠᠮᠳᠤᠭᠤᠯᠬᠤ ᠭᠦᠷᠢᠶ᠎ᠡ ᠬᠡᠪᠴᠢᠶ᠎ᠡ ᠶᠢ ᠦᠷᠭᠡᠳᠬᠡᠨ᠂ ︽ᠪᠠᠳᠣᠯᠠᠭᠠᠲᠦ ᠵᠢᠭᠡᠯᠡᠯᠭᠡ ᠶᠢ ᠳᠡᠮᠵᠢᠬᠦ︾ ᠦᠢᠯᠡᠳᠤᠯ ᠢ ᠨᠢ ᠪᠠᠳᠠᠷᠠᠭᠤᠯᠣᠨ᠂ ᠠᠵᠤ ᠠᠬᠤᠶᠢᠯᠠᠯ ᠤᠨ ᠪᠡᠯᠨ ᠮᠦᠩᠭᠦ ᠬᠤᠷᠠᠮᠳᠤᠭᠤᠯᠬᠤ ᠠᠷᠭ᠎ᠠ ᠵᠠᠮ ᠢ ᠦᠷᠭᠡᠳᠬᠡᠨ᠎ᠠ᠃ ᠵᠠᠰᠠᠭ ᠤᠨ ᠤᠷᠳᠤᠨ ᠭᠢᠭᠡᠳ ᠨᠡᠶᠢᠭᠡᠮ ᠤᠨ ᠭᠦᠷᠦᠩᠭᠡ ᠶᠢᠨ ᠬᠠᠮᠳᠣᠷᠠᠯᠴᠠᠭᠠᠨ ᠤ ᠵᠠᠭᠪᠣᠷ ᠢ ᠲᠡᠭᠦᠯᠳᠡᠷᠵᠢᠭᠦᠯᠵᠦ᠂ PPP ᠵᠡᠷᠭᠡ ᠤᠯᠠᠨ ᠵᠦᠢᠯ ᠤᠨ ᠬᠠᠮᠳᠣᠷᠠᠯᠴᠠᠭᠠᠨ ᠤ ᠵᠠᠭᠪᠣᠷ ᠢᠶᠠᠷ ᠳᠠᠮᠵᠢᠨ᠂ ᠨᠡᠶᠢᠭᠡᠮ ᠠᠴᠠ ᠪᠠᠯᠠ ᠣᠷᠣᠭᠤᠯᠣᠭᠰᠠᠨ ᠰᠠᠭᠤᠷᠢ ᠲᠦᠬᠦᠭᠡᠷᠦᠮᠵᠢ ᠪᠠ ᠠᠷᠠᠳ ᠤᠨ ᠠᠮᠢᠳᠤᠷᠠᠯ ᠤᠨ ᠬᠦᠷᠢᠶ᠎ᠡ ᠴᠠᠷᠠᠭᠠᠨ ᠳᠠᠬᠢ ᠲᠦᠷᠦᠯ ᠵᠦᠢᠯ ᠢ ᠲᠠᠳᠠᠨ ᠣᠷᠣᠭᠤᠯᠣᠨ᠎ᠠ᠃              ᠠᠷᠠᠯᠵᠢᠶᠠᠴᠢᠨ ᠤᠷᠢᠵᠤ ᠪᠡᠯᠨ ᠳᠠᠳᠠᠬᠤ ᠠᠵᠢᠯ ᠢ ᠰᠠᠶᠢᠳᠤᠷ ᠠᠳᠬᠤᠨ᠎ᠠ᠃ ᠨᠡᠶᠢᠲᠠ ᠶᠢᠨ ᠦᠮᠴᠢᠯᠡᠯ ᠤᠨ ᠪᠤᠰᠤ ᠠᠵᠤ ᠠᠬᠤᠢ ᠶᠢᠨ ᠬᠦᠭᠵᠢᠯᠲᠠ ᠶᠢ ᠪᠦᠬᠦ ᠬᠦᠴᠦᠨ ᠢᠶᠠᠷ ᠳᠡᠮᠵᠢᠵᠤ᠂ ᠲᠦᠷᠦ ᠶᠢᠨ ᠪᠤᠳᠤᠯᠭ᠎ᠠ ᠶᠢᠨ ᠳᠡᠮᠵᠢᠯᠭᠡ ᠪᠠ ᠦᠢᠯᠡᠴᠢᠯᠡᠭᠡᠨ ᠤ ᠪᠠᠳᠤᠯᠠᠭ᠎ᠠ ᠶᠢ ᠴᠢᠩᠭᠠᠳᠬᠠᠨ᠂ ᠨᠡᠶᠢᠲᠠ ᠶᠢᠨ ᠦᠮᠴᠢᠯᠡᠯ ᠤᠨ ᠪᠤᠰᠤ ᠠᠵᠤ ᠠᠬᠤᠢ ᠪᠠ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠪᠡᠯᠨ ᠤᠷᠤᠭᠤᠯᠤᠨ ᠦᠢᠯᠡᠰ ᠪᠤᠰᠬᠠᠬᠤ ᠎ ᠳᠤ ᠤᠬᠢ ᠰᠠᠶᠢᠨ ᠤᠷᠴᠢᠨ ᠲᠤᠭᠤᠷᠢᠨ ᠢ ᠪᠤᠢ ᠪᠤᠯᠭᠠᠬᠤ ᠪᠠᠷ ᠴᠢᠷᠮᠠᠶᠢᠨ᠎ᠠ᠃ ᠲᠦᠷᠦᠯ ᠵᠦᠢᠯ ᠤᠨ ᠬᠦᠮᠦᠷᠭᠡ ᠶᠢᠨ ᠪᠦᠲᠦᠭᠡᠨ ᠪᠠᠶᠢᠭᠤᠯᠤᠯᠲᠠ ᠶᠢ ᠤᠯᠠᠮ ᠳᠡᠭᠦᠯᠳᠡᠷᠵᠢᠭᠦᠯᠵᠤ᠂ ᠨᠢᠭᠡ ᠪᠦᠯᠦᠭ ᠠᠷᠠᠯᠵᠢᠶᠠᠴᠢᠨ ᠤᠷᠢᠬᠤ ᠲᠦᠷᠦᠯ ᠵᠦᠢᠯ ᠎ ᠢ ᠨᠦᠭᠡᠴᠡᠯᠡᠨ᠂ ᠠᠷᠠᠯᠵᠢᠶᠠᠴᠢᠨ ᠤᠷᠢᠬᠤ ᠠᠷᠭ᠎ᠠ ᠮᠠᠶ᠋ᠢᠭ ᠢᠶᠠᠨ ᠰᠢᠨᠡᠴᠢᠯᠡᠵᠤ᠂ ᠠᠷᠠᠯᠵᠢᠶᠠᠴᠢᠨ ᠤᠷᠢᠵᠤ ᠪᠡᠯᠨ ᠳᠠᠳᠠᠬᠤ ᠶᠢᠨ ᠬᠠᠨᠳᠤᠯᠭᠠᠲᠤ ᠴᠢᠨᠠᠷ ᠪᠠ ᠦᠷ᠎ᠡ ᠠᠰᠢᠭᠲᠤ ᠴᠢᠨᠠᠷ ᠢ ᠨᠡᠮᠡᠭᠳᠡᠭᠦᠯᠵᠤ᠂ ᠠᠶᠢᠮᠠᠭ ᠤᠨ ᠭᠠᠳᠠᠨᠠᠬᠢ 11 ᠳ᠋ᠦᠩᠰᠢᠭᠤᠷ ᠲᠦᠭᠦᠷᠢᠭ ᠤᠨ ᠪᠡᠯᠨ ᠮᠦᠩᠭᠦ ᠶᠢ ᠳᠠᠳᠠᠨ ᠤᠷᠤᠭᠤᠯᠬᠤ ᠪᠠᠷ ᠴᠢᠷᠮᠠᠶᠢᠨ᠎ᠠ᠃ ᠲᠤᠤᠷ᠎ᠠ ᠨᠡᠭᠦᠷᠡᠰᠦᠳᠦᠷᠦᠭᠴᠢᠲᠦ ᠣᠷᠴᠢᠯᠲᠦ ᠠᠵᠤ ᠠᠬᠤᠢ ᠶᠢ ᠬᠦᠭᠵᠢᠭᠦᠯᠦᠨ᠂ ᠨᠤᠨᠳᠠᠭ ᠨᠠᠭᠦᠷᠠᠰᠣᠨ ᠤ ᠦᠨᠡᠰᠤ᠂ ᠴᠢᠯᠠᠭᠤᠨ ᠮᠠᠲ᠋ᠧᠷᠢᠶᠠᠯ ᠤᠨ ᠦᠭᠡᠳᠡᠰᠤ᠂ ᠴᠢᠯᠠᠭᠤᠨ ᠨᠤᠨᠳᠠᠭ᠂ ᠨᠢᠶᠤᠪᠢ ᠳᠠᠨᠲ᠋ᠠᠯ ᠤᠨ ᠠᠭᠤᠷᠬᠠᠢ ᠵᠡᠷᠭᠡ ᠠᠵᠤ ᠦᠢᠯᠡᠳᠪᠦᠷᠢ ᠶᠢᠨ ᠬᠠᠳᠠᠭᠤ ᠬᠠᠶᠠᠭᠳᠠᠮᠠᠯ ᠮᠠᠲ᠋ᠧᠷᠢᠶᠠᠯ ᠢ ᠪᠤᠯᠪᠠᠰᠤᠷᠠᠭᠤᠯᠤᠨ ᠶᠡᠷᠦᠩᠭᠡᠶᠢᠯᠡᠨ ᠠᠰᠢᠭᠯᠠᠬᠤ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠪᠦᠬᠦ ᠬᠦᠴᠦᠨ ᠢᠶᠠᠷ ᠳᠡᠮᠵᠢᠨ᠂ ᠡᠷᠤᠳᠡᠰᠤ ᠪᠤᠷᠳᠤᠭᠤᠷ᠂ ᠠᠮᠢᠳᠤ ᠪᠤᠳᠠᠰ ᠎ ᠤᠨ ᠪᠤᠷᠳᠤᠭᠤᠷ ᠵᠠᠷᠭᠡ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠢᠳᠡᠪᠬᠢᠲᠠᠢ ᠠᠬᠢᠭᠤᠯᠵᠤ᠂ ᠡᠬᠢ ᠪᠠᠶᠠᠯᠢᠭ ᠢ ᠨᠠᠷᠢᠯᠢᠭ ᠨᠡᠭᠡᠭᠡᠨ ᠠᠰᠢᠭᠯᠠᠬᠤ ᠪᠠ ᠶᠡᠷᠦᠩᠬᠡᠶᠢᠯᠡᠨ ᠠᠰᠢᠭᠯᠠᠬᠤ ᠬᠢᠷᠢ ᠲᠦᠪᠰᠢᠨ ᠢ ᠤᠯᠠᠮ ᠳᠡᠭᠡᠭᠰᠢᠯᠡᠭᠦᠯᠦᠨ᠎ᠡ᠃              ︵ᠬᠤᠶᠠᠷ︶ ᠮᠠᠯᠴᠢᠳ ᠤᠨ ᠤᠷᠤᠯᠭ᠎ᠠ ᠶᠢᠨ ᠨᠡᠮᠡᠭᠳᠡᠯ ᠢ ᠠᠬᠢᠭᠤᠯᠬᠤ ᠪᠠᠷ ᠭᠠᠷᠳᠠᠴᠨ ᠪᠤᠯᠭᠠᠨ᠂ ᠣᠳᠣᠭᠢᠴᠢᠯᠠᠭᠰᠠᠨ ᠮᠠᠯ ᠠᠵᠦ ᠠᠬᠤᠢ ᠶᠢᠨ ᠭᠦᠭᠵᠢᠯᠳᠡ ᠶᠢᠨ ᠭᠢᠷᠢ ᠲᠦᠪᠰᠢᠨ ᠢ ᠲᠡᠭᠡᠭᠰᠢᠯᠡᠭᠦᠯᠦᠨ᠎ᠡ᠃              ᠮᠠᠯ ᠠᠵᠤ ᠠᠬᠤᠢ ᠶᠢᠨ ᠪᠦᠲᠦᠴᠨ ᠶᠢ ᠳᠤᠬᠢᠷᠠᠭᠤᠯᠤᠨ ᠰᠢᠯᠢᠳᠡᠭᠵᠢᠭᠦᠯᠦᠨ᠎ᠠ᠃ ᠮᠠᠯ ᠠᠵᠤ ᠠᠬᠤᠢ ᠎ ᠶᠢᠨ ᠬᠠᠩᠭᠠᠯᠭ᠎ᠠ ᠶᠢᠨ ᠲᠠᠯ᠎ᠠ ᠶᠢᠨ ᠪᠦᠲᠦᠴᠨ ᠶᠢᠨ ᠴᠢᠨᠠᠷᠲᠠᠢ ᠦᠭᠡᠷᠡᠴᠢᠯᠡᠯᠲᠠ ᠶᠢ ᠢᠳᠡᠪᠬᠢᠲᠠᠢ ᠠᠬᠢᠭᠤᠯᠵᠤ᠂ ︽ᠬᠤᠨᠢ ᠶᠢ ᠴᠦᠭᠡᠴᠢᠯᠠᠨ ᠦᠬᠡᠷ ᠢᠯᠡᠭᠦᠦ ᠮᠠᠯᠵᠢᠬᠤ᠂ ᠴᠢᠨᠠᠷ ᠢ ᠳᠡᠭᠡᠭᠰᠢᠯᠡᠭᠦᠯᠦᠨ ᠤᠷᠤᠯᠭ᠎ᠠ ᠶᠢ ᠨᠡᠮᠡᠭᠳᠡᠭᠦᠯᠬᠦ︾ ᠪᠠᠶᠢᠯᠳᠤᠬᠤ ᠪᠤᠳᠤᠯᠭ᠎ᠠ ᠶᠢᠨ ᠪᠠᠶᠢᠷᠢᠰᠢᠭᠤᠯᠤᠯᠲᠠ ᠶᠤᠰᠤᠭᠠᠷ᠂ ᠦᠨᠳᠤᠷ ᠦᠷ᠎ᠡ ᠠᠰᠢᠭᠲᠤ᠂ ᠪᠤᠬᠢᠷᠳᠤᠯ ᠦᠭᠡᠢ᠂ ᠭᠠᠮᠰᠢᠭ ᠠᠴᠠ ᠵᠠᠶᠢᠯᠠᠰᠬᠢᠬᠦ ᠬᠡᠯᠪᠡᠷᠢ ᠶᠢᠨ ᠮᠠᠯ ᠠᠵᠤ ᠠᠬᠤᠢ ᠶᠢᠨ ᠬᠦᠭᠵᠢᠯᠲᠠ ᠶᠢ ᠲᠦᠷᠭᠡᠳᠬᠡᠵᠤ᠂ ᠤᠳᠤᠬᠢᠴᠢᠯᠠᠭᠰᠠᠨ ᠮᠠᠯ ᠠᠵᠤ ᠠᠬᠤᠢ ᠶᠢᠨ ᠬᠦᠭᠵᠢᠯᠲᠠ ᠶᠢᠨ ᠬᠢᠷᠢ ᠳᠦᠪᠰᠢᠨ ᠢ ᠳᠡᠭᠡᠭᠰᠢᠯᠡᠭᠦᠯᠦᠨ᠎ᠡ᠃ ᠪᠦᠬᠦ ᠬᠤᠰᠢᠭᠤᠨ ᠤ ᠰᠢᠯᠢᠳᠡᠭ ᠡᠭᠦᠯᠳᠡᠷ ᠤᠨ ᠮᠢᠬᠠᠨ ᠤ ᠦᠭᠡᠷ ᠤᠨ ᠠᠵᠤ ᠦᠢᠯᠡᠰ ᠤᠨ ᠬᠦᠭᠵᠢᠯᠲᠠ ᠶᠢᠨ ᠲᠦᠯᠦᠪᠯᠡᠭᠡ ᠪᠠ ᠲᠠᠳᠬᠦᠨ ᠳᠡᠮᠵᠢᠬᠦ ᠲᠦᠷᠦ ᠶᠢᠨ ᠪᠤᠳᠤᠯᠭ᠎ᠠ ᠶᠢ ᠤᠯᠠᠮ ᠳᠡᠭᠦᠯᠳᠡᠷᠵᠢᠭᠦᠯᠦᠨ᠂ ᠮᠠᠯ ᠲᠠᠷᠢᠶᠠᠯᠠᠩ ᠳᠤ ᠬᠤᠯᠪᠤᠭᠳᠠᠭᠰᠠᠨ ᠲᠦᠷᠦᠯ ᠵᠦᠢᠯ ᠤᠨ ᠪᠡᠯᠨ ᠮᠦᠩᠭᠦ ᠶᠢ ᠨᠢᠭᠡᠳᠬᠡᠨ᠂ ᠨᠢᠭᠡᠳᠤᠯᠲᠠᠢ ᠵᠤᠬᠢᠶᠠᠨ ᠪᠠᠶᠢᠭᠤᠯᠤᠨ ᠰᠠᠶᠢᠨ ᠡᠭᠦᠯᠳᠡᠷ ᠤᠨ ᠮᠢᠬᠠᠨ ᠤ ᠦᠭᠡᠷ ᠢ 1000᠎ ᠠᠴᠠ ᠳᠡᠭᠡᠭᠰᠢ ᠤᠷᠤᠭᠤᠯᠵᠤ᠂ ᠰᠢᠯᠢᠳᠡᠭ ᠡᠭᠦᠯᠳᠡᠷ ᠤᠨ ᠦᠭᠡᠷ ᠢ ᠠᠷᠠᠴᠢᠯᠠᠨ ᠮᠠᠯᠵᠢᠬᠤ ᠬᠤᠷᠰᠢᠶᠠᠵᠢᠯ᠂ ᠠᠷᠠᠴᠢᠯᠠᠨ ᠮᠠᠯᠵᠢᠬᠤ ᠲᠤᠰᠬᠠᠢ ᠡᠷᠦᠬᠡ ᠶᠢ ᠳᠡᠮᠵᠢᠨ ᠬᠦᠭᠵᠢᠭᠦᠯᠵᠤ᠂ ᠤᠩᠭᠤᠨ ᠠᠭᠤᠯᠨ ᠰᠤᠮᠤ᠂ ᠪᠠᠶᠠᠨᠳᠠᠯ᠎ᠠ ᠪᠠᠯᠭᠠᠰᠤᠨ ᠤ ᠰᠠᠭᠤᠭ᠎ᠠ ᠭᠠᠵᠠᠷ ᠲᠤ ᠳᠤᠰᠪᠤᠷᠢ ᠰᠢᠯᠢᠳᠡᠭ ᠡᠭᠦᠯᠳᠡᠷ ᠤᠨ ᠮᠢᠬᠠᠨ ᠤ ᠦᠭᠡᠷ ᠢ ᠳᠡᠵᠢᠭᠡᠨ ᠦᠷᠡᠵᠢᠭᠦᠯᠬᠦ᠂ ᠪᠤᠷᠳᠤᠨ ᠳᠠᠷᠭᠤᠯᠠᠭᠤᠯᠬᠤ ᠰᠠᠭᠤᠷᠢᠨ ᠭᠠᠵᠠᠷ ᠢ ᠪᠠᠶᠢᠭᠤᠯᠤᠨ᠎ᠠ᠃ ᠰᠠᠭᠠᠯᠢ ᠶᠢᠨ ᠦᠨᠢᠶ᠎ᠡ ᠠᠷᠠᠴᠢᠯᠠᠨ ᠮᠠᠯᠵᠢᠬᠤ ᠶᠢ ᠢᠳᠡᠪᠬᠢᠲᠠᠢ ᠬᠦᠭᠵᠢᠭᠦᠯᠵᠤ᠂ ᠰᠠᠭᠠᠯᠢ ᠶᠢᠨ ᠦᠨᠢᠶ᠎ᠡ ᠶᠢ 3000 ᠤᠷᠴᠢᠮ ᠳᠤ ᠲᠤᠭᠳᠠᠪᠤᠷᠢᠵᠢᠭᠤᠯᠤᠨ᠂ ᠲᠦᠪᠯᠡᠷᠡᠭᠦᠯᠦᠨ ᠰᠦ ᠰᠠᠭᠠᠬᠤ ᠦᠷᠳᠡᠭᠡ 3᠎ ᠶᠢ ᠰᠢᠨ᠎ᠡ ᠪᠠᠷ ᠪᠠᠶᠢᠭᠤᠯᠤᠨ᠎ᠠ᠃ ︽ᠴᠠᠬᠠᠷ ᠬᠤᠨᠢᠨ︾᠎ ᠤ ᠰᠢᠯᠢᠳᠡᠭ ᠡᠭᠦᠯᠳᠡᠷ ᠢ ᠦᠷᠡᠵᠢᠭᠦᠯᠦᠨ ᠪᠤᠶᠢᠵᠢᠭᠤᠯᠬᠤ ᠰᠢᠰᠲ᠋ᠧᠮ ᠪᠠ ᠴᠠᠪᠡᠷ ᠡᠭᠦᠯᠳᠡᠷ ᠎ ᠤᠨ ᠴᠠᠬᠠᠷ ᠬᠤᠨᠢ ᠶᠢ ᠦᠷᠡᠵᠢᠭᠦᠯᠦᠨ ᠪᠤᠶᠢᠵᠢᠭᠤᠯᠬᠤ ᠰᠢᠰᠲ᠋ᠧᠮ ᠢ ᠪᠠᠶᠢᠭᠤᠯᠵᠤ᠂ ᠴᠠᠬᠠᠷ ᠬᠤᠨᠢᠨ ᠤ ᠭᠠᠵᠠᠷ ᠤᠷᠤᠨ ᠤ ᠪᠠᠷᠢᠮᠵᠢᠶ᠎ᠠ ᠶᠢ ᠳᠡᠭᠦᠯᠳᠡᠷᠵᠢᠭᠦᠯᠵᠤ᠂ ︽ᠴᠠᠬᠠᠷ ᠬᠤᠨᠢᠨ ᠮᠢᠬᠠᠨ︾᠎ ᠤ ᠪᠦᠬᠦᠶᠢᠯᠨ ᠠᠵᠤ ᠦᠢᠯᠠᠰ ᠤᠨ ᠭᠡᠯᠭᠢᠶᠡᠰᠦ ᠶᠢᠨ ᠮᠦᠷᠳᠡᠨ ᠪᠠᠶᠢᠴᠠᠭᠠᠬᠤ ᠰᠢᠰᠲ᠋ᠧᠮ ᠤᠨ ᠪᠠᠶᠢᠭᠤᠯᠤᠯᠲᠠ ᠶᠢ ᠲᠦᠯᠬᠢᠨ ᠠᠬᠢᠭᠤᠯᠵᠤ᠂ ᠬᠤᠷᠠᠭ᠎ᠠ ᠶᠢ ︽ᠪᠡᠯᠴᠢᠭᠡᠷᠯᠡᠬᠦᠯᠬᠦ + ᠲᠡᠵᠢᠭᠡᠯ ᠨᠦᠭᠦᠪᠦᠷᠢᠯᠡᠬᠦ︾ ᠡᠷᠳ᠋ᠨ ᠪᠣᠷᠣᠯᠠᠭᠤᠯᠬᠤ ᠭᠡᠪ ᠵᠠᠭᠪᠣᠷ ᠢ ᠪᠦᠷᠢᠨᠰᠢᠭᠦᠯᠦᠨ ᠲᠦᠭᠡᠮᠡᠯᠵᠢᠭᠦᠯᠵᠤ᠂ ᠦᠷ᠎ᠡ ᠶᠢᠨ ᠮᠠᠯ ᠬᠠᠩᠭᠠᠬᠤ ᠰᠠᠭᠤᠷᠢᠨ ᠭᠠᠵᠠᠷ᠂ ᠳᠤᠰᠬᠠᠢ ᠬᠤᠷᠰᠢᠶᠠᠵᠢᠯ᠂ ᠭᠡᠷ ᠪᠦᠯᠢ ᠶᠢᠨ ᠮᠠᠯᠵᠢᠯ ᠤᠨ ᠳᠠᠯᠠᠪᠠᠢ ᠵᠡᠷᠭᠡ ᠡᠵᠡᠩᠨᠡᠯᠲᠠ ᠶᠢᠨ ᠭᠤᠤᠯ ᠴᠤᠭᠴᠨ ᠶᠢ ᠪᠠᠶᠢᠭᠤᠯᠤᠨ ᠬᠦᠭᠵᠢᠭᠦᠯᠵᠦ᠂ ᠠᠷᠠᠴᠢᠯᠠᠨ ᠮᠠᠯᠵᠢᠬᠤ᠂ ᠡᠳ᠋ᠰᠢᠭᠦᠯᠦᠨ ᠪᠤᠯᠪᠠᠰᠤᠷᠠᠭᠤᠯᠬᠤ᠂ ᠪᠤᠷᠤᠯᠠᠭᠤᠯᠬᠤ ᠵᠡᠷᠭᠡ ᠭᠤᠭᠴᠤᠭ᠎ᠠ ᠶᠢ ᠰᠠᠶᠢᠳᠤᠷ ᠠᠳᠬᠤᠨ᠂ ᠪᠤᠬᠢᠷᠳᠤᠯ ᠦᠭᠡᠢ ᠪᠠᠶᠢᠭᠠᠯᠢᠯᠢᠭ ᠴᠠᠬᠠᠷ ᠬᠤᠨᠢᠨ ᠮᠢᠬᠠᠨ ᠤ ᠨᠠᠷ᠎ᠠ ᠳᠡᠮᠳᠡᠭ ᠢ ᠦᠷᠭᠦᠯᠵᠢᠯᠡᠨ ᠡᠭᠦᠳᠴᠦ᠂ ᠴᠢᠨᠠᠷ ᠢ ᠳᠡᠭᠡᠭᠰᠢᠯᠡᠭᠦᠯᠦᠨ ᠦᠷ᠎ᠡ ᠠᠰᠢᠭ ᠢ ᠨᠡᠮᠡᠭᠳᠡᠭᠦᠯᠦᠨ᠎ᠡ᠃              ᠮᠠᠯ ᠠᠵᠤ ᠠᠬᠤᠢ ᠶᠢᠨ ᠰᠠᠭᠤᠷᠢ ᠲᠦᠭᠦᠭᠡᠷᠦᠮᠵᠢ ᠶᠢᠨ ᠪᠦᠲᠤᠬᠡᠨ ᠪᠠᠶᠢᠭᠤᠯᠤᠯᠲᠠ ᠶᠢ ᠦᠷᠬᠦᠯᠵᠢᠯᠠᠨ ᠲᠡᠬᠦᠯᠲᠠᠷᠵᠢᠬᠦᠯᠤᠨ᠎ᠠ᠃ 8000 ᠳᠡᠭᠰᠢ ᠲᠦᠷᠪᠡᠯᠵᠢᠨ ᠮᠧᠲᠷ ᠡᠪᠡᠰᠤ ᠨᠦᠭᠡᠴᠡᠯᠡᠬᠦ ᠫᠧᠩ ᠢ ᠰᠢᠨ᠎ᠡ ᠎ ᠪᠠᠷ ᠪᠠᠶᠢᠭᠤᠯᠵᠤ᠂ 2000 ᠪᠤᠰᠤᠭ᠎ᠠ ᠲᠦᠷᠪᠡᠯᠵᠢᠨ ᠮᠧᠲᠷ ᠨᠤᠭᠤᠭᠠᠨ ᠲᠠᠷᠤᠰᠢ ᠶᠢᠨ ᠵᠤᠭᠤᠷᠢ ᠶᠢ ᠪᠦᠲᠤᠬᠡᠨ ᠪᠠᠶᠢᠭᠤᠯᠤᠨ᠎ᠠ᠃ ᠠᠮᠢᠳᠤ ᠮᠠᠯ ᠤᠨ ᠰᠤᠯᠢᠯᠴᠠᠭᠠᠨ ᠤ ᠵᠠᠬ᠎ᠠ ᠶᠢ ᠪᠠᠶᠢᠭᠤᠯᠵᠤ᠂ ᠮᠠᠯ ᠢ ᠤᠯᠠᠷᠢᠯ ᠤᠨ ᠴᠢᠨᠠᠷᠲᠠᠢ ᠵᠠᠷᠤᠴᠠᠭᠤᠯᠬᠤ ᠶᠢ ᠠᠬᠢᠭᠤᠯᠤᠨ᠎ᠠ᠃ ᠮᠢᠩᠭᠠᠨ ᠮᠤ᠋ ᠠᠴᠠ ᠲᠡᠭᠡᠭᠰᠢ ᠲᠦᠪᠯᠡᠷᠡᠨ ᠵᠠᠯᠭᠠᠯᠲᠤᠭᠰᠠᠨ ᠬᠠᠲᠤᠯᠠᠩ ᠤᠨ ᠲᠠᠯᠠᠪᠠᠢ 100 ᠲᠦᠮᠠᠨ ᠮᠤ᠋ ᠪᠠᠶᠢᠭᠤᠯᠵᠤ᠂ ᠦᠨᠲᠤᠷ ᠤᠨᠠᠯᠲᠠᠲᠦ ᠡᠪᠡᠰᠤ ᠪᠤᠷᠲᠤᠭᠠᠨ ᠤ ᠰᠠᠭᠤᠷᠢᠨ ᠭᠠᠵᠠᠷ ᠲᠤ ᠲᠠᠷᠢᠵᠤ ᠤᠷᠭᠤᠭᠤᠯᠬᠤ ᠠᠵᠢᠯ ᠢ ᠰᠠᠶᠢᠲᠤᠷ ᠠᠳᠬᠤᠵᠤ᠂ ᠤᠩᠭᠤᠨ ᠠᠭᠤᠯᠠ ᠰᠤᠮᠤ᠂ ᠪᠠᠶᠠᠨᠲᠠᠯ᠎ᠠ ᠪᠠᠯᠭᠠᠰᠤᠨ ᠳᠤ ᠲᠤᠰ ᠪᠦᠷᠢ ᠨᠢᠬᠡ ᠰᠠᠭᠤᠷᠢ ᠭᠠᠮᠰᠢᠭ ᠢ ᠡᠰᠡᠷᠬᠦᠴᠠᠵᠤ ᠬᠤᠬᠢᠷᠠᠯ ᠢ ᠪᠠᠭᠠᠰᠬᠠᠬᠤ ᠡᠪᠡᠰᠤ ᠨᠦᠭᠡᠴᠡᠯᠡᠬᠦ ᠬᠦᠮᠤᠷᠬᠡ ᠪᠠᠶᠢᠭᠤᠯᠵᠤ᠂ ᠪᠠᠶᠢᠭᠠᠯᠢ ᠶᠢᠨ ᠭᠠᠮᠰᠢᠭ ᠢ ᠡᠰᠡᠷᠬᠦᠴᠠᠬᠦ ᠴᠢᠲᠠᠪᠤᠷᠢ ᠶᠢ ᠨᠡᠮᠡᠭᠲᠡᠬᠦᠯᠤᠨ᠎ᠠ᠃              ᠮᠠᠯ ᠠᠵᠤ ᠠᠬᠤᠢ ᠶᠢᠨ ᠤᠶᠢᠯᠡᠳᠪᠤᠷᠢᠯᠠᠯ ᠡᠵᠡᠩᠨᠡᠯᠲᠠ ᠶᠢᠨ ᠬᠡᠯᠪᠡᠷᠢ ᠪᠠᠨ ᠦᠷᠬᠦᠯᠵᠢᠯᠠᠨ ᠬᠤᠪᠢᠷᠡᠭᠤᠯᠤᠨ᠎ᠠ᠃ ᠨᠤᠲᠤᠭ ᠪᠡᠯᠴᠢᠬᠡᠷ ᠤᠨ ᠡᠵᠡᠩᠨᠡᠯᠲᠠ ᠶᠢᠨ ᠡᠷᠬᠡ ᠶᠢᠨ ᠪᠠᠷᠢᠴᠠᠭᠠᠲᠤ ᠵᠢᠬᠡᠯᠡᠯᠬᠡ᠂ ᠨᠤᠲᠤᠭ ᠪᠡᠯᠴᠢᠬᠡᠷ ᠢ ᠰᠢᠯᠵᠢᠬᠦᠯᠬᠦ ᠲᠠᠪᠴᠠᠩ ᠤᠨ ᠪᠠᠶᠢᠭᠤᠯᠤᠯᠲᠠ ᠵᠡᠷᠬᠡ ᠲᠤᠷᠰᠢᠯᠲᠠ ᠶᠢᠨ ᠴᠢᠭ ᠤᠨ ᠦᠬᠡᠷᠡᠴᠢᠯᠠᠯᠲᠠ ᠶᠢᠨ ᠠᠵᠢᠯ ᠢ ᠦᠷᠬᠦᠯᠵᠢᠯᠠᠨ ᠰᠠᠶᠢᠲᠤᠷ ᠠᠳᠬᠤᠵᠤ᠂ ᠬᠤᠰᠢᠭᠤ᠂ ᠰᠤᠮᠤ ᠪᠠᠯᠭᠠᠰᠤ᠂ ᠭᠠᠴᠠᠭ᠎ᠠ ᠭᠤᠷᠪᠠᠨ ᠱᠠᠲᠤᠨ ᠤ ᠬᠠᠮᠢᠶᠡᠷᠤᠯᠲᠠ ᠶᠢᠨ ᠲᠤᠤᠷ ᠰᠦᠯᠵᠢᠶ᠎ᠡ ᠶᠢᠨ ᠤᠶᠢᠯᠡᠲᠤᠯ ᠢ ᠪᠠᠲᠠᠷᠭᠤᠯᠵᠤ᠂ ᠨᠤᠲᠤᠭ ᠪᠡᠯᠴᠢᠬᠡᠷ ᠢ ᠮᠠᠯᠵᠢᠯ ᠤᠨ ᠳᠤᠰᠬᠠᠢ ᠡᠷᠤᠬᠡ᠂ ᠬᠡᠷ ᠪᠦᠯᠢ ᠶᠢᠨ ᠮᠠᠯᠵᠢᠯ ᠤᠨ ᠲᠠᠯᠠᠪᠠᠢ᠂ ᠲᠤᠰᠬᠠᠢ ᠬᠤᠷᠰᠢᠶᠡᠵᠢᠯ ᠲᠡᠰᠢ ᠰᠢᠯᠵᠢᠬᠦᠯᠬᠦ ᠶᠢ ᠢᠲᠡᠪᠬᠢᠲᠠᠢ ᠵᠢᠯᠤᠭᠤᠲᠤᠨ ᠲᠠᠭᠠᠭᠤᠯᠵᠤ᠂ ᠤᠯᠠᠨ ᠬᠡᠯᠪᠡᠷᠢ ᠶᠢᠨ ᠵᠤᠬᠢᠬᠤ ᠬᠡᠪᠴᠢᠶᠡᠵᠢᠭᠰᠡᠨ ᠡᠵᠡᠩᠨᠡᠯᠲᠠ ᠶᠢ  ᠬᠦᠭᠵᠢᠬᠦᠯᠬᠦ ᠶᠢ ᠲᠡᠳᠬᠦᠨ ᠲᠡᠮᠵᠢᠨ᠎ᠠ᠃ ᠮᠠᠯᠵᠢᠬᠤ ᠤᠷᠤᠨ ᠤ ᠠᠵᠢᠯ ᠲᠦᠷᠤᠯ ᠤᠨ ᠡᠵᠡᠩᠨᠠᠨ ᠬᠠᠮᠢᠶᠡᠷᠤᠭᠴᠢ ᠶᠢᠨ ᠡᠩᠨᠡᠬᠡᠨ ᠤ ᠪᠠᠶᠢᠭᠤᠯᠤᠯᠲᠠ ᠪᠠ ᠬᠤᠷᠰᠢᠶᠡᠵᠢᠯ ᠢ ᠲᠦᠷᠢᠮᠵᠢᠬᠦᠯᠤᠨ ᠲᠠᠭᠠᠭᠤᠯᠬᠤ ᠠᠵᠢᠯ ᠢ ᠰᠠᠶᠢᠲᠤᠷ ᠠᠳᠬᠤᠨ᠎ᠠ᠃              ᠮᠠᠯ ᠠᠵᠤ ᠠᠬᠤᠢ ᠶᠢᠨ ᠠᠵᠤ ᠤᠶᠢᠯᠡᠰᠵᠢᠯᠲᠠ ᠶᠢᠨ ᠠᠬᠢᠴᠠ ᠶᠢ ᠦᠷᠬᠦᠯᠵᠢᠯᠠᠨ ᠠᠬᠢᠭᠤᠯᠤᠨ᠎ᠠ᠃ ᠲᠤᠯᠤᠭᠠᠶᠢᠯᠠᠭᠴᠢ ᠠᠵᠤ ᠠᠬᠤᠶᠢᠯᠠᠯ ᠢ ᠪᠤᠢ ᠪᠤᠯᠭᠠᠬᠤ ᠠᠵᠢᠯ ᠢ ᠰᠠᠶᠢᠲᠤᠷ ᠬᠢᠵᠤ᠂1—2 ᠮᠠᠯ ᠤᠨ ᠠᠰᠢᠭ ᠰᠢᠮ᠎ᠡ ᠶᠢᠨ ᠪᠦᠲᠤᠬᠡᠭᠲᠡᠬᠦᠨ ᠢ ᠡᠳ᠋ᠰᠢᠬᠦᠯᠤᠨ ᠪᠤᠯᠪᠠᠰᠤᠷᠠᠭᠤᠯᠬᠤ ᠲᠤᠯᠤᠭᠠᠶᠢᠯᠠᠭᠴᠢ ᠠᠵᠤ ᠠᠬᠤᠶᠢᠯᠠᠯ ᠢ ᠤᠷᠢᠨ ᠤᠷᠤᠭᠤᠯᠵᠤ᠂ ᠹᠦ᠋ ᠾᠧᠩ ᠺᠤᠮᠫᠠᠨᠢ ᠶᠢᠨ ᠬᠠᠲᠠᠭᠠᠭᠰᠠᠨ ᠦᠬᠡᠷ ᠤᠨ ᠮᠢᠬ᠎ᠠ ᠪᠤᠯᠪᠠᠰᠤᠷᠠᠭᠤᠯᠬᠤ ᠪᠠ ᠬᠤᠩᠭᠤᠷ ᠺᠤᠮᠫᠠᠨᠢ ᠶᠢᠨ ᠴᠠᠭᠠᠨ ᠢᠲᠡᠭᠡ ᠪᠤᠯᠪᠠᠰᠤᠷᠠᠭᠤᠯᠬᠤ ᠦᠢᠯᠡᠳᠪᠦᠷᠢ ᠶᠢ ᠦᠷᠬᠡᠳᠬᠡᠨ ᠪᠠᠶᠢᠭᠤᠯᠬᠤ ᠲᠦᠷᠤᠯ ᠵᠤᠶᠢᠯ ᠢ ᠲᠦᠯᠬᠢᠨ ᠠᠬᠢᠭᠤᠯᠵᠤ᠂ ᠮᠠᠯ ᠤᠨ ᠠᠰᠢᠭ ᠰᠢᠮ᠎ᠡ ᠶᠢᠨ ᠪᠦᠲᠤᠬᠡᠭᠲᠡᠬᠦᠨ ᠢ ᠲᠤᠬᠠᠢ ᠶᠢᠨ ᠭᠠᠵᠠᠷ ᠲᠠᠭᠠᠨ ᠨᠠᠷᠢᠯᠢᠭ ᠡᠳ᠋ᠰᠢᠬᠦᠯᠤᠨ ᠪᠤᠯᠪᠠᠰᠤᠷᠠᠭᠤᠯᠬᠤ ᠨᠤᠷᠮ᠎ᠠ ᠶᠢ ᠲᠡᠬᠡᠭᠰᠢᠯᠡᠬᠦᠯᠤᠨ᠎ᠠ︔ ᠵᠢᠦ ᠵᠧᠦ ᠳ᠋ᠠ ᠳ᠋ᠢ ᠬᠤᠯᠢᠮᠠᠭ ᠪᠤᠷᠲᠤᠭᠠᠨ ᠤ ᠤᠶᠢᠯᠡᠳᠪᠤᠷᠢᠯᠠᠯ ᠤᠨ ᠱᠤᠭᠤᠮ ᠤᠨ ᠬᠤᠶᠠᠲᠤᠭᠠᠷ ᠬᠤᠭᠤᠴᠠᠭᠠᠨ ᠤ ᠢᠨᠵᠧᠨᠧᠷᠢᠩ ᠤᠨ ᠪᠦᠲᠤᠬᠡᠨ ᠪᠠᠶᠢᠭᠤᠯᠤᠯᠲᠠ ᠎ ᠶᠢ ᠪᠡᠶᠡᠯᠡᠬᠦᠯᠤᠨ᠎ᠠ᠃ ᠴᠠᠬᠠᠷ ᠬᠤᠨᠢᠨ ᠮᠢᠬᠠᠨ ᠤ ᠤᠯᠤᠰ ᠤᠨ ᠭᠠᠵᠠᠷ ᠤᠷᠤᠨ ᠤ ᠲᠡᠮᠲᠡᠭᠲᠤ ᠬᠠᠮᠠᠭᠠᠯᠠᠯᠲᠠ ᠶᠢᠨ ᠪᠦᠲᠤᠬᠡᠭᠲᠡᠬᠦᠨ ᠤ ᠬᠡᠷᠡᠭᠯᠡᠬᠦ ᠡᠷᠬᠡ ᠪᠠ ᠲᠠᠸᠠᠷ ᠤᠨ ᠲᠡᠮᠲᠡᠭ ᠤᠨ ᠡᠷᠬᠡ ᠪᠠᠨ ᠵᠦᠪᠰᠢᠶᠡᠷᠡᠬᠦᠯᠤᠨ ᠬᠡᠷᠡᠭᠯᠡᠵᠦ᠂ ᠤᠲᠤ ᠪᠠᠶᠢᠭ᠎ᠠ ᠠᠵᠤ ᠠᠬᠤᠶᠢᠯᠡᠯ ᠤᠨ ᠬᠡᠪ ᠤᠨ ᠶᠤᠰᠤᠭᠠᠷ ᠤᠶᠢᠯᠡᠳᠪᠤᠷᠢᠯᠠᠵᠤ ᠪᠤᠯᠪᠠᠰᠤᠷᠠᠭᠤᠯᠬᠤ ᠶᠢ ᠪᠠᠲᠤᠯᠠᠨ᠎ᠠ᠃              ᠮᠠᠯᠴᠢᠳ ᠤᠨ ᠤᠷᠤᠯᠭ᠎ᠠ ᠶᠢ ᠴᠢᠷᠮᠠᠶᠢᠨ ᠨᠡᠮᠡᠭᠳᠡᠭᠦᠯᠦᠨ᠎ᠡ᠃ ᠮᠠᠯ ᠠᠵᠤ ᠠᠬᠤᠢ ᠶᠢᠨ ᠲᠤᠲᠤᠭᠠᠲᠤ ᠎ ᠶᠢᠨ ᠤᠷᠤᠯᠭ᠎ᠠ ᠶᠢᠨ ᠨᠡᠮᠡᠭᠲᠡᠯ ᠤᠨ ᠳᠠᠯᠲᠠ ᠬᠦᠴᠦᠨ ᠢ ᠠᠭᠤᠲᠠᠯᠯᠠᠬᠤ ᠶᠢᠨ ᠲᠠᠭᠠᠦ᠂ ᠤᠷᠤᠯᠭ᠎ᠠ ᠶᠢ ᠨᠡᠮᠡᠭᠳᠡᠭᠦᠯᠬᠦ ᠭᠠᠳᠠᠭᠠᠳᠤ ᠤᠷᠤᠨ ᠵᠠᠢ ᠶᠢ ᠢᠳᠡᠪᠬᠢᠲᠠᠢ ᠦᠷᠭᠡᠳᠬᠡᠵᠤ᠂ ᠡᠵᠡᠩᠨᠡᠯᠲᠡ ᠶᠢᠨ ᠴᠢᠨᠠᠷᠲᠠᠢ᠂ ᠲᠦᠷᠦ ᠶᠢᠨ ᠪᠤᠳᠤᠯᠭ᠎ᠠ ᠎ ᠶᠢᠨ ᠴᠢᠨᠠᠷᠲᠠᠢ᠂ ᠴᠠᠯᠢᠩ ᠤᠨ ᠴᠢᠨᠠᠷᠲᠠᠢ ᠤᠷᠤᠯᠭ᠎ᠠ ᠶᠢ ᠨᠡᠮᠡᠭᠳᠡᠭᠦᠯᠦᠨ᠎ᠡ᠃ ᠤᠯᠤᠰ᠂ ᠦᠪᠡᠷᠳᠡᠭᠡᠨ ᠵᠠᠰᠠᠬᠤ ᠤᠷᠤᠨ ᠎ ᠠᠴᠠ ᠳᠤᠭᠳᠠᠭᠠᠭᠰᠠᠨ ᠮᠠᠯᠵᠢᠯ ᠳᠤ ᠬᠠᠮᠢᠶᠠᠲᠠᠢ᠂ ᠮᠠᠯᠴᠢᠳ ᠲᠤ ᠠᠰᠢᠭᠲᠠᠢ ᠲᠦᠷᠦ ᠶᠢᠨ ᠪᠤᠳᠤᠯᠭ᠎ᠠ ᠶᠢ ᠨᠠᠷᠢᠨ ᠬᠢᠨᠠᠮᠠᠭᠠᠢ ᠨᠠᠶᠢᠲᠠᠪᠤᠷᠢᠵᠢᠭᠤᠯᠵᠤ᠂ ᠡᠯ᠎ᠡ ᠲᠦᠷᠦᠯ ᠤᠨ ᠨᠦᠬᠦᠪᠦᠷᠢ ᠶᠢᠨ ᠮᠦᠩᠭᠦ ᠶᠢ ᠴᠠᠭ ᠲᠤᠬᠠᠢ ᠳᠤᠨᠢ ᠲᠤᠭ᠎ᠠ ᠶᠤᠰᠤᠭᠠᠷ ᠤᠯᠭᠤᠨ᠎ᠠ᠃ ᠲᠤᠯᠤᠭᠠᠶᠢᠯᠠᠭᠴᠢ ᠠᠵᠤ ᠠᠬᠤᠶᠢᠯᠠᠯ ᠤᠨ ᠵᠢᠱᠢᠶ᠎ᠡ ᠦᠵᠡᠬᠦᠯᠬᠦ᠂ ᠤᠲᠤᠷᠢᠲᠤᠨ ᠲᠠᠭᠠᠭᠤᠯᠬᠤ ᠪᠠ ᠳᠠᠶᠢᠴᠢᠯᠠᠬᠤ ᠤᠶᠢᠯᠡᠲᠤᠯ ᠢ ᠬᠦᠢᠴᠡᠳ ᠪᠠᠲᠠᠷᠠᠭᠤᠯᠵᠤ᠂ ᠲᠤᠯᠤᠭᠠᠶᠢᠯᠠᠭᠴᠢ ᠠᠵᠤ ᠠᠬᠤᠶᠢᠯᠠᠯ ᠪᠠ ᠮᠠᠯᠴᠢᠳ ᠤᠨ ᠠᠰᠢᠭ ᠲᠤᠰᠠ ᠶᠢᠨ ᠬᠤᠯᠪᠤᠭᠠᠯᠠᠭᠰᠠᠨ ᠲᠤᠭᠲᠠᠴᠠ ᠶᠢ ᠤᠯᠠᠮ ᠲᠡᠬᠦᠯᠲᠡᠷᠵᠢᠬᠦᠯᠵᠤ᠂ ᠠᠵᠤ ᠠᠬᠤᠶᠢᠯᠠᠯ ᠤᠨ ᠬᠦᠭᠵᠢᠯᠲᠠ ᠪᠠ ᠮᠠᠯᠴᠢᠳ ᠤᠨ ᠤᠷᠤᠯᠭ᠎ᠠ ᠶᠢᠨ ᠨᠡᠮᠡᠭᠲᠡᠯ ᠢ ᠵᠡᠷᠬᠡᠪᠡᠷ ᠪᠡᠶᠡᠯᠡᠬᠦᠯᠤᠨ᠎ᠠ᠃ ᠮᠠᠯᠴᠢᠳ ᠎ ᠢ ᠵᠢᠯᠤᠭᠤᠲᠤᠨ ᠠᠵᠢᠯᠴᠢ ᠠᠷᠪᠢᠴᠢ ᠪᠠᠷ ᠪᠠᠶᠡᠵᠢᠬᠤ ᠲᠠᠨᠢᠯᠲᠠ ᠲᠠᠢ ᠪᠤᠯᠭᠠᠵᠤ᠂ ᠨᠠᠷᠢᠨ ᠲᠡᠩᠰᠡ ᠪᠤᠲᠤᠨ᠂ ᠰᠢᠨᠵᠢᠯᠡᠬᠦ ᠤᠬᠠᠭᠠᠨᠴᠢ ᠪᠠᠷ ᠵᠠᠷᠤᠯᠭ᠎ᠠ ᠪᠠᠨ ᠵᠤᠬᠢᠴᠠᠭᠤᠯᠵᠤ᠂ ᠦᠪᠡᠷᠲᠡᠬᠡᠨ ᠲᠡᠭᠵᠢᠷᠡᠬᠦ ᠴᠢᠲᠠᠪᠤᠷᠢ ᠶᠢ ᠨᠢ ᠲᠡᠬᠡᠭᠰᠢᠯᠡᠬᠦᠯᠤᠨ᠎ᠠ᠃               ︵ᠭᠤᠷᠪᠠ︶ ᠴᠢᠨᠠᠷ ᠢ ᠲᠡᠬᠡᠭᠰᠢᠯᠡᠬᠦᠯᠵᠤ ᠦᠷ᠎ᠡ ᠠᠰᠢᠭ ᠢ ᠨᠡᠮᠡᠭᠲᠡᠬᠦᠯᠬᠦ ᠪᠠᠷ ᠭᠠᠷᠳᠠᠴᠨ ᠪᠤᠯᠭᠠᠨ ᠂ ᠠᠵᠤ ᠦᠢᠯᠡᠳᠪᠤᠷᠢ ᠶᠢᠨ ᠬᠦᠭᠵᠢᠯᠲᠠ ᠶᠢᠨ ᠲᠦᠪᠰᠢᠨ ᠢ ᠤᠯᠠᠮ ᠲᠡᠬᠡᠭᠰᠢᠯᠡᠬᠦᠯᠤᠨ᠎ᠠ᠃               ᠲᠠᠪᠠᠭᠤᠯᠢᠭ ᠤᠨᠴᠠᠯᠢᠭᠲᠤ ᠠᠵᠤ ᠤᠶᠢᠯᠡᠰ ᠢ ᠢᠲᠡᠪᠬᠢᠲᠠᠢ ᠪᠤᠶᠢᠵᠢᠭᠤᠯᠤᠨ᠎ᠠ᠃ ︽ᠪᠦᠲᠤᠬᠡᠭᠲᠡᠬᠦᠨ ᠤ ᠶᠡᠰᠤ ᠴᠢᠨᠠᠷ ᠢ ᠲᠡᠬᠡᠭᠰᠢᠯᠡᠬᠦᠯᠵᠤ᠂ ᠮᠡᠷᠬᠡᠵᠢᠯ ᠤᠨ ᠠᠭᠤᠯᠤᠭᠲᠠᠴᠠ ᠶᠢ ᠨᠡᠮᠡᠭᠲᠡᠬᠦᠯᠤᠨ᠂ ᠵᠠᠬ᠎ᠠ ᠲᠡᠯᠬᠡᠬᠦᠷ ᠤᠨ ᠬᠡᠷᠡᠭᠴᠡᠭᠡ ᠳᠤ ᠵᠤᠬᠢᠴᠠᠭᠤᠯᠬᠤ》ᠶᠡᠷᠤᠩᠬᠡᠢ ᠱᠠᠭᠠᠷᠲᠠᠯᠭ᠎ᠠ ᠶᠤᠰᠤᠭᠠᠷ᠂ ᠭᠤᠤᠯᠲᠠᠯᠭ᠎ᠠ ᠲᠠᠢ ᠠᠵᠤ ᠤᠶᠢᠯᠡᠰ ᠢ ᠲᠡᠰ ᠲᠡᠪᠰᠢᠬᠦᠯᠬᠦ ᠶᠢ ᠲᠦᠯᠬᠢᠨ ᠠᠬᠢᠭᠤᠯᠵᠤ᠂ ᠠᠵᠤ ᠤᠶᠢᠯᠡᠰ ᠤᠨ ᠬᠡᠯᠬᠢᠶᠡᠰᠤ ᠶᠢ ᠤᠷᠲᠤᠳᠬᠠᠨ᠂ ᠲᠡᠬᠡᠲᠤ ᠱᠠᠲᠤᠨ ᠤ ᠰᠠᠯᠠᠭ᠎ᠠ ᠮᠦᠴᠢᠷ ᠤᠨ ᠤᠶᠢᠯᠡᠳᠪᠤᠷᠢᠯᠠᠯ ᠤᠨ ᠦᠪᠡᠷ ᠤᠨ ᠦᠷᠲᠡᠭ ᠢ ᠪᠠᠭᠤᠷᠠᠭᠤᠯᠬᠤ ᠶᠢ ᠬᠡᠷᠡᠭᠵᠢᠬᠦᠯᠬᠦ ᠲᠦᠰᠦᠯ ᠢ ᠰᠠᠶᠢᠲᠤᠷ ᠨᠠᠶᠢᠳᠠᠪᠣᠷᠢᠵᠢᠭᠤᠯᠣᠨ᠂ ᠠᠵᠤ ᠠᠬᠤᠶᠢᠯᠠᠯ ᠢ ᠵᠢᠯᠤᠭᠤᠲᠤᠨ ᠭᠠᠵᠠᠷ ᠰᠢᠷᠤᠢ᠂ ᠤᠶᠢᠯᠡᠳᠪᠤᠷᠢ ᠶᠢᠨ ᠲᠠᠰᠤᠭ᠂ ᠮᠠᠰᠢᠨ ᠲᠦᠬᠦᠬᠡᠷᠤᠮᠵᠢ ᠵᠡᠷᠬᠡ ᠰᠤᠯᠡ ᠰᠡᠯᠡᠬᠦᠤ ᠪᠠᠶᠢᠭ᠎ᠠ ᠡᠳ᠋ ᠬᠦᠷᠤᠩᠬᠡ ᠶᠢ ᠲᠠᠬᠢᠨ ᠠᠰᠢᠭᠯᠠᠯᠲᠠ ᠳᠤ ᠤᠷᠤᠭᠤᠯᠵᠤ᠂ ᠴᠢᠭᠯᠡᠬᠦᠯᠤᠯᠲᠤ ᠴᠢᠨᠠᠷ ᠲᠠᠢ ᠠᠷᠭ᠎ᠠ ᠬᠡᠮᠵᠢᠶ᠎ᠡ ᠠᠪᠴᠤ ᠪᠠᠶᠢᠭᠠᠳ᠂ ᠠᠵᠤ ᠠᠬᠤᠶᠢᠯᠠᠯ ᠤᠨ ᠤᠶᠢᠯᠡᠳᠪᠤᠷᠢᠯᠠᠯ ᠪᠠ ᠪᠤᠲᠠᠰ ᠤᠨ ᠬᠦᠢᠯᠬᠡᠬᠡᠨ ᠤ ᠦᠪᠡᠷ ᠤᠨ ᠦᠷᠲᠡᠭ ᠢ ᠦᠨᠡᠨᠬᠦ ᠪᠠᠭᠤᠷᠠᠭᠤᠯᠵᠤ᠂ ᠤᠶᠢᠯᠡᠳᠪᠤᠷᠢᠯᠠᠯ ᠤᠨ ᠬᠦᠷᠢᠶ᠎ᠡ ᠬᠡᠪᠴᠢᠶ᠎ᠡ ᠢ ᠦᠷᠬᠡᠳᠬᠡᠨ᠂ ᠭᠠᠲᠠᠭᠰᠢ ᠵᠠᠬ᠎ᠠ ᠲᠡᠯᠬᠡᠬᠦᠷ ᠢ ᠶᠡᠬᠡᠪᠡᠷ ᠨᠡᠬᠡᠬᠡᠨ᠎ᠠ᠃ ᠴᠢᠯᠠᠭᠤᠨ ᠮᠠᠲ᠋ᠧᠷᠢᠶᠠᠯ ᠤᠨ ᠠᠵᠤ ᠤᠶᠢᠯᠡᠰ ᠤᠨ ᠲᠠᠯ᠎ᠠ ᠪᠠᠷ᠂ ᠴᠧᠨ ᠴᠦᠨ ᠺᠦᠨ ᠲᠠᠢ ᠤᠨᠴᠠᠭᠠᠢ ᠬᠡᠯᠪᠡᠷᠢᠲᠤ ᠮᠠᠲ᠋ᠧᠷᠢᠶᠠᠯ ᠦᠢᠯᠡᠳᠪᠦᠷᠢᠯᠡᠬᠦ᠂ ᠬᠤᠸᠠᠨ ᠴᠢᠦ ᠴᠢᠯᠠᠭᠤᠨ ᠤᠶᠢᠯᠡᠰ ᠢ ᠦᠬᠡᠷᠡᠴᠢᠯᠠᠨ ᠦᠷᠬᠡᠳᠬᠡᠬᠦ ᠪᠤᠯᠤᠨ ᠲᠧᠩ ᠶᠤᠸᠠᠢ ᠴᠢᠯᠠᠭᠤᠨ ᠤᠶᠢᠯᠡᠰ ᠤᠨ ᠨᠡᠶᠢᠯᠡᠮᠠᠯ ᠬᠠᠪᠲᠠᠰᠤᠨ ᠤ ᠤᠶᠢᠯᠡᠳᠪᠤᠷᠢᠯᠠᠯ ᠤᠨ ᠱᠤᠭᠤᠮ ᠤᠨ 3 ᠲᠦᠷᠤᠯ ᠵᠤᠶᠢᠯ ᠎ ᠢ ᠪᠠᠶᠢᠭᠤᠯᠤᠨ ᠠᠰᠢᠭᠯᠠᠯᠲᠠ ᠳᠤ ᠤᠷᠤᠭᠤᠯᠬᠤ ᠶᠢ ᠪᠠᠲᠤᠯᠠᠵᠤ᠂ ᠰᠢᠨ᠎ᠡ ᠦᠢᠯᠡᠳᠪᠦᠷᠢᠯᠡᠯ ᠤᠨ ᠮᠡᠷᠭᠡᠵᠢᠯ ᠢ ᠳᠠᠳᠠᠨ ᠤᠷᠤᠭᠤᠯᠵᠤ᠂ ᠰᠢᠨ᠎ᠡ ᠶᠢ ᠡᠬᠦᠲᠤᠨ᠂ ᠦᠨᠳᠤᠷ ᠨᠠᠮᠡᠯᠳᠠ ᠦᠷᠳᠡᠭᠲᠦ ᠪᠦᠳᠦᠭᠡᠭᠳᠡᠭᠦᠨ ᠢ ᠨᠡᠭᠡᠭᠡᠨ ᠬᠦᠭᠵᠢᠬᠦᠯᠤᠨ᠂ ︽ᠳᠤᠮᠳᠠᠳᠤ ᠤᠯᠤᠰ ᠤᠨ ᠤᠮᠠᠷᠠᠲᠦ ᠶᠢᠨ ᠴᠢᠯᠠᠭᠤᠨ  ᠮᠠᠲ᠋ᠧᠷᠢᠶᠠᠯ ᠤᠨ ᠦᠯᠤᠬᠡᠢ︾᠎ ᠶᠢᠨ ᠨᠡᠷ᠎ᠡ ᠲᠡᠮᠲᠡᠭ ᠤᠨ ᠲᠠᠪᠠᠭᠤᠯᠢᠭ ᠢᠶᠠᠨ ᠬᠦᠢᠴᠡᠳ ᠪᠠᠲᠠᠷᠭᠤᠯᠵᠤ᠂ ᠴᠢᠯᠠᠭᠤᠨ ᠮᠠᠲ᠋ᠧᠷᠢᠶᠠᠯ ᠤᠨ ᠪᠦᠲᠤᠬᠡᠭᠲᠡᠬᠦᠨ ᠤ ᠨᠡᠷ᠎ᠡ ᠠᠯᠲᠠᠷᠰᠢᠯ ᠪᠠ ᠵᠠᠬ᠎ᠠ ᠲᠡᠯᠬᠡᠬᠦᠷ ᠲᠠᠬᠢ ᠡᠵᠡᠯᠡᠬᠦ ᠬᠠᠷᠢᠴᠠᠯ ᠢ ᠤᠯᠠᠮ ᠲᠡᠬᠡᠭᠰᠢᠯᠡᠬᠦᠯᠤᠨ᠎ᠠ᠃ ᠪᠤᠬᠢᠷᠳᠤᠯ ᠦᠬᠡᠢ ᠡᠨᠧᠷᠬᠢ ᠶᠢᠨ ᠠᠵᠤ ᠤᠶᠢᠯᠡᠰ ᠤᠨ ᠲᠠᠯ᠎ᠠ ᠪᠠᠷ᠂ ᠵᠠᠭᠤᠨ ᠲᠦᠮᠠᠨ ᠺᠢᠯᠤᠸᠠᠲ ᠶᠢᠨ ᠨᠠᠷᠠ ᠰᠠᠯᠬᠢᠨ ᠤ ᠰᠢᠨ᠎ᠡ ᠡᠨᠧᠷᠬᠢ ᠶᠢᠨ ᠰᠠᠭᠤᠷᠢᠨ ᠭᠠᠵᠠᠷ ᠢ ᠪᠦᠬᠦ ᠬᠦᠴᠤᠨ ᠢᠶᠠᠷ ᠢᠶᠠᠨ ᠪᠠᠶᠢᠭᠤᠯᠵᠤ᠂ ᠦᠨᠲᠤᠷ ᠳᠠᠷᠤᠯᠲᠠᠲᠦ ᠪᠤᠬᠢᠷᠳᠤᠯ ᠦᠬᠡᠢ ᠡᠨᠧᠷᠬᠢ ᠶᠢ ᠭᠠᠲᠠᠭᠰᠢ ᠬᠦᠷᠬᠡᠬᠦ ᠰᠠᠭᠤᠷᠢᠨ ᠭᠠᠵᠠᠷ ᠤᠨ ᠪᠦᠲᠤᠬᠡᠨ ᠪᠠᠶᠢᠭᠤᠯᠤᠯᠲᠠ ᠶᠢᠨ ᠲᠦᠷᠤᠯ ᠵᠤᠶᠢᠯ ᠢ ᠠᠰᠢᠭᠯᠠᠯᠲᠠ ᠳᠤ ᠤᠷᠤᠭᠤᠯᠤᠨ᠂ ᠵᠢᠩ ᠨᠧᠩ ᠡᠷᠢᠶᠡᠨ ᠬᠤᠲᠠ ᠶᠢᠨ ᠪᠢᠴᠢᠯ ᠴᠠᠬᠢᠯᠭᠠᠨ ᠲᠤᠤᠷ ᠤᠨ ᠲᠦᠷᠤᠯ ᠵᠤᠶᠢᠯ ᠤᠨ ᠴᠠᠬᠢᠯᠭᠠᠨ ᠭᠠᠷᠭᠠᠬᠤ ᠶᠢ ᠪᠠᠲᠤᠯᠠᠵᠤ᠂ ᠵᠢᠩ ᠨᠧᠩ ᠺᠣᠮᠫᠠᠨᠢ ᠶᠢᠨ ᠴᠠᠬᠢᠯᠭᠠᠨ ᠬᠡᠷᠡᠭᠰᠡᠬᠦ ᠠᠵᠦ ᠠᠬᠤᠶᠢᠯᠠᠯ ᠢ ᠤᠷᠢᠨ ᠤᠷᠤᠭᠤᠯᠬᠤ ᠳᠤ ᠲᠡᠮᠵᠢᠯᠭᠡ ᠦᠵᠡᠬᠦᠯᠤᠨ᠎ᠠ᠃ ᠨᠡᠬᠦᠷᠡᠰᠤᠨ ᠤ ᠠᠵᠤ ᠤᠶᠢᠯᠡᠰ ᠤᠨ ᠲᠠᠯ᠎ᠠ ᠪᠠᠷ᠂ ᠲᠡᠬᠡᠲᠤ ᠱᠠᠲᠤᠨ ᠎ ᠤ ᠨᠡᠬᠦᠷᠡᠰᠤᠨ ᠠᠵᠤ ᠤᠶᠢᠯᠡᠰ ᠤᠨ ᠲᠦᠷᠤ ᠶᠢᠨ ᠪᠤᠲᠤᠯᠭ᠎ᠠ ᠶᠤᠰᠤᠭᠠᠷ ᠠᠵᠤ ᠠᠬᠤᠶᠢᠯᠠᠯ ᠢ ᠵᠤᠬᠢᠶᠠᠨ ᠪᠠᠶᠢᠭᠤᠯᠣᠨ ᠤᠶᠢᠯᠡᠳᠪᠦᠷᠢᠯᠡᠭᠦᠯᠵᠤ᠂ ᠢᠲᠡᠪᠬᠢᠵᠢᠬᠦᠯᠦᠭᠰᠡᠨ ᠨᠡᠬᠦᠷᠡᠰᠤ᠂ ᠰᠠᠪᠬᠠᠨ ᠨᠠᠭᠦᠷᠠᠰᠣ᠂ ᠦᠨᠳᠦᠷ ᠭᠷᠡᠳᠦ᠋ᠰ ᠤᠨ ᠵᠣᠣᠬᠠᠨ ᠎ ᠤ ᠰᠦᠷᠴᠢᠨ ᠦᠯᠢᠶᠡᠬᠦ ᠨᠡᠭᠦᠷᠠᠰᠦ᠂ ᠨᠡᠬᠦᠷᠡᠰᠤᠨ ᠴᠢᠯᠠᠭᠤ ᠶᠢ ᠶᠡᠷᠤᠩᠬᠡᠶᠢᠯᠡᠨ ᠠᠰᠢᠭᠯᠠᠵᠤ ᠪᠤᠯᠪᠠᠰᠤᠷᠠᠭᠤᠯᠬᠤ ᠵᠡᠷᠭᠡ ᠲᠦᠷᠤᠯ ᠵᠤᠶᠢᠯ ᠢ ᠢᠲᠡᠪᠬᠢᠲᠠᠢ ᠲᠦᠯᠬᠢᠨ ᠠᠬᠢᠭᠤᠯᠤᠨ᠎ᠠ᠃ ᠴᠢᠯᠠᠭᠤᠨ ᠲᠤᠰᠤ᠂ ᠪᠠᠶᠢᠭᠠᠯᠢ ᠶᠢᠨ ᠰᠢᠲᠠᠮᠠᠬᠠᠢ ᠬᠡᠢ ᠎ ᠶᠢᠨ ᠲᠠᠯ᠎ᠠ ᠪᠠᠷ᠂ ᠡᠯ᠎ᠡ ᠲᠦᠷᠤᠯ ᠤᠨ ᠵᠢᠵᠢᠭ ᠠᠵᠤ ᠠᠬᠤᠶᠢᠯᠠᠯ ᠢ ᠨᠡᠶᠢᠯᠡᠬᠦᠯᠤᠨ ᠲᠠᠬᠢᠨ ᠪᠠᠶᠢᠭᠤᠯᠬᠤ ᠶᠢ ᠲᠦᠯᠬᠢᠨ ᠠᠬᠢᠭᠤᠯᠵᠤ᠂ ᠬᠠᠶᠢᠨ ᠰᠢᠨᠵᠢᠵᠤ ᠨᠡᠬᠡᠬᠡᠨ ᠠᠰᠢᠭᠯᠠᠬᠤ ᠬᠦᠴᠤᠯᠡᠴᠨ ᠪᠠᠨ ᠨᠡᠮᠡᠭᠲᠡᠬᠦᠯᠤᠨ᠂ ᠪᠦᠬᠦ ᠵᠢᠯ ᠳᠤ 20 ᠴᠢᠯᠠᠭᠤᠨ ᠲᠤᠰᠤᠨ ᠤ ᠬᠤᠳᠲᠤᠭ ᠢ ᠬᠠᠶᠢᠨ ᠮᠠᠯᠲᠠᠵᠤ᠂ 4 ᠲᠦᠮᠠᠨ ᠲᠤᠨ ᠲᠦᠬᠦᠬᠡᠢ ᠲᠤᠰᠤ ᠤᠶᠢᠯᠡᠳᠪᠤᠷᠢᠯᠡᠨ᠎ᠠ ᠃ ᠪᠤᠳᠠᠳᠤ ᠬᠦᠴᠤᠨ ᠲᠠᠢ ᠠᠵᠤ ᠠᠬᠤᠶᠢᠯᠠᠯ ᠢ ᠤᠷᠢᠨ ᠤᠷᠤᠭᠤᠯᠵᠤ ᠤᠩᠭᠤᠨ ᠠᠭᠤᠯᠠ ᠴᠢᠯᠠᠭᠤᠨ ᠲᠤᠰᠤᠨ ᠤ ᠲᠤᠭᠤᠷᠢᠭ ᠢ ᠶᠡᠷᠤᠩᠬᠡᠢ ᠳᠤᠨᠢ ᠨᠡᠬᠡᠬᠡᠨ ᠬᠦᠭᠵᠢᠬᠦᠯᠬᠦ ᠶᠢ ᠠᠬᠢᠭᠤᠯᠤᠨ᠎ᠠ᠃ ᠲᠡᠮᠦᠷᠯᠢᠭ ᠮᠠᠯᠲᠠᠬᠤ ᠪᠤᠶᠤ ᠲᠡᠮᠦᠷᠯᠢᠭ ᠪᠤᠯᠪᠠᠰᠤᠷᠠᠭᠤᠯᠬᠤ ᠠᠵᠤ ᠤᠶᠢᠯᠡᠰ ᠤᠨ ᠲᠠᠯ᠎ᠠ ᠪᠠᠷ᠂ ᠠᠵᠤ ᠤᠶᠢᠯᠡᠰ ᠤᠨ ᠲᠦᠷᠤ ᠶᠢᠨ ᠪᠤᠲᠤᠯᠭ᠎ᠠ ᠶᠢᠨ ᠬᠡᠪᠴᠢᠶᠡᠨ ᠲᠤᠲᠤᠷ᠎ᠠ ᠲᠡᠮᠦᠷᠯᠢᠭ ᠪᠤᠯᠪᠠᠰᠤᠷᠠᠭᠤᠯᠬᠤ ᠠᠵᠤ ᠠᠬᠤᠶᠢᠯᠠᠯ ᠤᠨ ᠬᠡᠪ ᠤᠨ ᠤᠶᠢᠯᠡᠳᠪᠤᠷᠢᠯᠡᠯ ᠢ ᠪᠠᠲᠤᠯᠠᠨ᠎ᠠ᠃ ᠡᠨᠡ ᠵᠢᠯ ᠨᠢᠶᠤᠪᠢ ᠲᠠᠨᠲ᠋ᠠᠯ ᠤᠨ ᠠᠭᠤᠷᠬᠠᠢ ᠪᠠ ᠸᠣᠯᠹᠷᠠᠮ ᠪᠢᠰᠮᠦ᠋ᠲ ᠮᠦᠩᠭᠦ ᠣᠯᠠᠨ ᠲᠡᠮᠦᠷᠯᠢᠭ ᠤᠨ ᠠᠭᠤᠷᠬᠠᠢ ᠶᠢ ᠬᠠᠶᠢᠨ ᠰᠣᠩᠭᠤᠬᠤ ᠲᠦᠷᠦᠯ ᠵᠦᠢᠯ ᠢ ᠠᠵᠢᠯ ᠡᠭᠢᠯᠡᠭᠦᠯᠦᠨ ᠪᠦᠳᠦᠭᠡᠨ ᠪᠠᠶᠢᠭᠤᠯᠵᠦ᠂ ᠠᠯᠳᠠ ᠵᠢᠴᠢ ᠣᠯᠠᠨ ᠲᠡᠮᠦᠷᠯᠢᠭ ᠤᠨ ᠠᠭᠤᠷᠬᠠᠢ ᠶᠢᠨ ᠲᠦᠷᠤᠯ ᠵᠤᠶᠢᠯ ᠢ ᠤᠷᠤᠭᠤᠯᠤᠨ ᠬᠠᠶᠢᠨ ᠰᠢᠨᠵᠢᠯᠲᠠ ᠬᠢᠨ᠎ᠡ᠃              ᠠᠵᠤ ᠦᠢᠯᠡᠳᠪᠦᠷᠢ ᠶᠢᠨ ᠲᠤᠭᠤᠷᠢᠭ ᠤᠨ ᠪᠠᠶᠢᠭᠤᠯᠤᠯᠳᠠ ᠶᠢ ᠲᠤᠪᠤᠶᠢᠮ᠎ᠠ ᠠᠳᠬᠤᠨ᠎ᠠ᠃ ᠦᠪᠡᠷᠳᠡᠭᠡᠨ ᠵᠠᠰᠠᠬᠤ ᠤᠷᠤᠨ ᠤ ᠠᠵᠤ ᠦᠢᠯᠡᠳᠪᠦᠷᠢ ᠶᠢᠨ ᠤᠷᠴᠢᠯᠲᠤ ᠠᠵᠤ ᠠᠬᠤᠢ ᠶᠢᠨ ᠲᠤᠷᠰᠢᠯᠲᠠ ᠶᠢᠨ ᠵᠢᠱᠢᠶ᠎ᠡ ᠦᠵᠡᠭᠦᠯᠬᠦ ᠲᠤᠭᠤᠷᠢᠭ ᠤᠨ ᠪᠠᠷᠢᠮᠵᠢᠶ᠎ᠠ ᠶᠢᠨ ᠱᠠᠭᠠᠷᠳᠠᠯᠭ᠎ᠠ ᠶᠤᠰᠤᠭᠠᠷ᠂ ᠰᠠᠭᠤᠷᠢ ᠲᠦᠬᠦᠬᠡᠷᠤᠮᠵᠢ ᠶᠢ ᠦᠷᠬᠦᠯᠵᠢᠯᠠᠨ ᠲᠡᠬᠦᠯᠲᠠᠷᠵᠢᠬᠦᠯᠵᠤ᠂ ᠵᠠᠮ ᠨᠡᠪᠳᠡᠷᠡᠭᠦᠯᠭᠡ᠂ ᠨᠤᠭᠤᠭᠠᠷᠠᠭᠤᠯᠤᠯᠲᠠ᠂ ᠭᠤᠸᠠᠵᠢᠭᠤᠯᠤᠯᠲᠠ᠂ ᠤᠷᠴᠢᠨ ᠲᠤᠭᠤᠷᠢᠨ ᠤ ᠴᠡᠭᠴᠡᠯᠡᠯᠲᠠ ᠵᠡᠷᠬᠡ ᠲᠠᠯ᠎ᠠ ᠶᠢᠨ ᠬᠢᠷᠢ ᠲᠦᠪᠰᠢᠨ ᠢ ᠲᠡᠬᠡᠭᠰᠢᠯᠡᠬᠦᠯᠤᠨ᠂ ᠠᠵᠤ ᠤᠶᠢᠯᠡᠳᠪᠤᠷᠢ ᠶᠢᠨ ᠲᠤᠭᠤᠷᠢᠭ ᠤᠨ ᠴᠠᠬᠢᠯᠭᠠᠨ᠂ ᠲᠤᠯᠠᠭᠠᠯᠭ᠎ᠠ᠂ ᠤᠰᠤᠨ ᠤ ᠬᠡᠷᠡᠭᠴᠡᠭᠡ ᠶᠢ ᠪᠠᠲᠤᠯᠠᠨ᠎ᠠ᠃ ᠲᠤᠰᠬᠠᠢ ᠰᠠᠯᠠᠭ᠎ᠠ ᠮᠦᠴᠢᠷ ᠎ ᠠᠴᠠ ᠠᠵᠤ ᠤᠶᠢᠯᠡᠳᠪᠤᠷᠢ ᠶᠢᠨ ᠲᠤᠭᠤᠷᠢᠭ ᠲᠤ ᠠᠵᠢᠯ ᠤᠨ ᠲᠤᠭᠤᠶᠢᠯᠠᠩ ᠲᠤᠮᠢᠯᠠᠵᠤ ᠰᠠᠭᠤᠯᠭᠠᠬᠤ᠂ ᠲᠤᠭᠤᠷᠢᠭ ᠬᠤᠪᠢᠶᠠᠨ ᠬᠠᠤᠯᠢ ᠬᠡᠷᠡᠭᠵᠢᠬᠦᠯᠬᠦ ᠲᠤᠮᠲᠠ ᠠᠩᠬᠢ ᠶᠢ ᠪᠠᠶᠢᠭᠤᠯᠬᠤ ᠵᠡᠷᠬᠡ ᠠᠷᠭ᠎ᠠ ᠬᠡᠯᠪᠡᠷᠢ ᠶᠢ ᠰᠦᠪᠡᠭᠴᠢᠯᠡᠵᠤ᠂ ᠠᠵᠤ ᠤᠶᠢᠯᠡᠳᠪᠤᠷᠢ ᠶᠢᠨ ᠲᠤᠭᠤᠷᠢᠭ ᠤᠨ ᠡᠯ᠎ᠡ ᠲᠦᠷᠤᠯ ᠤᠨ ᠬᠢᠨᠠᠨ ᠬᠠᠮᠢᠶᠠᠷᠤᠯᠲᠠ ᠶᠢᠨ ᠠᠵᠢᠯ ᠢ ᠤᠯᠠᠮ ᠲᠦᠷᠢᠮᠵᠢᠬᠦᠯᠤᠨ᠎ᠠ᠃              ︵ᠲᠦᠷᠪᠡ︶ ᠠᠵᠤ ᠠᠬᠤᠢ ᠶᠢᠨ ᠪᠦᠲᠤᠴᠡ ᠶᠢ ᠰᠢᠯᠢᠲᠡᠭᠵᠢᠬᠦᠯᠬᠦ ᠪᠠᠷ ᠭᠠᠷᠳᠠᠴᠠ ᠪᠤᠯᠭᠠᠨ᠂ ᠤᠶᠢᠯᠡᠴᠢᠯᠡᠬᠡᠨ ᠤ ᠤᠶᠢᠯᠡᠰ ᠤᠨ ᠬᠦᠭᠵᠢᠯᠲᠠ ᠶᠢᠨ ᠲᠦᠪᠰᠢᠨ ᠢ ᠤᠯᠠᠮ ᠲᠡᠬᠡᠭᠰᠢᠯᠡᠬᠦᠯᠤᠨ᠎ᠠ᠃              ᠪᠦᠬᠦ ᠬᠤᠰᠢᠭᠤᠨ ᠤ ᠰᠤᠶᠤᠯ ᠵᠢᠭᠤᠯᠴᠢᠯᠠᠯ ᠤᠨ ᠤᠶᠢᠯᠡᠰ ᠢ ᠶᠡᠬᠡᠪᠡᠷ ᠬᠦᠭᠵᠢᠬᠦᠯᠤᠨ᠎ᠠ᠃ ᠵᠢᠭᠤᠯᠴᠢᠯᠠᠯ ᠤᠨ ᠬᠦᠭᠵᠢᠬᠦᠯᠤᠯᠲᠠ ᠶᠢᠨ ᠲᠦᠯᠤᠪᠵᠢᠬᠦᠯᠬᠡ ᠶᠢ ᠱᠠᠯᠠᠪᠲᠠᠨ ᠰᠤᠲᠤᠯᠤᠨ ᠲᠤᠭᠲᠠᠭᠠᠵᠤ᠂《 ᠵᠢᠭᠤᠯᠴᠢᠯᠠᠯ +》ᠬᠦᠭᠵᠢᠯᠲᠠ ᠶᠢᠨ ᠰᠡᠳᠬᠢᠴᠨ ᠶᠤᠰᠤᠭᠠᠷ᠂ ᠪᠦᠬᠦ ᠬᠤᠰᠢᠭᠤᠨ ᠤ ᠵᠢᠭᠤᠯᠴᠢᠯᠠᠯ᠂ ᠵᠠᠭᠠᠭ ᠠᠯᠤᠰᠯᠠᠭᠰᠠᠨ ᠵᠢᠭᠤᠯᠴᠢᠯᠠᠯ᠂ ᠲᠦᠷᠪᠠᠨ ᠤᠯᠠᠷᠢᠯ ᠤᠨ ᠵᠢᠭᠤᠯᠴᠢᠯᠠᠯ ᠤᠨ ᠠᠬᠢᠴᠠ ᠶᠢ ᠲᠦᠷᠬᠡᠳᠬᠡᠨ᠂ ︽ᠠᠰᠤᠷᠤ ᠬᠦᠭᠯᠡᠭᠰᠡᠨ ᠲᠤᠷᠭᠠᠨ ᠨᠤᠲᠤᠭ ᠬᠦᠪᠡᠭᠡᠲᠤ ᠰᠢᠷ᠎ᠠ ᠬᠤᠰᠢᠭᠤ︾ ᠰᠤᠶᠤᠯ ᠵᠢᠭᠤᠯᠴᠢᠯᠠᠯ ᠤᠨ ᠨᠡᠷ᠎ᠡ ᠲᠡᠮᠲᠡᠭ ᠢ ᠴᠢᠷᠮᠠᠶᠢᠨ ᠡᠬᠦᠳᠴᠤ᠂ ︽ᠵᠢᠷᠭᠤᠭᠠᠨ ᠨᠢᠬᠡ︾᠎ ᠶᠢᠨ ᠪᠠᠶᠢᠭᠤᠯᠤᠯᠲᠠ ᠶᠢᠨ ᠢᠨᠵᠧᠨᠧᠷᠢᠩ ᠢ ᠯᠠᠪᠲᠠᠭᠤᠨ ᠢᠶᠠᠷ ᠠᠬᠢᠭᠤᠯᠵᠤ᠂ ᠵᠢᠭᠤᠯᠴᠢᠯᠠᠯ ᠤᠨ ᠰᠠᠭᠤᠷᠢ ᠲᠦᠬᠦᠬᠡᠷᠤᠮᠵᠢ ᠶᠢᠨ ᠨᠦᠬᠦᠴᠠᠯ ᠢ ᠦᠨᠡᠨᠬᠦ ᠰᠠᠶᠢᠵᠢᠷᠠᠭᠤᠯᠤᠨ᠂ ᠵᠢᠭᠤᠯᠴᠢᠯᠠᠯ ᠤᠨ ᠵᠠᠰᠠᠮᠠᠯ ᠵᠠᠮ ᠤᠨ ᠪᠦᠲᠤᠬᠡᠨ ᠪᠠᠶᠢᠭᠤᠯᠤᠯᠲᠠ᠂ ᠦᠵᠡᠮᠵᠢ ᠶᠢᠨ ᠤᠷᠤᠨ ᠴᠢᠭ ᠢ ᠦᠬᠡᠷᠡᠴᠢᠯᠠᠨ ᠪᠠᠶᠢᠭᠤᠯᠬᠤ᠂ ᠵᠠᠮ ᠬᠠᠷᠢᠯᠴᠠᠭᠠᠨ ᠤ ᠲᠡᠮᠲᠡᠭ ᠢᠯᠡᠷᠬᠡᠶᠢᠯᠡᠯ᠂ ᠭᠠᠲᠠᠭᠰᠢ ᠤᠬᠠᠭᠤᠯᠤᠨ ᠲᠠᠨᠢᠯᠴᠠᠭᠤᠯᠬᠤ ᠵᠡᠷᠬᠡ ᠠᠵᠢᠯ ᠢ ᠨᠢᠬᠡᠲᠤᠯᠲᠠᠢ ᠲᠦᠯᠦᠪᠵᠢᠭᠦᠯᠦᠨ ᠠᠳᠬᠤᠵᠤ᠂ ᠲᠠᠷᠬᠠᠢ ᠪᠤᠲᠠᠷᠬᠠᠢ ᠦᠵᠡᠮᠵᠢ ᠶᠢᠨ ᠤᠷᠤᠨ ᠴᠢᠭ ᠪᠠ ᠵᠢᠭᠤᠯᠴᠢᠯᠠᠯ ᠤᠨ ᠡᠬᠢ ᠪᠠᠶᠠᠯᠢᠭ ᠢ ᠬᠤᠯᠪᠤᠨ ᠵᠠᠯᠭᠠᠯᠳᠤᠭᠤᠯᠤᠨ᠎ᠠ᠃ ᠠᠶᠢᠮᠠᠭ ᠤᠨ ᠲᠤᠲᠤᠷᠡᠬᠢ ᠬᠤᠰᠢᠭᠤ ᠰᠢᠶᠠᠨ ᠵᠢᠴᠢ ᠤᠯᠠᠭᠠᠨᠴᠠᠪ ᠪᠤᠯᠤᠨ ᠪᠡᠬᠡᠵᠢᠩ ᠲᠢᠶᠠᠨᠵᠢᠨ ᠡᠾᠧᠪᠸᠢ ᠵᠡᠷᠬᠡ ᠭᠠᠵᠠᠷ ᠤᠷᠤᠨ ᠯᠤᠭ᠎ᠠ ᠶᠢᠨ ᠬᠠᠮᠲᠤᠷᠠᠯᠴᠠᠭ᠎ᠠ ᠎ ᠪᠠᠨ ᠴᠢᠩᠭᠠᠳᠬᠠᠨ᠂ ᠤᠷᠤᠨ ᠲᠤᠭᠤᠷᠢᠭ ᠤᠨ ᠵᠢᠭᠤᠯᠴᠢᠯᠠᠯ ᠰᠤᠯᠢᠯᠴᠠᠭ᠎ᠠ ᠬᠠᠮᠲᠤᠷᠠᠯᠴᠠᠭᠠᠨ ᠤ ᠲᠠᠪᠴᠠᠩ ᠢ ᠪᠦᠲᠤᠬᠡᠨ ᠪᠠᠶᠢᠭᠤᠯᠵᠤ᠂ ᠰᠤᠶᠤᠯ ᠵᠢᠭᠤᠯᠴᠢᠯᠠᠯ ᠤᠨ ᠤᠶᠢᠯᠡᠰ ᠤᠨ ᠬᠦᠭᠵᠢᠯᠲᠠ ᠳᠤ ᠤᠬᠢ ᠰᠠᠶᠢᠨ ᠨᠦᠬᠦᠴᠠᠯ ᠡᠬᠦᠳᠬᠦ ᠶᠢ ᠠᠬᠢᠭᠤᠯᠤᠨ᠎ᠠ᠃ ᠠᠰᠤᠷᠤ ᠰᠤᠶᠤᠯ ᠵᠢᠭᠤᠯᠴᠢᠯᠠᠯ ᠤᠨ ᠲᠠᠸᠠᠷ ᠤᠨ ᠲᠡᠮᠲᠡᠭ ᠢ ᠲᠡᠩᠰᠠᠯᠠᠭᠤᠯᠵᠤ᠂ ᠦᠨᠲᠤᠰᠤᠲᠠᠨ ᠤ ᠭᠠᠷ ᠤᠷᠠᠯᠠᠯ ᠤᠨ ᠪᠦᠲᠤᠬᠡᠭᠲᠡᠬᠦᠨ᠂ ᠦᠨᠲᠤᠰᠤᠲᠠᠨ ᠤ ᠬᠤᠪᠴᠡᠰᠤ ᠵᠠᠰᠠᠯ᠂ ᠴᠠᠭᠠᠨ ᠢᠲᠡᠭᠡ᠂ ᠤᠨᠴᠠᠯᠢᠭᠲᠤ ᠢᠲᠡᠬᠡᠨ ᠤᠮᠲᠠᠭᠠᠨ ᠵᠡᠷᠬᠡ ᠰᠢᠷᠢᠰ ᠵᠢᠭᠤᠯᠴᠢᠯᠠᠯ ᠤᠨ ᠲᠠᠸᠠᠷ ᠤᠨ ᠠᠵᠤ ᠠᠬᠤᠶᠢᠯᠠᠯ ᠢ ᠶᠡᠬᠡᠪᠡᠷ ᠲᠡᠮᠵᠢᠨ᠎ᠠ᠃ ᠦᠨᠲᠤᠰᠤᠲᠠᠨ ᠤ ᠰᠤᠶᠤᠯ ᠤᠷᠠᠯᠢᠭ ᠲᠤᠭᠯᠠᠯᠲᠠ ᠶᠢᠨ ᠰᠤᠳᠤᠨ ᠪᠦᠲᠤᠬᠡᠯ ᠢ ᠴᠢᠷᠮᠠᠶᠢᠨ ᠡᠬᠦᠳᠴᠤ᠂ ᠠᠰᠤᠷᠤ ᠠᠶᠠᠯᠭᠤ ᠶᠢᠨ ᠨᠤᠲᠤᠭ ᠤᠨ ᠡᠬᠢ ᠪᠡᠶᠡᠯᠢᠭ᠋ ᠤᠨ ᠲᠠᠪᠠᠭᠤᠯᠢᠭ ᠲᠠᠭᠠᠨ ᠲᠦᠰᠢᠭᠯᠡᠨ᠂ ᠲᠤᠲᠤᠭᠠᠲᠤ ᠠᠭᠤᠯᠬᠤᠨ ᠡᠯᠪᠡᠭ ᠪᠠᠶᠠᠯᠢᠭ᠂ ᠢᠯᠡ ᠲᠤᠲᠤᠷᠬᠠᠢ ᠤᠨᠴᠠᠯᠢᠭ ᠪᠦᠬᠦᠢ ᠦᠨᠲᠤᠰᠤᠲᠠᠨ ᠤ ᠤᠷᠠᠯᠢᠭ ᠤᠨ ᠰᠢᠯᠢᠳᠡᠭ ᠪᠦᠲᠤᠬᠡᠯ ᠢ ᠨᠠᠶᠢᠷᠠᠭᠤᠯᠤᠨ ᠵᠤᠬᠢᠶᠠᠨ᠎ᠠ᠃              ᠤᠲᠤᠬᠢᠴᠢᠯᠠᠭᠰᠠᠨ ᠤᠶᠢᠯᠡᠴᠢᠯᠡᠬᠡᠨ ᠤ ᠤᠶᠢᠯᠡᠰ ᠢ ᠬᠦᠭᠵᠢᠬᠦᠯᠬᠦ ᠶᠢ ᠵᠤᠷᠢᠭᠵᠢᠭᠤᠯᠤᠨ᠎ᠠ᠃ ᠰᠤᠷᠠᠭ ᠵᠠᠩᠬᠢ ᠶᠢᠨ ᠡᠬᠢ ᠪᠡᠶᠡᠯᠢᠭ᠋ ᠢ ᠨᠢᠬᠡᠲᠤᠬᠦᠯᠬᠦ ᠪᠠ ᠳᠣᠮᠣ ᠳ᠋ᠡᠶᠢᠲ᠋ᠠ ᠠᠵᠤ ᠤᠶᠢᠯᠡᠰ ᠤᠨ ᠬᠦᠭᠵᠢᠯᠲᠠ ᠶᠢ ᠬᠦᠨᠵᠡᠬᠡᠢ ᠠᠬᠢᠭᠤᠯᠵᠤ᠂ ︽ᠢᠨᠲ᠋ᠧᠷ ᠰᠦᠯᠵᠢᠶ᠎ᠡ +︾᠎ ᠶᠢ ᠢᠲᠡᠪᠬᠢᠲᠠᠢ ᠳᠡᠯᠭᠡᠷᠡᠭᠦᠯᠦᠨ᠂ ᠨᠢᠬᠡ ᠪᠦᠯᠦᠭ ᠰᠢᠨ᠎ᠡ ᠎ ᠪᠠᠷ ᠬᠦᠭᠵᠢᠵᠤ ᠪᠠᠶᠢᠭ᠎ᠠ ᠠᠵᠤ ᠤᠶᠢᠯᠡᠰ ᠤᠨ ᠲᠦᠷᠤᠯ ᠵᠤᠶᠢᠯ ᠢ ᠪᠤᠶᠢᠵᠢᠭᠤᠯᠵᠤ᠂ ᠤᠶᠢᠯᠡᠴᠢᠯᠡᠬᠡᠨ ᠤ ᠤᠶᠢᠯᠡᠰ ᠤᠨ ᠬᠦᠭᠵᠢᠯᠲᠠ ᠶᠢᠨ ᠲᠡᠰ ᠪᠠ ᠬᠢᠷᠢ ᠲᠦᠪᠰᠢᠨ ᠢ ᠲᠠᠰᠤᠷᠠᠯᠲᠠ ᠦᠬᠡᠢ ᠲᠡᠬᠡᠭᠰᠢᠯᠡᠬᠦᠯᠤᠨ᠎ᠠ᠃ ᠴᠢᠯᠠᠭᠤᠨ ᠮᠠᠲ᠋ᠧᠷᠢᠶᠠᠯ ᠎ ᠤᠨ ᠪᠦᠲᠤᠬᠡᠭᠲᠡᠬᠦᠨ᠂ ᠴᠠᠬᠠᠷ ᠬᠤᠨᠢᠨ ᠤ ᠮᠢᠬᠠᠨ ᠤ ᠪᠦᠲᠤᠬᠡᠭᠲᠡᠬᠦᠨ᠂ ᠦᠨᠲᠤᠰᠤᠲᠠᠨ ᠤ ᠬᠤᠪᠴᠠᠰᠤ ᠵᠠᠰᠠᠯ ᠪᠠ ᠴᠠᠭᠠᠨ ᠢᠲᠡᠭᠡ ᠵᠡᠷᠬᠡ ᠭᠠᠵᠠᠷ ᠤᠷᠤᠨ ᠤ ᠤᠨᠴᠠᠯᠢᠭᠲᠤ ᠪᠦᠲᠦᠭᠡᠭᠳᠡᠭᠦᠨ ᠤ ᠡᠯᠧᠺᠲᠷᠤᠨ ᠬᠤᠲᠠᠯᠲᠤᠭᠠᠨ ᠤ ᠠᠵᠤ ᠤᠶᠢᠯᠠᠰ ᠤᠨ ᠬᠡᠯᠬᠢᠶᠡᠰᠤ ᠶᠢ ᠬᠦᠴᠤᠯᠡᠨ ᠪᠤᠢ ᠪᠤᠯᠭᠠᠨ᠎ᠠ᠃ ᠴᠢᠯᠠᠭᠤᠨ ᠲᠤᠰᠤ᠂ ᠴᠢᠯᠠᠭᠤᠨ ᠮᠠᠲ᠋ᠧᠷᠢᠶᠠᠯ᠂ ᠨᠡᠬᠦᠷᠡᠰᠤ᠂ ᠮᠠᠯ ᠤᠨ ᠠᠰᠢᠭ ᠰᠢᠮ᠎ᠡ ᠶᠢᠨ ᠪᠦᠲᠤᠬᠡᠭᠲᠡᠬᠦᠨ ᠵᠡᠷᠬᠡ ᠨᠡᠶᠢᠲᠡᠯᠢᠭ ᠲᠤᠮᠤ ᠲᠠᠸᠠᠷ ᠢᠶᠠᠷ ᠭᠤᠤᠯᠲᠠᠯᠭ᠎ᠠ ᠪᠤᠯᠭᠠᠨ᠂ ᠵᠠᠮ ᠬᠠᠷᠢᠯᠴᠠᠭᠠᠨ ᠤ ᠵᠦᠬᠡᠬᠡᠪᠤᠷᠢ᠂ ᠪᠠᠷᠠᠭᠠᠨ ᠤ ᠵᠦᠭᠡᠭᠡᠪᠦᠷᠢ ᠶᠢ ᠤᠷᠤᠯᠠᠨ ᠬᠦᠢᠴᠡᠳᠭᠡᠬᠦ ᠵᠡᠷᠬᠡ ᠪᠤᠲᠠᠰ ᠎ ᠤᠨ ᠬᠦᠢᠯᠬᠡᠬᠡᠨ ᠤ ᠡᠬᠢ ᠪᠠᠶᠠᠯᠢᠭ ᠢ ᠨᠢᠬᠡᠳᠬᠡᠨ᠂ ᠹᠠᠩ ᠶᠤᠸᠠᠨ ᠪᠤᠲᠠᠰ ᠤᠨ ᠬᠦᠢᠯᠬᠡᠬᠡᠨ ᠤ ᠲᠤᠭᠤᠷᠢᠭ ᠤᠨ ᠲᠡᠰ ᠲᠡᠪᠰᠢᠬᠦᠯᠤᠨ ᠦᠬᠡᠷᠡᠴᠢᠯᠠᠨ ᠪᠠᠶᠢᠭᠤᠯᠬᠤ ᠠᠬᠢᠴᠠ ᠶᠢ ᠲᠦᠷᠬᠡᠳᠬᠡᠨ᠂ ᠪᠤᠲᠠᠰ ᠤᠨ ᠬᠦᠢᠯᠬᠡᠬᠡᠨ ᠤ ᠲᠠᠭᠠᠭᠠᠴᠠ ᠶᠢᠨ ᠴᠢᠲᠠᠮᠵᠢ ᠪᠠ ᠡᠷᠬᠢᠯᠲᠠ ᠶᠢᠨ ᠠᠰᠢᠭᠯᠠᠮᠵᠢ ᠶᠢ ᠤᠯᠠᠮ ᠲᠡᠬᠡᠭᠰᠢᠯᠡᠬᠦᠯᠤᠨ᠎ᠠ᠃ ᠨᠠᠰᠤᠵᠢᠯ ᠤᠨ ᠠᠰᠠᠷᠠᠮᠵᠢ ᠶᠢᠨ ᠤᠶᠢᠯᠡᠴᠢᠯᠡᠬᠡᠨ ᠤ ᠤᠶᠢᠯᠡᠰ ᠢ ᠢᠲᠡᠪᠬᠢᠲᠠᠢ ᠬᠦᠭᠵᠢᠬᠦᠯᠵᠤ᠂ ᠠᠷᠠᠯᠵᠢᠶᠡᠴᠢᠨ ᠤᠷᠢᠵᠤ ᠪᠡᠯᠡ ᠮᠦᠩᠬᠦ ᠲᠠᠲᠠᠬᠤ ᠪᠠ PPP ᠬᠡᠪ ᠵᠠᠭᠪᠤᠷ ᠢᠶᠠᠷ ᠲᠠᠮᠵᠢᠨ᠂ ᠨᠡᠶᠢᠬᠡᠮ ᠤᠨ ᠬᠦᠷᠤᠩᠬᠡ ᠶᠢ ᠪᠦᠲᠤᠬᠡᠨ ᠪᠠᠶᠢᠭᠤᠯᠤᠯᠲᠠ ᠳᠤ ᠲᠠᠲᠠᠨ ᠤᠷᠤᠭᠤᠯᠤᠨ᠎ᠠ᠃ ᠲᠡᠯᠬᠡᠨ ᠦᠵᠡᠬᠦᠯᠤᠯᠬᠡ ᠶᠢᠨ ᠤᠶᠢᠯᠡᠴᠢᠯᠡᠭᠡ ᠶᠢ ᠬᠦᠭᠵᠢᠬᠦᠯᠬᠦ᠂ ᠮᠦᠩᠬᠦᠨ ᠬᠦᠢᠯᠬᠡᠬᠡᠨ ᠤ ᠲᠠᠭᠠᠳᠬᠠᠯ᠂ ᠬᠡᠷ ᠤᠨ ᠶᠠᠪᠤᠳᠠᠯ ᠤᠨ ᠤᠶᠢᠯᠡᠴᠢᠯᠡᠭᠡ᠂ ᠠᠰᠠᠭᠤᠨ ᠯᠠᠪᠯᠠᠬᠤ ᠵᠠᠭᠤᠴᠢᠯᠠᠭᠤᠷ ᠵᠡᠷᠬᠡ ᠠᠵᠤ ᠤᠶᠢᠯᠡᠰ ᠢ ᠲᠡᠳᠬᠦᠨ ᠲᠡᠮᠵᠢᠨ᠎ᠠ᠃              ︵ᠲᠠᠪᠤ︶ ᠪᠠᠲᠤᠯᠠᠭ᠎ᠠ ᠶᠢᠨ ᠴᠢᠲᠠᠪᠤᠷᠢ ᠶᠢ ᠲᠡᠬᠡᠭᠰᠢᠯᠡᠬᠦᠯᠬᠦ ᠪᠠᠷ ᠭᠠᠷᠳᠠᠴᠨ ᠪᠤᠯᠭᠠᠨ᠂ ᠬᠤᠲᠠ ᠬᠦᠲᠡᠭᠡ ᠶᠢᠨ ᠦᠨᠲᠤᠰᠤᠨ ᠨᠠᠶᠢᠲᠠ ᠶᠢᠨ ᠤᠶᠢᠯᠡᠴᠢᠯᠡᠬᠡᠨ ᠤ ᠴᠢᠲᠠᠮᠵᠢ ᠶᠢ ᠤᠯᠠᠮ ᠲᠡᠬᠦᠯᠲᠡᠷᠵᠢᠬᠦᠯᠤᠨ᠎ᠠ᠃              ᠬᠤᠲᠠ ᠪᠠᠯᠭᠠᠰᠤᠨ ᠤ ᠪᠦᠲᠤᠬᠡᠨ ᠪᠠᠶᠢᠭᠤᠯᠤᠯᠲᠠ ᠶᠢᠨ ᠬᠠᠮᠢᠶᠠᠷᠤᠯᠲᠠ ᠶᠢ ᠴᠢᠩᠭ᠎ᠠ ᠠᠳᠬᠤᠨ᠎ᠠ᠃ ︽ᠦᠨᠲᠤᠷ ᠵᠤᠭᠰᠤᠴᠠ ᠠᠴᠠ ᠲᠦᠯᠦᠪᠵᠢᠭᠦᠯᠦᠨ᠂ ᠦᠨᠲᠤᠷ ᠪᠠᠷᠢᠮᠵᠢᠶ᠎ᠠ ᠪᠠᠷ ᠪᠦᠲᠤᠬᠡᠨ ᠪᠠᠶᠢᠭᠤᠯᠵᠤ᠂ ᠦᠨᠲᠤᠷ ᠬᠦᠴᠤᠯᠠᠴᠠ ᠪᠠᠷ ᠪᠡᠯᠡ ᠤᠷᠤᠭᠤᠯᠤᠨ᠂ ᠦᠨᠲᠤᠷ ᠦᠷ᠎ᠡ ᠠᠰᠢᠭᠲᠤ ᠬᠠᠮᠢᠶᠠᠷᠤᠯᠲᠠ ᠶᠢ ᠬᠡᠷᠡᠭᠵᠢᠬᠦᠯᠤᠨ᠂ ᠦᠨᠲᠤᠷ ᠬᠢᠷᠢ ᠲᠦᠪᠰᠢᠨ ᠢᠶᠠᠷ ᠡᠵᠡᠩᠨᠡᠬᠦ︾ ᠱᠠᠭᠠᠷᠲᠠᠯᠭ᠎ᠠ ᠶᠢ ᠪᠠᠷᠢᠮᠲᠠᠯᠠᠵᠤ᠂ ᠰᠤᠶᠤᠯ᠂ ᠵᠢᠭᠤᠯᠴᠢᠯᠠᠯ᠂ ᠠᠷᠠᠳ ᠤᠨ ᠠᠮᠢᠲᠤᠷᠠᠯ ︽ᠭᠤᠷᠪᠠ ᠶᠢ ᠨᠢᠬᠡ ᠴᠤᠭᠴᠠᠵᠢᠭᠤᠯᠬᠤ︾ ᠪᠦᠲᠤᠬᠡᠨ ᠪᠠᠶᠢᠭᠤᠯᠤᠯᠲᠠ ᠶᠢᠨ ᠤᠶᠢᠯᠠᠭᠠᠭᠳᠠᠬᠤᠨ ᠶᠤᠰᠤᠭᠠᠷ᠂ ᠬᠤᠲᠠ ᠪᠠᠯᠭᠠᠰᠤᠨ ᠤ ᠲᠦᠯᠦᠪᠵᠢᠭᠦᠯᠭᠡ ᠶᠢᠨ ᠪᠦᠲᠤᠬᠡᠨ ᠪᠠᠶᠢᠭᠤᠯᠤᠯᠲᠠ ᠶᠢᠨ ᠬᠠᠮᠢᠶᠠᠷᠤᠯᠲᠠ ᠶᠢ ᠲᠡᠰ ᠲᠡᠪᠰᠢᠬᠦᠯᠬᠦ ᠭᠤᠷᠪᠠᠨ ᠵᠢᠯ ᠤᠨ ᠠᠵᠢᠯᠯᠠᠭ᠎ᠠ ᠶᠢ ᠡᠬᠢᠯᠠᠨ ᠬᠡᠷᠡᠭᠵᠢᠬᠦᠯᠤᠨ᠎ᠠ᠃ ᠭᠤᠤᠯ ᠲᠠᠭᠠᠦ ᠦᠵᠡᠮᠵᠢ ᠶᠢᠨ ᠲᠤᠭᠤᠷᠢᠭ ᠤᠨ ᠬᠠᠮᠠᠭᠠᠯᠠᠯᠲᠠ ᠨᠤᠭᠤᠭᠠᠷᠠᠭᠤᠯᠤᠯᠲᠠ ᠪᠠ ᠭᠤᠤᠯ ᠪᠤᠯᠬᠤ ᠵᠠᠮ ᠤᠨ ᠭᠡᠰᠡᠭ ᠤᠨ ᠭᠤᠤᠯᠲᠠᠯᠭᠠᠲᠤ ᠤᠷᠤᠨ ᠢ ᠤᠶᠢᠵᠢᠭᠤᠯᠤᠨ ᠲᠡᠰ ᠲᠡᠪᠰᠢᠬᠦᠯᠬᠦ ᠢᠨᠵᠧᠨᠧᠷᠢᠩ ᠢ ᠰᠠᠶᠢᠲᠤᠷ ᠠᠳᠬᠤᠵᠤ᠂ 17 ᠲᠦᠮᠠᠨ ᠳᠡᠭᠰᠢ ᠲᠦᠷᠪᠡᠯᠵᠢᠨ ᠮᠧᠲᠷ ᠤᠨ ᠠᠰᠤᠷᠤ ᠤᠷᠠᠯᠢᠭ ᠤᠨ ᠠᠮᠢ ᠠᠬᠤᠢ ᠶᠢᠨ ᠬᠡᠪ ᠨᠠᠮᠪᠠ ᠲᠠᠢ ᠬᠦᠷᠢᠶᠡᠯᠠᠩ ᠢ ᠪᠠᠶᠢᠭᠤᠯᠵᠤ᠂ ᠭᠤᠮ ᠲᠠᠯᠠᠩ ᠢ ᠦᠷᠭᠦᠯᠵᠢᠯᠡᠨ ᠪᠠᠶᠢᠭᠤᠯᠬᠤ ᠠᠵᠢᠯ ᠢ ᠪᠡᠶᠡᠯᠡᠭᠦᠯᠦᠨ᠂ 208 ᠮᠤᠵᠢ ᠶᠢᠨ ᠲᠡᠰ ᠤᠨ ᠵᠠᠰᠠᠮᠠᠯ ᠵᠠᠮ ᠎ ᠢ ᠶᠡᠷᠤᠩᠬᠡᠶᠢᠯᠠᠨ ᠦᠬᠡᠷᠡᠴᠢᠯᠠᠨ ᠵᠠᠰᠠᠬᠤ ᠪᠠ ᠰᠢᠨᠡᠪᠤᠯᠠᠭ ᠬᠦᠬᠦᠷᠬᠡ᠂ ᠠᠮᠤᠭᠤᠯᠠᠩ ᠬᠦᠬᠦᠷᠬᠡ ᠶᠢ ᠦᠬᠡᠷᠡᠴᠢᠯᠠᠨ ᠦᠷᠬᠡᠳᠬᠡᠨ ᠪᠠᠶᠢᠭᠤᠯᠬᠤ ᠢᠨᠵᠧᠨᠧᠷᠢᠩ ᠢ ᠬᠡᠷᠡᠭᠵᠢᠬᠦᠯᠤᠨ᠎ᠠ᠃ ᠬᠠᠲᠠᠭᠤᠷᠠᠭᠤᠯᠤᠯᠲᠠ᠂ ᠭᠡᠭᠡᠷᠡᠭᠦᠯᠦᠯᠲᠠ ᠶᠢᠨ ᠢᠨᠵᠧᠨᠧᠷᠢᠩ ᠢ ᠦᠷᠬᠦᠯᠵᠢᠯᠠᠨ ᠬᠡᠷᠡᠭᠵᠢᠭᠦᠯᠵᠦ᠂ ᠦᠯᠡᠳᠡᠭᠳᠡᠯ ᠴᠢᠯᠠᠭᠤᠨ ᠮᠠᠲ᠋ᠧᠷᠢᠶᠠᠯ ᠤᠨ ᠡᠬᠢ ᠪᠠᠶᠡᠯᠢᠭ᠋ ᠢ ᠬᠦᠢᠴᠡᠳ ᠠᠰᠢᠭᠯᠠᠵᠤ᠂ 4 ᠵᠤᠷᠪᠤᠰ ᠵᠡᠬᠡᠯᠢ ᠭᠤᠳᠤᠮᠵᠢ ᠶᠢᠨ ᠶᠡᠪᠠᠭᠠᠨ ᠬᠦᠮᠦᠨ ᠤ ᠵᠠᠮ ᠱᠤᠭᠤᠮ ᠢ ᠦᠬᠡᠷᠡᠴᠢᠯᠠᠨ ᠵᠠᠰᠠᠨ᠎ᠠ᠃ ᠬᠤᠲᠠ ᠪᠠᠯᠭᠠᠰᠤᠨ ᠤ ᠭᠤᠤᠯ ᠪᠤᠯᠬᠤ ᠤᠷᠤᠵᠤ ᠭᠠᠷᠬᠤ ᠬᠡᠰᠡᠭ ᠪᠠ ᠵᠠᠷᠢᠮ ᠵᠠᠮ ᠱᠤᠭᠤᠮ ᠤᠨ ᠭᠡᠰᠡᠭ ᠎ ᠲᠤ 320 ᠵᠠᠮ ᠤᠨ ᠳ᠋ᠧᠩ ᠢ ᠤᠭᠰᠠᠷᠠᠨ᠎ᠠ᠃ ᠰᠢᠨᠡᠪᠤᠯᠠᠭ ᠪᠠᠯᠭᠠᠰᠤᠨ ᠤ ᠠᠮᠢᠲᠤᠷᠠᠯ ᠤᠨ ᠬᠤᠭ ᠨᠤᠪᠰᠢ ᠶᠢᠨ ᠰᠢᠩᠭᠡᠨ ᠪᠡᠶᠡᠲᠤ ᠨᠡᠪᠴᠢᠬᠦ ᠶᠢ ᠰᠡᠷᠭᠡᠶᠢᠯᠡᠬᠦ ᠪᠠ ᠬᠠᠭᠤᠴᠢᠨ ᠰᠠᠭᠤᠭᠠᠯᠢ ᠠᠷᠠᠳ ᠤᠨ ᠲᠤᠭᠤᠷᠢᠭ ᠤᠨ ᠰᠠᠭᠤᠷᠢ ᠲᠦᠬᠦᠬᠡᠷᠤᠮᠵᠢ ᠶᠢ ᠦᠷᠭᠡᠳᠬᠡᠨ ᠪᠠᠶᠢᠭᠤᠯᠬᠤ ᠲᠦᠷᠤᠯ ᠵᠤᠶᠢᠯ ᠢ ᠬᠡᠷᠡᠭᠵᠢᠬᠦᠯᠵᠤ᠂ 7 ᠺᠢᠯᠤᠮᠧᠲᠷ ᠲᠤᠯᠠᠭᠠᠯᠭ᠎ᠠ ᠶᠢᠨ ᠲᠤᠤᠷ ᠬᠤᠭᠤᠯᠠᠢ ᠶᠢ ᠰᠢᠨ᠎ᠡ ᠪᠠᠷ ᠪᠠᠶᠢᠭᠤᠯᠬᠤ ᠪᠤᠶᠤ ᠦᠬᠡᠷᠡᠴᠢᠯᠠᠨ ᠵᠠᠰᠠᠵᠤ᠂ ᠪᠤᠷᠤᠭᠠᠨ ᠤ ᠤᠰᠤᠨ ᠤ ᠬᠠᠶᠠᠭᠲᠠᠮᠠᠯ ᠪᠤᠲᠠᠰ ᠢ ᠭᠠᠲᠠᠭᠰᠢᠯᠠᠭᠤᠯᠬᠤ ᠲᠤᠤᠷ ᠬᠤᠭᠤᠯᠠᠢ ᠶᠢ 8 ᠺᠢᠯᠤᠮᠧᠲᠷ᠂ ᠪᠤᠵᠠᠷ ᠤᠰᠤᠨ ᠤ ᠲᠠᠮᠵᠢᠭᠤᠯᠬᠤ ᠲᠤᠤᠷ ᠬᠤᠭᠤᠯᠠᠢ ᠶᠢ 3.5 ᠺᠢᠯᠤᠮᠧᠲᠷ᠂ ᠲᠦᠬᠡᠬᠡᠯ ᠤᠰᠤᠨ ᠤ ᠲᠤᠤᠷ ᠬᠤᠭᠤᠯᠠᠢ ᠶᠢ 13.5 ᠺᠢᠯᠤᠮᠧᠲᠷ ᠦᠬᠡᠷᠡᠴᠢᠯᠠᠨ ᠦᠷᠬᠡᠳᠬᠡᠨ ᠪᠠᠶᠢᠭᠤᠯᠤᠨ᠎ᠠ᠃ ︽ᠤᠶᠤᠨᠴᠢ ᠬᠤᠲᠠ ᠪᠠᠯᠭᠠᠰᠤᠨ︾᠎ ᠤ ᠪᠦᠲᠤᠬᠡᠨ ᠪᠠᠶᠢᠭᠤᠯᠤᠯᠲᠠ ᠶᠢ ᠠᠬᠢᠭᠤᠯᠵᠤ᠂ ᠲᠤᠮᠤ ᠳ᠋ᠡᠶᠢᠲ᠋ᠠ᠂ ᠪᠤᠲᠠᠰ ᠤᠨ ᠲᠤᠤᠷᠴᠢᠯᠲᠠ ᠵᠡᠷᠬᠡ ᠤᠲᠤᠬᠢᠴᠢᠯᠠᠭᠰᠠᠨ ᠰᠤᠷᠠᠭ ᠵᠠᠩᠬᠢ ᠶᠢᠨ ᠮᠡᠷᠬᠡᠵᠢᠯ ᠪᠤᠯᠤᠨ ᠬᠤᠲᠠ ᠪᠠᠯᠭᠠᠰᠤᠨ ᠤ ᠬᠠᠮᠢᠶᠠᠷᠤᠯᠲᠠ ᠦᠢᠯᠡᠴᠢᠯᠡᠭᠡ ᠶᠢ ᠬᠦᠨᠵᠡᠬᠡᠢ ᠤᠶᠠᠯᠲᠤᠭᠤᠯᠤᠨ᠂ ᠬᠤᠲᠠ ᠪᠠᠯᠭᠠᠰᠤᠨ ᠤ ᠬᠠᠮᠢᠶᠠᠷᠤᠯᠲᠠ ᠶᠢᠨ ᠨᠠᠷᠢᠯᠢᠭᠵᠢᠭᠤᠯᠤᠯᠲᠠ᠂ ᠬᠦᠮᠤᠨᠴᠢᠯᠡᠯᠲᠠ ᠶᠢᠨ ᠬᠢᠷᠢ ᠲᠦᠪᠰᠢᠨ ᠢ ᠲᠡᠬᠡᠭᠰᠢᠯᠡᠬᠦᠯᠤᠨ᠎ᠠ  ᠃              ᠦᠵᠡᠰᠭᠦᠯᠡᠩᠲᠦ ᠰᠠᠶᠢᠬᠠᠨ ᠬᠦᠲᠡᠭᠡ ᠲᠤᠰᠬᠤᠨ ᠤ ᠪᠦᠲᠤᠬᠡᠨ ᠪᠠᠶᠢᠭᠤᠯᠤᠯᠲᠠ ᠶᠢ ᠯᠠᠪᠲᠠᠭᠤᠨ ᠎ ᠢᠶᠠᠷ ᠠᠬᠢᠭᠤᠯᠤᠨ᠎ᠠ᠃ ︽ᠭᠠᠴᠠᠭ᠎ᠠ ᠲᠤᠰᠬᠤᠨ ᠤ ᠰᠤᠷᠲᠠᠯ ᠰᠠᠶᠢᠬᠠᠨ᠂ ᠠᠮᠢᠲᠤᠷᠠᠯ ᠤᠨ ᠤᠷᠴᠢᠨ ᠲᠤᠭᠤᠷᠢᠨ ᠰᠠᠶᠢᠬᠠᠨ᠂ ᠰᠤᠶᠤᠯ ᠤᠨ ᠠᠮᠢᠲᠤᠷᠠᠯ ᠰᠠᠶᠢᠬᠠᠨ︾ ᠬᠠᠷᠠᠯᠲᠠ ᠶᠢᠨ ᠲᠤᠭᠤᠷᠢᠨ ᠳᠤ ᠰᠢᠨ᠎ᠡ ᠮᠠᠯᠵᠢᠬᠤ ᠤᠷᠤᠨ ᠤ ᠪᠦᠲᠤᠬᠡᠨ ᠪᠠᠶᠢᠭᠤᠯᠤᠯᠲᠠ ᠶᠢ ᠦᠷᠬᠦᠯᠵᠢᠯᠠᠨ ᠠᠳᠬᠤᠨ᠎ᠠ᠃ ᠮᠠᠯᠵᠢᠬᠤ ᠤᠷᠤᠨ ᠤ ᠰᠠᠭᠤᠷᠢ ᠪᠦᠲᠦᠭᠡᠨ ᠪᠠᠶᠢᠭᠤᠯᠤᠯᠲᠠ ᠪᠠ ᠤᠷᠴᠢᠨ ᠲᠤᠭᠤᠷᠢᠨ ᠤ ᠠᠷᠢᠭᠤᠨ ᠴᠡᠪᠡᠷ ᠤᠨ ᠴᠡᠭᠴᠡᠯᠡᠯᠲᠡ ᠶᠢᠨ ᠦᠷ᠎ᠡ ᠪᠦᠲᠦᠮᠵᠢ ᠪᠠᠨ ᠪᠠᠲᠤᠳᠬᠠᠭᠰᠠᠨ ᠰᠠᠭᠤᠷᠢᠨ ᠳᠡᠭᠡᠷ᠎ᠡ ᠣᠰᠤ᠂ ᠴᠠᠬᠢᠯᠭᠠᠨ᠂ ᠵᠠᠮ᠂ ᠴᠢᠮᠡᠭᠡ ᠬᠤᠯᠪᠤᠭ᠎ᠠ ᠵᠡᠷᠬᠡ ᠮᠠᠯᠵᠢᠬᠤ ᠤᠷᠤᠨ ᠤ ᠰᠠᠭᠤᠷᠢ ᠲᠦᠬᠦᠬᠡᠷᠤᠮᠵᠢ ᠶᠢᠨ ᠪᠦᠲᠤᠬᠡᠨ ᠪᠠᠶᠢᠭᠤᠯᠤᠯᠲᠠ ᠶᠢ ᠲᠡᠬᠦᠯᠲᠡᠷᠵᠢᠬᠦᠯᠤᠨ᠂ ᠲᠠᠷᠬᠠᠢ ᠮᠠᠶ᠋ᠢᠭ ᠤᠨ ᠤᠰᠤ ᠬᠠᠩᠭᠠᠬᠤ ᠢᠨᠵᠧᠨᠧᠷᠢᠩ 100 ᠰᠠᠤᠷᠢ᠂ ᠲᠦᠬᠡᠬᠡᠯ ᠤᠰᠤᠨ ᠤ ᠢᠨᠵᠧᠨᠧᠷᠢᠩ 7᠎ ᠶᠢ ᠬᠡᠷᠡᠭᠵᠢᠬᠦᠯᠵᠤ᠂ ᠭᠠᠩ ᠎ ᠠᠴᠠ ᠰᠡᠷᠭᠡᠶᠢᠯᠡᠬᠦ ᠬᠤᠳᠲᠤᠭ 25᠂ ᠤᠰᠤᠨ ᠵᠤᠭᠤᠷᠢ 131᠎ ᠶᠢ ᠮᠠᠯᠲᠠᠵᠤ᠂ 1280 ᠬᠦᠮᠤᠨ ᠤ ᠠᠶᠤᠯᠬᠦᠢ ᠤᠰᠤ ᠤᠮᠲᠠ ᠶᠢᠨ ᠠᠰᠠᠭᠤᠲᠠᠯ ᠢ ᠰᠢᠢᠳᠪᠦᠷᠢᠯᠡᠨ᠎ᠡ᠃ 176 ᠺᠢᠯᠤᠮᠧᠲᠷ ᠤᠨ ᠬᠦᠳᠡᠭᠡ ᠲᠤᠰᠬᠤᠨ ᠤ ᠴᠠᠬᠢᠯᠭᠠᠨ ᠲᠤᠤᠷ ᠤᠨ ᠦᠭᠡᠷᠡᠴᠢᠯᠡᠯᠲᠡ ᠶᠢᠨ ᠢᠨᠵᠧᠨᠧᠷᠢᠩ ᠢ ᠬᠡᠷᠡᠭᠵᠢᠭᠦᠯᠦᠨ᠂ 84 ᠺᠢᠯᠣᠮᠧᠲᠷ ᠤᠨ ᠭᠠᠴᠠᠭᠠᠨ ᠳᠤ ᠨᠡᠪᠳᠡᠷᠡᠬᠦ ᠱᠦᠢᠨᠢ ᠵᠠᠮ᠂ 121 ᠺᠢᠯᠣᠮᠧᠲᠷ ᠤᠨ ︽ᠳᠤᠰᠬᠠᠢ ᠶᠠᠪᠤᠳᠠᠯ ᠢ ᠳᠤᠰᠬᠠᠶᠢᠯᠠᠨ ᠵᠦᠪᠯᠡᠬᠦ︾ ᠭᠠᠮᠰᠢᠭ ᠢ ᠡᠰᠡᠷᠭᠦᠴᠡᠬᠦ ᠬᠠᠶᠢᠷ ᠴᠢᠯᠠᠭᠤᠨ ᠵᠠᠮ ᠢ ᠳᠡᠪᠢᠰᠴᠤ᠂ 20 ᠰᠠᠣᠷᠢ ᠴᠢᠮᠡᠭᠡ ᠬᠤᠯᠪᠣᠭᠠᠨ ᠤ ᠦᠷᠳᠡᠭᠡ ᠶᠢ ᠰᠢᠨ᠎ᠠ ᠪᠠᠷ ᠪᠠᠶᠢᠭᠤᠯᠤᠨ᠎ᠠ᠃ ᠡᠬᠦᠨ ᠤ ᠬᠠᠮᠲᠤ᠂ ᠮᠠᠯᠵᠢᠬᠤ ᠤᠷᠤᠨ ᠤ ᠡᠷᠡᠬᠦᠯ ᠬᠠᠮᠠᠭᠠᠯᠠᠯ᠂ ᠰᠤᠶᠤᠯ᠂ ᠨᠡᠶᠢᠬᠡᠮ ᠤᠨ ᠪᠠᠲᠤᠯᠠᠭ᠎ᠠ ᠵᠡᠷᠬᠡ ᠡᠯ᠎ᠡ ᠲᠦᠷᠤᠯ ᠤᠨ ᠠᠵᠢᠯ ᠤᠶᠢᠯᠡᠰ ᠢ ᠰᠠᠶᠢᠲᠤᠷ ᠠᠳᠬᠤᠵᠤ᠂ ᠦᠨᠲᠤᠰᠤᠨ ᠨᠠᠶᠢᠲᠠ ᠶᠢᠨ ᠤᠶᠢᠯᠡᠴᠢᠯᠡᠭᠡ ᠶᠢ ᠮᠠᠯᠵᠢᠬᠤ ᠤᠷᠤᠨ ᠳᠤ ᠪᠦᠷᠬᠦᠬᠦᠯᠵᠤ᠂ ᠬᠤᠲᠠ ᠶᠢᠨ ᠪᠤᠯᠪᠠᠰᠤᠨ ᠠᠮᠢᠲᠤᠷᠠᠯ ᠢ ᠮᠠᠯᠵᠢᠬᠤ ᠤᠷᠤᠨ ᠎ ᠳᠤ ᠡᠳ᠋ᠯᠡᠬᠦᠯᠵᠤ᠂ ᠮᠠᠯᠴᠢᠨ ᠲᠦᠮᠠᠨ ᠤ ᠵᠤᠯ ᠵᠢᠷᠭᠠᠯ ᠤᠨ ᠵᠢᠭᠠᠯᠲᠠ ᠲᠤᠭ᠎ᠠ ᠶᠢ ᠠᠯᠬᠤᠮ ᠠᠯᠬᠤᠮ ᠢᠶᠠᠷ ᠲᠡᠬᠡᠭᠰᠢᠯᠡᠬᠦᠯᠤᠨ᠎ᠠ᠃              ᠴᠢᠬᠤᠯᠠ ᠰᠠᠭᠤᠷᠢ ᠲᠦᠬᠦᠬᠡᠷᠤᠮᠵᠢ ᠶᠢᠨ ᠪᠦᠲᠤᠬᠡᠨ ᠪᠠᠶᠢᠭᠤᠯᠤᠯᠲᠠ ᠶᠢ ᠰᠠᠶᠢᠲᠤᠷ ᠠᠳᠬᠤᠨ᠎ᠠ᠃ ᠦᠪᠡᠷᠲᠡᠬᠡᠨ ᠵᠠᠰᠠᠬᠤ ᠤᠷᠤᠨ ᠤ ︽ᠲᠤᠯᠤᠭᠠᠨ ᠲᠤᠤᠷ︾᠎ ᠤᠨ ᠰᠢᠰᠲ᠋ᠧᠮ ᠤᠨ ᠪᠠᠶᠢᠭᠤᠯᠤᠯᠲᠠ ᠶᠢᠨ ᠪᠠᠶᠢᠷᠢᠰᠢᠭᠤᠯᠤᠯᠲᠠ ᠶᠢᠨ ᠲᠤᠭᠤᠷᠢᠨ ᠳᠤ ᠬᠦᠨᠵᠡᠬᠡᠢ ᠰᠤᠲᠤᠯᠤᠨ ᠲᠦᠯᠤᠪᠯᠡᠵᠤ᠂ ᠲᠦᠷᠤᠯ ᠵᠤᠶᠢᠯ ᠢ ᠢᠲᠡᠪᠬᠢᠲᠠᠢ ᠲᠡᠮᠡᠴᠠᠨ᠂ ᠠᠷᠭ᠎ᠠ ᠪᠦᠬᠦᠨ ᠢ ᠰᠦᠪᠡᠭᠴᠢᠯᠠᠨ ᠰᠠᠭᠤᠷᠢ ᠲᠦᠬᠦᠬᠡᠷᠤᠮᠵᠢ ᠶᠢᠨ ᠪᠡᠯᠡ ᠤᠷᠤᠭᠤᠯᠤᠯᠲᠠ ᠪᠠ ᠪᠦᠲᠤᠬᠡᠨ ᠪᠠᠶᠢᠭᠤᠯᠤᠯᠲᠠ ᠶᠢᠨ ᠬᠦᠴᠤᠯᠠᠴᠨ ᠪᠠᠨ ᠨᠡᠮᠡᠭᠳᠡᠭᠦᠯᠦᠨ᠎ᠡ᠃ ᠡᠷᠢᠶᠠᠨ ᠠᠴᠠ ᠭᠤᠸᠠᠩᠵᠸᠤ ᠬᠦᠷᠬᠦ ᠦᠨᠲᠤᠷ ᠬᠤᠷᠲᠤᠴᠠᠲᠤ ᠵᠠᠰᠠᠮᠠᠯ ᠵᠠᠮ ᠤᠨ ᠬᠤᠯᠪᠤᠬᠤ ᠱᠤᠭᠤᠮ ᠪᠠ 313 ᠮᠤᠵᠢ ᠶᠢᠨ ᠲᠡᠰ ᠤᠨ ᠵᠠᠰᠠᠮᠠᠯ ᠵᠠᠮ ᠤᠨ ᠲᠦᠷᠤᠯ ᠵᠤᠶᠢᠯ ᠤᠨ ᠢᠨᠵᠧᠨᠧᠷᠢᠩ ᠢ ᠲᠦᠯᠬᠢᠨ ᠠᠬᠢᠭᠤᠯᠵᠤ᠂ ᠲᠡᠬᠡᠷ᠎ᠡ ᠬᠠᠭᠠᠰ ᠵᠢᠯ ᠳᠤ ᠠᠵᠢᠯ ᠡᠬᠢᠯᠡᠬᠦᠯᠬᠦ ᠪᠠᠷ ᠴᠢᠷᠮᠠᠶᠢᠵᠤ ᠂ ᠡᠮᠤᠨᠡᠰᠢ ᠤᠮᠠᠷᠠᠰᠢ᠂ ᠵᠡᠬᠦᠨ ᠪᠠᠷᠠᠭᠤᠨ ᠲᠡᠰᠢ ᠨᠡᠪᠲᠡᠷᠡᠬᠦ ᠵᠠᠮ ᠱᠤᠭᠤᠮ ᠢ ᠨᠡᠬᠡᠬᠡᠨ᠎ᠠ᠃ ᠨᠡᠶᠢᠲᠠ ᠶᠢᠨ ᠬᠡᠷᠡᠭᠯᠡᠬᠡᠨ ᠎ ᠤ ᠨᠢᠰᠬᠡᠯ ᠤᠨ ᠪᠠᠭᠤᠳᠠᠯ ᠢ ᠵᠢᠯ ᠤᠨ ᠲᠤᠲᠤᠷ᠎ᠠ ᠪᠠᠶᠢᠭᠤᠯᠵᠤ ᠠᠰᠢᠭᠯᠠᠯᠲᠠ ᠳᠤ ᠤᠷᠤᠭᠤᠯᠬᠤ ᠶᠢ ᠪᠠᠲᠤᠯᠠᠨ᠎ᠠ᠃ 220 ᠺᠢᠯᠤᠸᠤᠯᠲ ᠶᠢᠨ ᠴᠠᠬᠢᠯᠭᠠᠨ ᠬᠦᠴᠤᠲᠠᠯ ᠬᠤᠪᠢᠰᠬᠠᠬᠤ ᠢᠨᠵᠧᠨᠧᠷᠢᠩ ᠪᠠ ᠵᠢᠷᠤᠬᠡ ᠠᠴᠠ ᠬᠤᠸᠠᠳᠧ ᠬᠦᠷᠬᠦ ᠲᠡᠮᠤᠷ ᠵᠠᠮ ᠤᠨ ᠲᠦᠷᠤᠯ ᠵᠤᠶᠢᠯ ᠢ ᠪᠦᠬᠦ ᠬᠦᠴᠤᠨ ᠢᠶᠠᠷ ᠲᠦᠯᠬᠢᠨ ᠠᠬᠢᠭᠤᠯᠤᠨ᠎ᠠ᠃              ︵ᠵᠢᠷᠭᠤᠭ᠎ᠠ︶ ᠪᠣᠭᠢᠷᠳᠣᠯ ᠦᠭᠡᠢ ᠳᠣᠣᠷ᠎ᠠ ᠨᠡᠭᠦᠷᠡᠰᠦᠲᠦ᠋ᠷᠦᠭᠴᠢᠲᠦ ᠣᠷᠴᠢᠯᠳᠦ ᠭᠦᠭᠵᠢᠯᠳᠡ ᠎ ᠪᠠᠷ ᠭᠠᠷᠳᠠᠴᠠ ᠪᠣᠯᠭᠠᠨ᠂ ᠠᠮᠢ ᠠᠬᠤᠢ ᠣᠷᠴᠢᠨ ᠳᠣᠭᠤᠷᠢᠨ ᠤ ᠬᠠᠮᠠᠭᠠᠯᠠᠯᠳᠠ ᠪᠦᠲᠦᠭᠡᠨ ᠪᠠᠶᠢᠭᠤᠯᠣᠯᠳᠠ ᠶᠢᠨ ᠭᠦᠴᠦᠯᠠᠴᠠ ᠶᠢ ᠣᠯᠠᠮ ᠴᠢᠩᠭᠠᠳᠬᠠᠨ᠎ᠠ᠃              ᠠᠮᠢ ᠠᠬᠤᠢ ᠶᠢᠨ ᠪᠤᠯᠪᠠᠰᠤᠨ ᠤ ᠳᠦᠷᠢᠮᠵᠢᠯ ᠤᠨ ᠪᠠᠶᠢᠭᠤᠯᠤᠯᠲᠠ ᠶᠢ ᠰᠠᠶᠢᠳᠣᠷ ᠠᠳᠬᠤᠨ᠎ᠠ᠃ ᠪᠠᠶᠢᠭᠠᠯᠢᠯᠢᠭ ᠲᠠᠯ᠎ᠠ ᠨᠤᠲᠤᠭ ᠤᠨ ᠬᠦᠷᠦᠩᠭᠡ ᠶᠢᠨ ᠨᠡᠶᠢᠲᠡᠮ ᠪᠠᠶᠢᠴᠠᠭᠠᠯᠲᠠ ᠶᠢ ᠨᠠᠷᠢᠨ ᠬᠢᠨᠠᠮᠠᠭᠠᠢ ᠵᠤᠬᠢᠶᠠᠨ ᠪᠠᠶᠢᠭᠤᠯᠤᠨ ᠦᠷᠨᠢᠭᠦᠯᠵᠦ᠂ ᠪᠦᠬᠦ ᠬᠤᠰᠢᠭᠤᠨ ᠤ ᠪᠠᠶᠢᠭᠠᠯᠢ ᠶᠢᠨ ᠡᠬᠢ ᠪᠠᠶᠠᠯᠢᠭ ᠤᠨ ᠬᠦᠷᠦᠩᠭᠡ ᠶᠢᠨ ᠬᠦᠰᠦᠨᠦᠭᠲᠦ ᠎ ᠶᠢ ᠨᠠᠶᠢᠷᠠᠭᠤᠯᠤᠨ ᠵᠤᠬᠢᠶᠠᠵᠤ᠂ ᠲᠠᠯ᠎ᠠ ᠨᠤᠲᠤᠭ ᠤᠨ ᠠᠮᠢ ᠠᠬᠤᠢ ᠤᠷᠴᠢᠨ ᠲᠤᠭᠤᠷᠢᠨ ᠢ ᠬᠤᠬᠢᠷᠠᠭᠤᠯᠤᠭᠰᠠᠨ ᠬᠠᠷᠢᠭᠤᠴᠠᠯᠭ᠎ᠠ ᠨᠡᠬᠡᠮᠵᠢᠯᠡᠬᠦ ᠳᠤᠭᠳᠠᠴᠨ ᠶᠢ ᠰᠦᠪᠡᠭᠴᠢᠯᠡᠨ ᠪᠠᠶᠢᠭᠤᠯᠵᠤ᠂ ᠡᠬᠢᠯᠡᠨ ᠬᠡᠷᠡᠭᠵᠢᠭᠦᠯᠦᠨ᠎ᠡ᠃ ᠭᠤᠤᠯ ᠴᠤᠭᠴᠠᠲᠦ ᠴᠢᠳᠠᠪᠬᠢᠲᠦ ᠤᠷᠤᠨ ᠤ ᠲᠦᠯᠦᠪᠵᠢᠭᠦᠯᠭᠡ ᠶᠢ ᠴᠢᠩᠭ᠎ᠠ ᠨᠠᠶᠢᠳᠠᠪᠤᠷᠢᠵᠢᠭᠤᠯᠵᠤ᠂ ᠲᠠᠯ᠎ᠠ ᠨᠤᠲᠤᠭ ᠤᠨ ᠠᠮᠢ ᠠᠬᠤᠢ ᠶᠢᠨ ᠬᠠᠮᠠᠭᠠᠯᠠᠯᠲᠠ ᠶᠢᠨ ᠤᠯᠠᠭᠠᠨ ᠱᠤᠭᠤᠮ ᠢ ᠰᠢᠨᠵᠢᠯᠡᠬᠦ ᠤᠬᠠᠭᠠᠨᠴᠢ ᠪᠠᠷ ᠬᠤᠪᠢᠶᠠᠷᠢᠯᠠᠨ᠂ ᠵᠢᠯᠤᠭᠤᠳᠴᠤ ᠪᠤᠯᠬᠤ᠂ ᠦᠷᠭᠦᠯᠵᠢᠯᠡᠨ ᠬᠡᠷᠡᠭᠵᠢᠭᠦᠯᠵᠦ ᠪᠤᠯᠬᠤᠶᠢᠴᠠ ᠠᠮᠢ ᠠᠬᠤᠢ ᠤᠷᠴᠢᠨ ᠲᠤᠭᠤᠷᠢᠨ ᠤ ᠬᠠᠮᠠᠭᠠᠯᠠᠯᠲᠠ ᠶᠢᠨ ᠳᠦᠷᠢᠮ ᠢ ᠪᠠᠶᠢᠭᠤᠯᠤᠨ᠎ᠠ᠃ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ᠂ ᠭᠤᠤᠯᠲᠠᠯᠭᠠᠲᠤ ᠠᠮᠢ ᠠᠬᠤᠢ ᠶᠢᠨ ᠴᠢᠲᠠᠪᠬᠢᠲᠤ ᠤᠷᠤᠨ ᠤ ᠬᠢᠨᠠᠨ ᠬᠠᠮᠢᠶᠠᠷᠤᠯᠲᠠ ᠶᠢ ᠲᠤᠪᠤᠶᠢᠮ᠎ᠠ ᠠᠳᠬᠤᠵᠤ᠂ ᠬᠠᠤᠯᠢ ᠪᠤᠰᠤ ᠪᠠᠷ ᠡᠵᠡᠯᠠᠨ ᠬᠡᠷᠡᠭᠯᠡᠬᠦ᠂ ᠲᠦᠷᠢᠮ ᠢ ᠵᠦᠷᠢᠴᠠᠨ ᠪᠦᠲᠤᠬᠡᠨ ᠪᠠᠶᠢᠭᠤᠯᠤᠯᠲᠠ ᠬᠢᠬᠦ᠂ ᠡᠪᠲᠡᠯᠬᠡ ᠬᠢᠬᠦ ᠵᠡᠷᠬᠡ ᠠᠵᠢᠯᠯᠠᠭ᠎ᠠ ᠶᠢ ᠴᠢᠩᠭ᠎ᠠ ᠪᠠᠶᠢᠴᠠᠭᠠᠨ ᠰᠢᠢᠳᠪᠤᠷᠢᠯᠡᠬᠦ ᠪᠠ ᠴᠤᠬᠢᠯᠲᠠ ᠦᠭᠭᠦᠨ᠎ᠡ᠃ ᠰᠢᠨ᠎ᠡ ᠡᠬᠡᠯᠵᠢ ᠶᠢᠨ ᠲᠠᠯ᠎ᠠ ᠨᠤᠲᠤᠭ ᠤᠨ ᠠᠮᠢ ᠠᠬᠤᠢ ᠶᠢ ᠬᠠᠮᠠᠭᠠᠯᠠᠬᠤ ᠱᠠᠩᠨᠠᠵᠤ ᠨᠦᠬᠦᠪᠦᠷᠢᠯᠡᠬᠦ ᠲᠦᠷᠤ ᠶᠢᠨ ᠪᠤᠲᠤᠯᠭ᠎ᠠ ᠶᠢ ᠪᠦᠬᠦ ᠲᠠᠯ᠎ᠠ ᠪᠠᠷ ᠬᠡᠷᠡᠭᠵᠢᠬᠦᠯᠵᠤ᠂ ᠮᠠᠯᠵᠢᠬᠤ ᠶᠢ ᠵᠤᠭᠰᠤᠭᠠᠬᠤ ᠪᠠ ᠮᠠᠯ ᠪᠡᠯᠴᠢᠬᠡᠷ ᠤᠨ ᠲᠡᠩᠴᠡᠬᠦᠷᠢ ᠶᠢ ᠪᠠᠳᠤᠯᠠᠬᠤ ᠲᠦᠷᠢᠮ ᠢ ᠴᠢᠩᠭ᠎ᠠ ᠬᠡᠷᠡᠭᠵᠢᠬᠦᠯᠵᠤ᠂ ᠲᠠᠯ᠎ᠠ ᠨᠤᠲᠤᠭ ᠤᠨ ᠠᠮᠢ ᠠᠬᠤᠢ ᠶᠢᠨ ᠦᠷᠬᠦᠯᠵᠢᠯᠠᠨ ᠰᠠᠶᠢᠵᠢᠷᠠᠬᠤ ᠶᠢ ᠠᠬᠢᠭᠤᠯᠤᠨ᠎ᠠ᠃ ᠠᠮᠢ ᠠᠬᠤᠢ ᠶᠢᠨ ᠰᠤᠶᠤᠯ ᠢ ᠢᠳᠡᠪᠬᠢᠲᠠᠢ ᠪᠤᠢ ᠪᠤᠯᠭᠠᠨ ᠬᠦᠭᠵᠢᠭᠦᠯᠵᠦ᠂ ᠪᠤᠬᠢᠷᠳᠤᠯ ᠦᠭᠡᠢ᠂ ᠳᠤᠤᠷ᠎ᠠ ᠨᠡᠭᠦᠷᠡᠰᠦᠲᠦ᠋ᠷᠦᠭᠴᠢᠲᠦ᠂ ᠪᠤᠯᠪᠠᠰᠤᠨ᠂ ᠡᠷᠡᠭᠦᠯ ᠴᠢᠬᠢᠷᠠᠭ ᠠᠮᠢᠳᠤᠷᠠᠯ ᠤᠨ ᠠᠷᠭ᠎ᠠ ᠮᠠᠶ᠋ᠢᠭ ᠢ ᠰᠤᠷᠳᠠᠯᠴᠢᠯᠠᠨ᠎ᠠ᠃              ᠠᠮᠢ ᠠᠬᠤᠢ ᠶᠢ ᠵᠠᠰᠠᠬᠤ ᠲᠦᠷᠤᠯ ᠵᠤᠶᠢᠯ ᠤᠨ ᠪᠦᠲᠤᠬᠡᠨ ᠪᠠᠶᠢᠭᠤᠯᠤᠯᠲᠠ ᠶᠢ ᠰᠠᠶᠢᠳᠤᠷ ᠠᠳᠬᠤᠨ᠎ᠠ᠃ ᠪᠡᠭᠡᠵᠢᠩ ᠲᠢᠶᠠᠨᠵᠢᠨ ᠤ ᠰᠠᠯᠬᠢ ᠡᠯᠡᠰᠦᠨ ᠤ ᠡᠬᠢ ᠶᠢ ᠵᠠᠰᠠᠬᠤ ᠬᠤᠶᠠᠳᠤᠭᠠᠷ ᠬᠤᠭᠤᠴᠠᠭᠠᠨ ᠤ ᠢᠨᠵᠧᠨᠧᠷᠢᠩ ᠵᠡᠷᠭᠡ ᠭᠤᠤᠯᠳᠠᠯᠭᠠᠳᠤ ᠠᠮᠢ ᠠᠬᠤᠢ ᠶᠢᠨ ᠢᠨᠵᠧᠨᠧᠷᠢᠩ ᠪᠠ ᠭᠤᠣᠯᠳᠠᠯᠭᠠᠳᠤ ᠣᠷᠣᠨ ᠲᠤᠭᠤᠷᠢᠭ ᠤᠨ ᠨᠤᠭᠤᠭᠠᠷᠠᠭᠤᠯᠤᠯᠲᠠ ᠶᠢᠨ ᠢᠨᠵᠧᠨᠧᠷᠢᠩ ᠢ ᠰᠠᠶᠢᠳᠤᠷ ᠬᠡᠷᠡᠭᠵᠢᠬᠦᠯᠦᠨ᠂ 1.3 ᠲᠦᠮᠡᠨ ᠮᠣ᠋ ᠡᠯᠡᠰᠤ ᠶᠢ ᠪᠢᠲᠡᠬᠦᠮᠵᠢᠯᠠᠨ ᠤᠶᠢᠵᠢᠭᠤᠯᠵᠤ᠂ ᠬᠦᠮᠤᠨ ᠤ ᠬᠦᠴᠤ ᠪᠠᠷ 0.5 ᠲᠦᠮᠡᠨ ᠮᠤ᠋ ᠡᠯᠡᠰᠤ ᠶᠢ ᠤᠶᠢᠵᠢᠭᠤᠯᠵᠤ᠂ ᠮᠠᠰᠢᠨ ᠎ ᠢᠶᠠᠷ 0.4 ᠲᠦᠮᠡᠨ ᠮᠤ᠋ ᠡᠯᠡᠰᠦ ᠶᠢ ᠲᠤᠭᠲᠠᠪᠤᠷᠢᠵᠢᠭᠤᠯᠵᠤ᠂ 800 ᠮᠤ᠋ ᠭᠤᠤᠯᠳᠠᠯᠭᠠᠳᠤ ᠣᠷᠣᠨ ᠲᠤᠭᠤᠷᠢᠭ ᠢ ᠨᠤᠭᠤᠭᠠᠷᠠᠭᠤᠯᠵᠤ᠂ 10 ᠲᠦᠮᠡᠨ ᠳᠡᠭᠰᠢ ᠳᠦᠷᠪᠡᠯᠵᠢᠨ ᠮᠧᠲᠷ ᠬᠦᠷᠤᠰᠤ ᠰᠢᠷᠤᠢ ᠶᠢᠨ ᠢᠲᠡᠭᠲᠠᠯ ᠢ ᠵᠠᠰᠠᠨ᠎ᠠ᠃ ᠳᠠᠯ᠎ᠠ ᠨᠤᠲᠤᠭ ᠤᠨ ᠭᠠᠯ ᠢ ᠰᠡᠷᠭᠡᠶᠢᠯᠡᠬᠦ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠣᠯᠲᠠ ᠶᠢᠨ ᠲᠦᠷᠦᠯ ᠵᠦᠢᠯ ᠢ ᠬᠡᠷᠡᠭᠵᠢᠬᠦᠯᠵᠦ᠂ ᠳᠠᠯ᠎ᠠ ᠨᠤᠲᠤᠭ ᠤᠨ ᠤᠢ ᠰᠢᠭᠤᠢ ᠶᠢᠨ ᠭᠠᠯ ᠢ ᠰᠡᠷᠬᠡᠶᠢᠯᠡᠬᠦ ᠴᠢᠳᠠᠪᠤᠷᠢ ᠶᠢ ᠤᠯᠠᠮ ᠲᠡᠬᠡᠭᠰᠢᠯᠡᠬᠦᠯᠤᠨ᠎ᠠ᠃ ︽ᠭᠤᠷᠪᠠᠨ ᠲᠤᠭᠤᠷᠢᠭ ᠬᠤᠶᠠᠷ ᠱᠤᠭᠤᠮ︾᠎ ᠤᠨ ᠭᠠᠵᠠᠷ ᠵᠦᠢ ᠶᠢᠨ ᠤᠷᠴᠢᠨ ᠲᠤᠭᠤᠷᠢᠨ ᠢ ᠵᠠᠰᠠᠬᠤ ᠪᠠ ᠲᠡᠮᠦᠷᠯᠢᠭ ᠤᠨ ᠪᠤᠰᠤ ᠠᠭᠤᠷᠬᠠᠢ ᠶᠢ ᠨᠢᠭᠡᠲᠦᠭᠦᠯᠦᠨ ᠵᠠᠰᠠᠬᠤ ᠲᠦᠷᠦᠯ ᠵᠦᠢᠯ ᠢ ᠰᠠᠶᠢᠲᠤᠷ ᠬᠡᠷᠡᠭᠵᠢᠬᠦᠯᠤᠨ᠎ᠠ᠃ ᠠᠵᠤ ᠠᠬᠤᠶᠢᠯᠠᠯ ᠢ ᠱᠠᠭᠠᠷᠲᠠᠨ ᠠᠭᠤᠷᠬᠠᠢ ᠶᠢᠨ ᠭᠠᠵᠠᠷ ᠵᠦᠢ ᠶᠢᠨ ᠤᠷᠴᠢᠨ ᠲᠤᠭᠤᠷᠢᠨ ᠢ ᠶᠡᠷᠤᠩᠬᠡᠶᠢᠯᠠᠨ ᠵᠠᠰᠠᠬᠤ ᠪᠤᠯᠤᠨ ᠨᠤᠭᠤᠭᠠᠷᠠᠭᠤᠯᠤᠨ ᠰᠡᠷᠬᠦᠬᠡᠬᠦ ᠭᠤᠤᠯ ᠴᠤᠭᠴᠠ ᠶᠢᠨ ᠬᠠᠷᠢᠭᠤᠴᠠᠯᠭ᠎ᠠ ᠶᠢ ᠱᠠᠭᠠᠷᠳᠠᠵᠤ᠂ ᠠᠭᠤᠷᠬᠠᠢ ᠶᠢᠨ ᠤᠷᠴᠢᠨ ᠲᠤᠭᠤᠷᠢᠨ ᠪᠠ ᠬᠠᠶᠠᠭᠲᠠᠮᠠᠯ ᠠᠭᠤᠷᠬᠠᠢ ᠶᠢᠨ ᠴᠢᠭ ᠢ ᠴᠡᠭᠴᠡᠯᠠᠨ ᠵᠠᠰᠠᠬᠤ ᠠᠵᠢᠯ ᠢ ᠰᠠᠶᠢᠲᠤᠷ ᠠᠳᠬᠤᠵᠤ᠂  ᠠᠮᠢ ᠠᠬᠤᠢ ᠤᠷᠴᠢᠨ ᠲᠤᠭᠤᠷᠢᠨ ᠳᠤ ᠦᠵᠡᠬᠦᠯᠬᠦ ᠬᠦᠭᠵᠢᠭᠦᠯᠦᠯᠲᠠ ᠶᠢᠨ ᠨᠦᠯᠤᠬᠡ ᠶᠢ ᠬᠠᠮᠤᠭ ᠤᠨ ᠲᠤᠤᠷ᠎ᠠ ᠬᠡᠮᠵᠢᠶᠠᠨ ᠳᠤ ᠬᠢᠵᠠᠭᠠᠷᠯᠠᠬᠤ ᠪᠠᠷ ᠴᠢᠷᠮᠠᠶᠢᠨ᠎ᠠ᠃              ᠡᠨᠧᠷᠬᠢ ᠶᠢ ᠠᠷᠪᠢᠯᠠᠵᠤ ᠪᠤᠬᠢᠷᠳᠤᠯ ᠢ ᠪᠠᠭᠠᠰᠬᠠᠬᠤ ᠪᠠ ᠤᠷᠴᠢᠨ ᠲᠤᠭᠤᠷᠢᠨ ᠤ ᠬᠠᠤᠯᠢ ᠬᠡᠷᠡᠭᠵᠢᠬᠦᠯᠬᠦ ᠠᠵᠢᠯ ᠢ ᠰᠠᠶᠢᠲᠤᠷ ᠠᠳᠬᠤᠨ᠎ᠠ᠃ ᠣᠰᠤᠨ ᠤ ᠶᠡᠷᠤᠩᠬᠡᠢ ᠬᠡᠮᠵᠢᠶ᠎ᠡ ᠶᠢ ᠴᠢᠩᠭ᠎ᠠ ᠬᠢᠵᠠᠭᠠᠷᠯᠠᠬᠤ᠂ ᠤᠰᠤ ᠬᠡᠷᠡᠭᠯᠡᠬᠦ ᠠᠰᠢᠭᠯᠠᠮᠵᠢ ᠶᠢ ᠬᠢᠵᠠᠭᠠᠷᠯᠠᠬᠤ᠂ ᠤᠰᠤᠨ ᠤ ᠴᠢᠲᠠᠮᠵᠢᠲᠤ ᠲᠤᠭᠤᠷᠢᠭ ᠤᠨ ᠪᠤᠬᠢᠷᠳᠤᠯ ᠢ ᠬᠢᠵᠠᠭᠠᠷᠯᠠᠬᠤ ︽ᠭᠤᠷᠪᠠᠨ ᠤᠯᠠᠭᠠᠨ ᠱᠤᠭᠤᠮ︾᠎ ᠢ ᠴᠢᠩᠭ᠎ᠠ ᠨᠠᠶᠢᠲᠠᠪᠤᠷᠢᠵᠢᠭᠤᠯᠵᠤ᠂ ᠤᠰᠤᠨ ᠤ ᠡᠬᠢ ᠰᠤᠷᠪᠤᠯᠵᠢ ᠎ ᠶᠢᠨ ᠠᠰᠢᠭᠯᠠᠮᠵᠢ ᠶᠢ ᠲᠡᠬᠡᠭᠰᠢᠯᠡᠬᠦᠯᠤᠨ᠎ᠠ᠃ ᠠᠵᠤ ᠤᠶᠢᠯᠡᠳᠪᠤᠷᠢ᠂ ᠪᠠᠷᠢᠯᠭ᠎ᠠ᠂ ᠵᠠᠮ ᠬᠠᠷᠢᠯᠴᠠᠭ᠎ᠠ ᠵᠦᠬᠡᠬᠡᠪᠤᠷᠢ᠂ ᠨᠠᠶᠢᠲᠠ ᠶᠢᠨ ᠪᠠᠶᠢᠭᠤᠯᠤᠮᠵᠢ ᠵᠡᠷᠬᠡ ᠬᠦᠷᠢᠶ᠎ᠡ ᠴᠠᠷᠠᠭᠠᠨ ᠳᠠᠬᠢ ᠡᠨᠧᠷᠬᠢ ᠶᠢ ᠠᠷᠪᠢᠯᠠᠵᠤ ᠬᠤᠷᠤᠭᠲᠠᠯ ᠢ ᠪᠠᠭᠠᠰᠬᠠᠬᠤ ᠎ ᠶᠢ ᠲᠤᠪᠤᠶᠢᠮ᠎ᠠ ᠠᠳᠬᠤᠨ᠎ᠠ᠃ ᠲᠦᠷᠦᠯ ᠵᠦᠢᠯ ᠤᠨ ᠪᠦᠳᠦᠭᠡᠨ ᠪᠠᠶᠢᠭᠤᠯᠣᠯᠳᠠ ᠶᠢᠨ ᠣᠷᠴᠢᠨ ᠳᠣᠭᠤᠷᠢᠨ ᠳᠤ ᠦᠵᠡᠭᠦᠯᠬᠦ ᠨᠦᠯᠦᠭᠡ ᠶᠢ ᠦᠨᠡᠯᠡᠬᠦ ᠪᠠ ︽ᠭᠤᠷᠪᠠ ᠶᠢ ᠵᠡᠷᠭᠡ ᠳᠤᠨᠢ ᠪᠠᠶᠢᠯᠭᠠᠬᠤ︾ ᠲᠦᠷᠢᠮ ᠢ ᠨᠠᠷᠢᠨ ᠭᠢᠨᠠᠭᠠᠮᠠᠢ ᠭᠡᠷᠡᠭᠵᠢᠭᠦᠯᠵᠦ᠂ ᠡᠨᠧᠷᠭᠢ ᠪᠠ ᠣᠰᠣᠨ ᠤ ᠡᠭᠢ ᠪᠠᠶᠠᠯᠢᠭ ᠢ ᠵᠠᠷᠣᠴᠠᠭᠤᠯᠬᠤ ᠶᠠᠷᠦᠩᠭᠡᠢ ᠭᠡᠮᠵᠢᠶ᠎ᠡ ᠪᠠ ᠭᠦᠴᠦᠯᠠᠴᠠ ᠎ ᠶᠢᠨ ︽ᠬᠤᠣᠰ ᠬᠢᠵᠠᠭᠠᠷᠯᠠᠯ︾᠎ ᠤᠨ ᠱᠠᠭᠠᠷᠳᠠᠯᠭ᠎ᠠ ᠶᠢ ᠪᠦᠬᠦ ᠲᠠᠯ᠎ᠠ ᠪᠠᠷ ᠨᠠᠶᠢᠳᠠᠪᠣᠷᠢᠵᠢᠭᠤᠯᠵᠦ᠂ ᠭᠤᠣᠯᠳᠠᠯᠭᠠᠲᠦ ᠠᠵᠢᠯ ᠲᠦᠷᠦᠯ᠂ ᠭᠤᠣᠯᠳᠠᠯᠭᠠᠲᠦ ᠠᠵᠦ ᠠᠬᠤᠶᠢᠯᠠᠯ ᠤᠨ ᠡᠨᠧᠷᠭᠢ ᠠᠷᠪᠢᠯᠠᠨ ᠬᠤᠷᠣᠭᠳᠠᠯ ᠢ ᠪᠠᠭᠠᠰᠬᠠᠬᠤ ᠮᠡᠷᠭᠡᠵᠢᠯ ᠤᠨ ᠦᠭᠡᠷᠡᠴᠢᠯᠠᠯᠳᠠ ᠶᠢ ᠴᠢᠩᠭᠠᠳᠬᠠᠨ᠂ ᠨᠡᠭᠦᠷᠡᠰᠦᠲᠦ᠋ᠷᠦᠭᠴᠢ ᠭᠠᠳᠠᠭᠰᠢᠯᠠᠭᠤᠯᠬᠤ ᠶᠢ ᠪᠦᠲᠦᠮᠵᠢᠲᠠᠢ ᠭᠢᠵᠠᠭᠠᠷᠯᠠᠵᠦ᠂ ᠡᠨᠧᠷᠭᠢ ᠶᠢ ᠠᠷᠪᠢᠯᠠᠨ ᠪᠣᠭᠢᠷᠳᠣᠯ ᠢ ᠪᠠᠭᠠᠰᠬᠠᠬᠤ ᠵᠢᠯ ᠤᠨ ᠡᠭᠦᠷᠭᠡ ᠶᠢ ᠪᠦᠬᠦ ᠲᠠᠯ᠎ᠠ ᠪᠠᠷ ᠪᠠᠶᠠᠯᠡᠭᠦᠯᠦᠨ᠎ᠠ᠃ ᠣᠷᠴᠢᠨ ᠳᠣᠭᠤᠷᠢᠨ ᠤ ᠬᠠᠣᠯᠢ ᠬᠡᠷᠡᠭᠵᠢᠭᠦᠯᠵᠦ ᠬᠢᠨᠠᠨ ᠬᠠᠮᠢᠶᠠᠷᠬᠤ ᠭᠦᠴᠦᠯᠠᠴᠠ ᠪᠠᠨ ᠴᠢᠩᠭᠠᠳᠬᠠᠵᠦ᠂ ᠣᠯᠠᠨ ᠲᠦᠮᠡᠨ ᠤ ᠳᠣᠰᠬᠠᠯ ᠶᠡᠭᠡᠳᠠᠢ ᠣᠷᠴᠢᠨ ᠳᠣᠭᠤᠷᠢᠨ ᠤ ᠲᠣᠪᠣᠶᠢᠮ᠎ᠠ ᠠᠰᠠᠭᠤᠳᠠᠯ ᠢ ᠦᠨᠡᠨᠬᠦ ᠰᠢᠢᠳᠪᠣᠷᠢᠯᠠᠨ᠂ ︽ᠦᠴᠦᠬᠡᠨ ᠴᠤ ᠢᠯᠳᠠᠷ ᠬᠠᠶᠠᠬᠤ ᠦᠭᠡᠢ︾ ᠣᠪᠣᠷ ᠢ ᠪᠠᠷᠢᠮᠲᠠᠯᠠᠨ ᠡᠯ᠎ᠡ ᠲᠦᠷᠦᠯ ᠤᠨ ᠣᠷᠴᠢᠨ ᠳᠣᠭᠤᠷᠢᠨ ᠤ ᠬᠠᠣᠯᠢ ᠴᠠᠭᠠᠵᠠ ᠠᠴᠠ ᠵᠦᠷᠢᠴᠡᠭᠰᠡᠨ ᠠᠵᠢᠯᠯᠠᠭ᠎ᠠ ᠶᠢ ᠪᠠᠶᠢᠴᠠᠭᠠᠨ ᠰᠢᠢᠳᠪᠣᠷᠢᠯᠡᠨ᠎ᠠ᠃              ︵ᠳᠣᠯᠤᠭ᠎ᠠ︶ ᠠᠷᠠᠳ ᠤᠨ ᠠᠮᠢᠳᠣᠷᠠᠯ ᠤᠨ ᠪᠠᠳᠣᠯᠠᠭᠠᠨ ᠤ ᠭᠢᠷᠢ ᠲᠦᠪᠰᠢᠨ ᠢ ᠲᠡᠭᠡᠭᠰᠢᠯᠡᠬᠦᠯᠬᠦ ᠎ ᠪᠠᠷ ᠭᠠᠷᠳᠠᠴᠠ ᠪᠣᠯᠭᠠᠨ᠂ ᠠᠷᠠᠳ ᠣᠯᠠᠨ ᠤ ᠠᠰᠢᠭ ᠭᠦᠷᠳᠡᠭᠡᠯ ᠤᠨ ᠰᠡᠳᠭᠢᠯᠭᠡ ᠶᠢ ᠣᠯᠠᠮ ᠨᠡᠮᠡᠭᠳᠡᠭᠦᠯᠦᠨ᠎ᠡ᠃              ᠶᠠᠳᠠᠭᠤ ᠠᠴᠠ ᠠᠩᠬᠢᠵᠢᠷᠠᠭᠤᠯᠬᠤ ᠪᠣᠭᠤᠮᠳᠠ ᠰᠢᠪᠳᠣᠯᠬᠤ ᠠᠵᠢᠯ ᠢ ᠦᠷᠭᠦᠯᠵᠢᠯᠠᠨ ᠠᠭᠢᠭᠤᠯᠣᠨ᠎ᠠ᠃ ᠶᠠᠳᠠᠭᠤ ᠠᠴᠠ ᠠᠩᠭᠢᠵᠢᠷᠠᠭᠤᠯᠣᠭᠰᠠᠨ ᠦᠷ᠎ᠡ ᠪᠦᠳᠦᠭᠡᠯ ᠢ ᠤᠯᠠᠮ ᠪᠠᠳᠣᠳᠬᠠᠭᠰᠠᠨ ᠰᠠᠭᠤᠷᠢᠨ ᠲᠡᠭᠡᠷ᠎ᠡ᠂ ᠬᠦᠮᠦᠨ ᠎ ᠨᠢ ᠬᠤᠪᠢᠷᠠᠬᠤ ᠦᠭᠡᠢ᠂ ᠲᠦᠷᠦ ᠶᠢᠨ ᠪᠣᠳᠣᠯᠭ᠎ᠠ ᠶᠢᠨ ᠳᠣᠭᠳᠠᠴᠠ ᠬᠤᠪᠢᠷᠠᠬᠤ ᠦᠭᠡᠢ᠂ ᠭᠦᠴᠦᠯᠠᠴᠠ ᠪᠠᠭᠤᠷᠠᠬᠤ ᠦᠭᠡᠢ᠂ ᠪᠠᠷᠢᠮᠵᠢᠶ᠎ᠡ ᠲᠣᠷᠣᠭᠰᠢᠯᠠᠬᠤ ᠦᠭᠡᠢ ᠵᠠᠷᠴᠢᠮ ᠢ ᠦᠷᠭᠦᠯᠵᠢᠯᠠᠨ ᠪᠠᠷᠢᠮᠳᠠᠯᠠᠵᠦ᠂ ᠶᠠᠳᠠᠭᠤ ᠶᠢ ᠲᠡᠳᠬᠦᠬᠦ ᠡᠯ᠎ᠡ ᠲᠦᠷᠦᠯ ᠤᠨ ᠠᠵᠢᠯ ᠢ ᠨᠢᠭᠡᠳᠦᠯᠲᠠᠢ ᠠᠳᠬᠤᠨ᠎ᠠ᠃ ᠡᠯ᠎ᠡ ᠲᠦᠷᠦᠯ ᠤᠨ ᠮᠠᠯ ᠲᠠᠷᠢᠶᠠᠯᠠᠩ ᠳᠤ ᠬᠤᠯᠪᠣᠭᠳᠠᠭᠰᠠᠨ ᠪᠠᠯᠠ ᠮᠦᠩᠭᠦ ᠪᠠ ᠲᠦᠷᠦᠯ ᠵᠦᠢᠯ ᠢ ᠨᠡᠶᠢᠯᠡᠭᠦᠯᠦᠨ ᠦᠢᠯᠡᠳᠦᠯ ᠢ ᠨᠢ ᠰᠠᠶᠢᠳᠣᠷ ᠪᠠᠳᠠᠷᠠᠭᠤᠯᠣᠨ᠂ ᠪᠦᠭᠦᠶᠢᠯᠠ ᠭᠠᠴᠠᠭ᠎ᠠ ᠪᠠᠷ ᠲᠦᠯᠭᠢᠨ ᠠᠭᠢᠭᠤᠯᠬᠤ ᠶᠢ ᠵᠠᠯᠭᠠᠯᠳᠣᠭᠤᠯᠣᠨ ᠨᠡᠭᠡᠭᠡᠨ ᠠᠰᠢᠭᠯᠠᠬᠤ᠂ ᠠᠵᠦ ᠦᠢᠯᠠᠰᠵᠢᠭᠦᠯᠦᠨ ᠡᠵᠡᠩᠨᠡᠬᠦ ᠲᠠᠢ ᠬᠠᠷᠢᠯᠴᠠᠨ ᠤᠶᠠᠯᠳᠤᠭᠤᠯᠬᠤ ᠬᠡᠯᠪᠡᠷᠢ ᠶᠢ ᠪᠠᠷᠢᠮᠳᠠᠯᠠᠵᠦ᠂ ︽ᠭᠤᠷᠪᠠ ᠶᠢ ᠭᠠᠴᠠᠭ᠎ᠠ ᠪᠣᠶᠣ ᠡᠷᠦᠭᠡ ᠎ ᠳᠤ ᠭᠦᠷᠭᠡᠬᠦ︾᠂ ᠮᠦᠩᠭᠦᠨ ᠭᠦᠢᠯᠭᠡᠭᠡ ᠪᠠᠷ ᠶᠠᠳᠠᠭᠤ ᠶᠢ ᠲᠡᠳᠬᠦᠬᠦ᠂ ᠳᠣᠭᠢᠳᠠᠢ ᠭᠠᠵᠠᠷ ᠨᠡᠭᠦᠯᠭᠡᠨ ᠶᠠᠳᠠᠭᠤ ᠶᠢ ᠲᠡᠳᠬᠦᠬᠦ ᠵᠡᠷᠭᠡ ᠲᠦᠷᠦᠯ ᠵᠦᠢᠯ ᠢ ᠰᠠᠶᠢᠳᠣᠷ ᠭᠡᠷᠡᠭᠵᠢᠭᠦᠯᠦᠨ᠎ᠡ︔ ᠡᠯᠧᠺᠲᠷᠣᠨ ᠬᠤᠳᠠᠯᠳᠤᠭ᠎ᠠ ᠪᠠᠷ ᠶᠠᠳᠠᠭᠤ ᠶᠢ ᠲᠡᠳᠬᠦᠬᠦ᠂ ᠭᠡᠷᠡᠯ ᠴᠠᠭᠢᠯᠭᠠᠨ ᠢᠶᠠᠷ ᠶᠠᠳᠠᠭᠤ ᠶᠢ ᠲᠡᠳᠬᠦᠬᠦ᠂ ᠡᠷᠡᠭᠦᠯ ᠮᠡᠨᠳᠦ ᠶᠢᠨ ᠲᠠᠯ᠎ᠠ ᠪᠠᠷ ᠶᠠᠳᠠᠭᠤ ᠶᠢ ᠲᠡᠳᠬᠦᠬᠦ᠂ ᠰᠣᠷᠭᠠᠨ ᠭᠦᠮᠦᠵᠢᠯ ᠢᠶᠠᠷ ᠶᠠᠳᠠᠭᠤ ᠶᠢ ᠲᠡᠳᠬᠦᠬᠦ᠂ ᠵᠣᠭᠠᠴᠠᠯ ᠢᠶᠠᠷ ᠶᠠᠳᠠᠭᠤ ᠶᠢ ᠲᠠᠳᠬᠦᠬᠦ ᠲᠦᠷᠦᠯ ᠵᠦᠢᠯ ᠢ ᠰᠠᠶᠢᠳᠣᠷ ᠲᠦᠯᠭᠢᠨ ᠠᠭᠢᠭᠤᠯᠣᠨ᠎ᠠ︔ ᠴᠢᠭ ᠳᠣᠭᠳᠠᠭᠠᠨ ᠬᠠᠪᠰᠣᠷᠣᠨ ᠲᠡᠳᠬᠦᠬᠦ᠂ ᠨᠡᠶᠢᠭᠡᠮ ᠠᠴᠠ ᠬᠠᠪᠰᠣᠷᠣᠨ ᠲᠡᠳᠬᠦᠬᠦ ᠪᠠ ᠨᠡᠭᠦᠯᠭᠡᠨ ᠰᠢᠯᠵᠢᠭᠦᠯᠵᠦ ᠪᠣᠯᠪᠠᠰᠣᠷᠠᠯ ᠬᠦᠷᠲᠡᠭᠡᠬᠦ ᠠᠵᠢᠯ ᠢ ᠯᠠᠪᠳᠠᠭᠤᠨ ᠦᠷᠨᠢᠭᠦᠯᠦᠨ᠎ᠠ︔ ᠳᠣᠣᠷ᠎ᠠ ᠪᠠᠳᠣᠯᠠᠭ᠎ᠠ ᠪᠠ ᠶᠠᠳᠠᠭᠤ ᠶᠢ ᠲᠡᠳᠬᠦᠬᠦ ᠶᠢ ᠬᠠᠷᠢᠯᠴᠠᠨ ᠤᠶᠠᠯᠳᠤᠭᠤᠯᠬᠤ ᠶᠢ ᠲᠦᠯᠭᠢᠨ ᠠᠭᠢᠭᠤᠯᠵᠦ᠂ ᠪᠦᠬᠦᠨ ᠢ ᠬᠠᠮᠤᠷᠬᠤ ᠪᠠᠳᠤᠯᠠᠭᠠᠨ ᠤ ᠠᠵᠢᠯ ᠢ ᠰᠠᠶᠢᠳᠣᠷ ᠠᠳᠬᠤᠨ᠎ᠠ︔ ︽ᠬᠠᠪᠰᠣᠷᠣᠨ ᠲᠡᠳᠬᠦᠬᠦ ᠬᠤᠯᠪᠣᠭ᠎ᠠ︾ ᠰᠣᠷᠠᠭ ᠵᠠᠩᠭᠢ ᠶᠢᠨ ᠲᠠᠪᠴᠠᠩ ᠤᠨ ᠦᠢᠯᠡᠳᠦᠯ ᠢ ᠪᠠᠳᠠᠷᠠᠭᠤᠯᠣᠨ᠂ ᠠᠵᠢᠯ ᠤᠨ ᠦᠷ᠎ᠡ ᠪᠦᠳᠦᠮᠵᠢ ᠪᠠ ᠨᠠᠷᠢᠯᠢᠭ ᠤᠨᠤᠪᠴᠢᠲᠠᠢ ᠪᠠᠶᠢᠬᠤ ᠭᠡᠮᠵᠢᠶ᠎ᠡ ᠶᠢ ᠲᠡᠭᠡᠭᠰᠢᠯᠡᠭᠦᠯᠦᠨ᠎ᠡ᠃              ᠦᠢᠯᠠᠰ ᠪᠤᠰᠬᠠᠨ ᠠᠵᠢᠯ ᠤᠯᠭᠤᠬᠤ ᠢᠨᠵᠧᠨᠧᠷᠢᠩ ᠢ ᠯᠠᠪᠳᠠᠭᠤᠨ ᠪᠠᠳᠣᠲᠠᠢ ᠲᠦᠯᠭᠢᠨ ᠠᠭᠢᠭᠤᠯᠣᠨ᠎ᠠ᠃ ᠮᠡᠷᠭᠡᠵᠢᠯ ᠤᠨ ᠪᠣᠯᠪᠠᠰᠣᠷᠠᠯ ᠪᠠ ᠦᠢᠯᠠᠰ ᠪᠤᠰᠬᠠᠬᠤ ᠪᠣᠯᠪᠠᠰᠣᠷᠠᠯ ᠢ ᠴᠢᠩᠭᠠᠳᠬᠠᠨ᠂ ᠣᠶᠢᠯᠠᠰ ᠴᠣᠭᠴᠠᠯᠠᠬᠤ ᠭᠦᠷᠢᠶᠠᠯᠠᠩ ᠤᠨ ᠦᠢᠯᠡᠴᠢᠯᠡᠭᠡᠨ ᠤ ᠲᠦᠪᠰᠢᠨ ᠢ ᠲᠡᠭᠡᠭᠰᠢᠯᠡᠭᠦᠯᠵᠦ᠂ ᠨᠠᠶᠢᠳᠠ ᠶᠢᠨ ᠪᠣᠯᠪᠠᠰᠣᠷᠠᠯ ᠤᠨ ᠰᠠᠭᠤᠷᠢᠨ ᠤ ᠪᠠᠶᠢᠭᠤᠯᠣᠯᠳᠠ ᠶᠢᠨ ᠲᠦᠷᠦᠯ ᠵᠦᠢᠯ ᠢ ᠢᠳᠡᠪᠭᠢᠲᠠᠢ ᠡᠷᠠᠮᠠᠯᠵᠠᠯᠠᠵᠦ᠂ ᠶᠡᠭᠡ ᠰᠣᠷᠭᠠᠭᠤᠯᠢ ᠠᠴᠠ ᠲᠡᠭᠦᠰᠦᠭᠰᠡᠨ ᠣᠶᠣᠳᠠᠳ ᠤᠨ ᠠᠵᠢᠯ ᠣᠯᠬᠤ ᠦᠢᠯᠠᠰ ᠪᠣᠰᠬᠠᠬᠤ ᠶᠢ ᠠᠭᠢᠭᠤᠯᠬᠤ ᠲᠦᠯᠦᠪᠯᠡᠭᠡ ᠶᠢ ᠨᠠᠶᠢᠳᠠᠪᠣᠷᠢᠵᠢᠭᠤᠯᠵᠦ᠂ ᠬᠤᠳᠠ ᠣᠷᠣᠭᠰᠠᠨ ᠮᠠᠯᠴᠢᠳ ᠪᠠ ᠬᠤᠳᠠ ᠪᠠᠯᠭᠠᠰᠣᠨ ᠤ ᠠᠵᠢᠯ ᠣᠯᠬᠤ ᠳᠤ ᠭᠦᠴᠢᠷᠳᠡᠵᠦ ᠪᠠᠶᠢᠭ᠎ᠠ ᠭᠦᠮᠦᠰ ᠤᠨ ᠠᠵᠢᠯ ᠤᠯᠭᠤᠯᠲᠠ ᠶᠢ ᠨᠢᠭᠡᠳᠦᠯᠲᠠᠢ ᠲᠦᠯᠦᠪᠵᠢᠭᠦᠯᠦᠨ᠎ᠠ᠃ ᠳᠣᠮᠳᠠ ᠵᠢᠵᠢᠭ ᠠᠵᠦ ᠠᠬᠤᠶᠢᠯᠠᠯ ᠤᠨ ᠠᠵᠢᠯ ᠤᠨ ᠪᠠᠶᠢᠷᠢ ᠬᠠᠩᠭᠠᠬᠤ ᠴᠢᠳᠠᠪᠤᠷᠢ ᠶᠢ ᠨᠡᠮᠡᠭᠳᠡᠭᠦᠯᠵᠤ᠂ ᠭᠦᠳᠠᠯᠮᠦᠷᠢᠴᠢᠳ ᠤᠨ ᠦᠪᠡᠷᠳᠡᠭᠡᠨ ᠠᠵᠢᠯ ᠰᠣᠩᠭᠤᠬᠤ᠂ ᠵᠠᠬ᠎ᠠ ᠲᠠᠯᠭᠡᠭᠦᠷ ᠤᠨ ᠲᠣᠭᠢᠷᠠᠭᠤᠯᠭ᠎ᠠ ᠪᠠᠷ ᠠᠵᠢᠯ ᠣᠯᠬᠤ ᠪᠠ ᠵᠠᠰᠠᠭ ᠤᠨ ᠣᠷᠳᠣᠨ ᠠᠴᠠ ᠠᠵᠢᠯ ᠤᠯᠭᠤᠬᠤ ᠶᠢ ᠠᠭᠢᠭᠤᠯᠬᠤ ᠣᠷᠲᠦ ᠬᠤᠭᠤᠴᠠᠭᠠᠨ ᠤ ᠪᠦᠲᠦᠮᠵᠢᠲᠤ ᠲᠤᠭᠳᠠᠴᠨ ᠶᠢ ᠪᠦᠷᠢᠨᠰᠢᠭᠦᠯᠦᠨ᠎ᠠ᠃ 3500 ᠠᠵᠢᠯ ᠤᠨ ᠪᠠᠶᠢᠷᠢ ᠶᠢ ᠴᠤᠭᠯᠠᠭᠤᠯᠵᠤ᠂ 1100 ᠭᠦᠮᠦᠨ ᠢ ᠮᠡᠷᠭᠡᠵᠢᠯ ᠤᠨ ᠪᠣᠯᠪᠠᠰᠣᠷᠠᠯ ᠳᠤ ᠣᠷᠣᠯᠴᠠᠭᠤᠯᠣᠨ᠂ 120 ᠭᠦᠮᠦᠨ ᠳᠤ ᠦᠢᠯᠠᠰ ᠪᠤᠰᠬᠠᠬᠤ ᠪᠣᠯᠪᠠᠰᠣᠷᠠᠯ ᠭᠦᠷᠳᠡᠭᠡᠵᠣ᠂ ᠬᠤᠳᠠ ᠪᠠᠯᠭᠠᠰᠣᠨ ᠤ 900 ᠭᠦᠮᠦᠨ ᠳᠤ ᠰᠢᠨ᠎ᠠ ᠪᠠᠷ ᠠᠵᠢᠯ ᠣᠯᠭᠤᠨ᠎ᠠ᠃ ᠦᠢᠯᠠᠰ ᠪᠤᠰᠬᠠᠬᠤ ᠪᠠᠳᠣᠯᠠᠭᠠᠨ ᠤ ᠵᠢᠭᠡᠯᠡᠯᠭᠡ ᠶᠢ 1480 ᠲᠦᠮᠡᠨ ᠲᠦᠭᠦᠷᠢᠭ ᠳᠠᠷᠬᠠᠭᠠᠵᠤ᠂ ᠬᠤᠲᠠ ᠬᠦᠳᠡᠭᠡ ᠶᠢᠨ ᠬᠦᠮᠦᠰ ᠤᠨ ᠦᠢᠯᠡᠰ ᠪᠦᠲᠦᠭᠡᠬᠦ ᠪᠠ 3 ᠵᠢᠵᠢᠭ ᠪᠠᠭ᠎ᠠ ᠠᠵᠦ ᠠᠬᠤᠶᠢᠯᠠᠯ ᠢ ᠲᠡᠮᠵᠢᠵᠦ᠂ 1074 ᠭᠦᠮᠦᠨ ᠢ ᠳᠠᠭᠠᠭᠤᠯᠤᠨ ᠠᠵᠢᠯ ᠣᠯᠭᠤᠨ᠎ᠠ᠃ ᠠᠵᠢᠯ ᠣᠯᠣᠭᠠᠳᠤᠢ ᠭᠡᠷ ᠪᠦᠯᠢ ᠪᠠᠶᠢᠬᠤ ᠶᠢ ᠦᠭᠡᠶᠢᠰᠬᠡᠵᠤ᠂ ᠬᠤᠳᠠ ᠪᠠᠯᠭᠠᠰᠣᠨ ᠤ ᠳᠠᠩᠰᠠᠯᠠᠭᠤᠯᠤᠭᠰᠠᠨ ᠠᠵᠢᠯ ᠠᠯᠳᠠᠭᠰᠠᠳ ᠤᠨ ᠨᠣᠷᠮ᠎ᠠ ᠶᠢ 3%᠎ ᠤᠨ ᠳᠣᠳᠣᠷ᠎ᠠ ᠭᠢᠵᠠᠭᠠᠷᠯᠠᠨ᠎ᠠ᠃              ᠨᠡᠶᠢᠭᠡᠮ ᠤᠨ ᠪᠠᠳᠣᠯᠠᠭᠠᠨ ᠤ ᠰᠢᠰᠲ᠋ᠧᠮ ᠢ ᠣᠯᠠᠮ ᠲᠡᠭᠦᠯᠳᠡᠷᠵᠢᠭᠦᠯᠦᠨ᠎ᠠ᠃ ᠪᠦᠬᠦ ᠠᠷᠠᠳ ᠢᠶᠠᠷ ᠢᠶᠠᠨ ᠳᠠᠭᠠᠳᠬᠠᠯ ᠳᠤ ᠣᠷᠣᠬᠤ ᠲᠦᠯᠦᠪᠯᠡᠭᠡ ᠶᠢ ᠭᠡᠷᠡᠭᠵᠢᠭᠦᠯᠵᠦ᠂ ᠨᠠᠰᠤᠵᠢᠯ ᠤᠨ ᠳᠠᠭᠠᠳᠬᠠᠯ ᠳᠤ ᠤᠷᠤᠵᠤ ᠰᠦᠢᠳᠭᠡᠯ ᠳᠤᠰᠢᠶᠠᠬᠤ ᠪᠠ ᠰᠢᠯᠵᠢᠭᠦᠯᠦᠨ ᠵᠠᠯᠭᠠᠮᠵᠢᠯᠠᠭᠤᠯᠬᠤ ᠲᠦᠷᠦ ᠶᠢᠨ ᠪᠤᠳᠤᠯᠭ᠎ᠠ ᠶᠢ ᠰᠠᠶᠢᠳᠤᠷ ᠨᠠᠶᠢᠳᠠᠪᠤᠷᠢᠵᠢᠭᠤᠯᠵᠤ᠂ ᠨᠡᠶᠢᠭᠡᠮ ᠤᠨ ᠪᠠᠳᠣᠯᠠᠭᠠᠨ ᠤ ᠪᠦᠷᠬᠦᠴᠨ ᠶᠢ ᠣᠯᠠᠮ ᠦᠷᠭᠡᠳᠭᠡᠨ᠂ ᠪᠠᠳᠣᠯᠠᠭᠠᠨ ᠤ ᠭᠢᠷᠢ ᠲᠦᠪᠰᠢᠨ ᠢ ᠯᠠᠪᠳᠠᠭᠤᠨ ᠢᠶᠠᠷ ᠲᠡᠭᠡᠭᠰᠢᠯᠡᠭᠦᠯᠦᠨ᠎ᠡ᠃ ᠬᠤᠳᠠ ᠪᠠᠯᠭᠠᠰᠣᠨ ᠤ ᠰᠠᠭᠤᠭᠠᠯᠢ ᠠᠷᠠᠳ ᠤᠨ ᠡᠮ ᠡᠮᠨᠡᠯᠭᠡ ᠶᠢᠨ ᠲᠠᠭᠠᠳᠬᠠᠯ ᠢ ᠨᠡᠶᠢᠯᠡᠭᠦᠯᠬᠦ ᠠᠵᠢᠯ ᠢ ᠠᠭᠢᠭᠤᠯᠵᠦ᠂ ᠡᠮᠨᠡᠯᠭᠡ ᠶᠢᠨ ᠲᠠᠭᠠᠳᠬᠠᠯ ᠤᠨ ᠡᠳ᠋ ᠤᠨ ᠵᠠᠰᠠᠭ ᠤᠨ ᠨᠦᠭᠦᠪᠦᠷᠢ ᠶᠢᠨ ᠪᠠᠷᠢᠮᠵᠢᠶ᠎ᠡ ᠶᠢ ᠲᠡᠭᠡᠭᠰᠢᠯᠡᠭᠦᠯᠦᠨ᠂ ᠦᠨᠳᠦᠰᠦᠨ ᠡᠮ ᠡᠮᠨᠡᠯᠭᠡ ᠶᠢᠨ ᠲᠠᠭᠠᠳᠬᠠᠯ᠂ ᠭᠦᠨᠲᠦ ᠡᠪᠡᠳᠴᠢᠨ ᠤ ᠲᠠᠭᠠᠳᠬᠠᠯ᠂ ᠡᠮ ᠡᠮᠨᠡᠯᠭᠡ ᠶᠢᠨ ᠠᠪᠤᠷᠠᠨ ᠳᠤᠰᠠᠯᠠᠬᠤ ᠬᠠᠷᠢᠯᠴᠠᠨ ᠠᠪᠴᠠᠯᠳᠣᠬᠤ ᠶᠢ ᠠᠭᠢᠭᠤᠯᠵᠦ᠂ ᠠᠷᠠᠳ ᠤᠯᠠᠨ ᠤ ᠡᠮ ᠡᠮᠨᠡᠯᠭᠡ ᠶᠢᠨ ᠲᠠᠷᠣᠭᠠᠰᠣ ᠶᠢ ᠬᠦᠩᠭᠡᠷᠡᠭᠦᠯᠦᠨ᠎ᠡ᠃ ᠬᠤᠳᠠ ᠭᠦᠳᠡᠭᠡ ᠶᠢᠨ ᠳᠣᠣᠷ᠎ᠠ ᠪᠠᠳᠣᠯᠠᠭ᠎ᠠ ᠶᠢ ᠨᠢᠭᠡᠳᠦᠯᠳᠠᠢ ᠬᠠᠮᠢᠶᠠᠷᠬᠤ ᠶᠢ ᠪᠦᠬᠦ ᠲᠠᠯ᠎ᠠ ᠪᠠᠷ ᠭᠡᠷᠡᠭᠵᠢᠭᠦᠯᠦᠨ᠂ ᠲᠠᠪᠣᠨ ᠪᠠᠳᠣᠯᠠᠭ᠎ᠠ ᠶᠢᠨ ᠠᠰᠠᠷᠠᠨ ᠲᠡᠵᠢᠭᠡᠬᠦ᠂ ᠦᠨᠦᠴᠢᠨ ᠭᠡᠣᠭᠡᠳ᠂ ᠤᠨᠴᠠ ᠬᠠᠷᠠᠭᠠᠯᠵᠠᠬᠤ ᠨᠢᠭᠤᠷᠯᠠᠯ ᠵᠡᠷᠭᠡ ᠭᠦᠮᠦᠰ ᠤᠨ ᠠᠮᠢᠳᠣᠷᠠᠯ ᠤᠨ ᠪᠠᠳᠣᠯᠠᠭᠠᠨ ᠤ ᠪᠠᠷᠢᠮᠵᠢᠶ᠎ᠡ ᠶᠢ ᠦᠷᠭᠦᠯᠵᠢᠯᠠᠨ ᠲᠡᠭᠡᠭᠰᠢᠯᠡᠭᠦᠯᠵᠦ᠂ ᠭᠦᠴᠢᠷ ᠵᠣᠪᠠᠯᠠᠩ ᠲᠠᠢ ᠭᠦᠮᠦᠰ ᠢ ᠲᠠᠮᠵᠢᠨ ᠳᠣᠰᠠᠯᠠᠬᠤ ᠠᠵᠢᠯ ᠢ ᠭᠢᠨᠠᠮᠠᠭᠠᠢ ᠠᠳᠬᠤᠨ᠎ᠠ᠃ ᠵᠡᠮᠳᠡᠭᠴᠦᠳ ᠤᠨ ᠠᠰᠠᠷᠠᠨ ᠬᠠᠷᠠᠭᠠᠯᠵᠠᠬᠤ ᠦᠢᠯᠡᠴᠢᠯᠡᠭᠡᠨ ᠤ ᠲᠦᠪ ᠢ ᠪᠠᠶᠢᠭᠤᠯᠵᠦ᠂ ︽ᠳᠣᠯᠠᠭᠠᠨ︾ ᠮᠠᠯᠵᠢᠬᠤ ᠣᠷᠣᠨ ᠤ ᠨᠠᠰᠣᠳᠠᠶᠢᠴᠣᠣᠯ ᠤᠨ ᠦᠢᠯᠡᠴᠢᠯᠡᠭᠡᠨ ᠤ ᠲᠦᠪ ᠤᠨ ᠲᠦᠭᠦᠭᠡᠷᠦᠮᠵᠢ ᠶᠢ ᠣᠯᠠᠮ ᠲᠡᠭᠦᠯᠳᠡᠷᠵᠢᠭᠦᠯᠦᠨ᠎ᠠ᠃ ᠨᠡᠶᠢᠭᠡᠮ ᠳᠣᠭᠤᠷᠢᠭ ᠤᠨ ᠠᠷᠠᠳ ᠲᠤ ᠲᠦᠭᠦᠮ ᠦᠵᠡᠭᠦᠯᠬᠦ ᠲᠠᠪᠴᠠᠩ ᠤᠨ ᠪᠠᠶᠢᠭᠤᠯᠣᠯᠳᠠ ᠶᠢ ᠲᠡᠭᠦᠯᠳᠡᠷᠵᠢᠭᠦᠯᠦᠨ᠂ ᠨᠡᠶᠢᠭᠡᠮ ᠳᠣᠭᠤᠷᠢᠭ ᠤᠨ ᠦᠢᠯᠡᠴᠢᠯᠡᠭᠡᠨ ᠤ ᠬᠠᠮᠢᠶᠠᠷᠣᠯᠳᠠ ᠶᠢᠨ ᠭᠢᠷᠢ ᠲᠦᠪᠰᠢᠨ ᠢ ᠣᠯᠠᠮ ᠲᠡᠭᠡᠭᠰᠢᠯᠡᠭᠦᠯᠦᠨ᠎ᠡ᠃ ᠪᠠᠳᠣᠯᠠᠭᠠᠨ ᠤ ᠴᠢᠨᠠᠷᠳᠠᠢ ᠣᠷᠣᠨ ᠰᠠᠭᠤᠴᠠ ᠶᠢᠨ ᠢᠨᠵᠧᠨᠧᠷᠢᠩ ᠢ ᠭᠦᠴᠦᠲᠠᠢ ᠠᠭᠢᠭᠤᠯᠣᠨ᠂ ᠲᠦᠭᠦᠮ ᠪᠦᠳᠦᠴᠡᠲᠦ ᠣᠷᠣᠨ ᠰᠠᠭᠤᠴᠠ ᠶᠢᠨ ᠦᠭᠡᠷᠡᠴᠢᠯᠠᠯᠳᠠ ᠶᠢᠨ ᠦᠷᠳᠡᠭᠯᠡᠨ ᠲᠦᠪᠭᠢᠨᠡᠭᠦᠯᠬᠦ ᠠᠵᠢᠯ ᠢ ᠦᠷᠭᠦᠯᠵᠢᠯᠠᠨ ᠠᠭᠢᠭᠤᠯᠵᠦ᠂ 800 ᠡᠷᠦᠭᠡ ᠶᠢᠨ ᠲᠦᠭᠦᠮ ᠪᠦᠳᠦᠴᠠᠲᠦ ᠣᠷᠣᠨ ᠰᠠᠭᠤᠴᠠ ᠶᠢ ᠦᠭᠡᠷᠡᠴᠢᠯᠡᠬᠦ ᠲᠦᠷᠦᠯ ᠵᠦᠢᠯ ᠢ ᠪᠠᠶᠠᠯᠠᠭᠦᠯᠦᠨ᠎ᠠ᠃              ︵ᠨᠠᠢᠮᠠ︶ ᠲᠡᠩᠴᠡᠭᠦᠷᠢᠲᠠᠢ ᠭᠦᠭᠵᠢᠯᠳᠡ ᠶᠢ ᠪᠠᠳᠤᠳᠬᠠᠬᠤ ᠪᠠᠷ ᠭᠠᠷᠳᠠᠴᠠ ᠪᠣᠯᠭᠠᠨ᠂ ᠨᠡᠶᠢᠭᠡᠮ ᠎ ᠤᠨ ᠠᠵᠢᠯ ᠦᠢᠯᠡᠰ ᠤᠨ ᠬᠦᠭᠵᠢᠯᠲᠡ ᠶᠢ ᠣᠯᠠᠮ ᠲᠡᠭᠡᠭᠰᠢᠯᠡᠭᠦᠯᠦᠨ᠎ᠡ᠃              ᠰᠤᠷᠭᠠᠨ ᠬᠦᠮᠦᠵᠢᠯ ᠰᠢᠨᠵᠢᠯᠡᠭᠡ ᠮᠡᠷᠭᠡᠵᠢᠯ ᠤᠨ ᠦᠢᠯᠡᠰ ᠢ ᠤᠷᠢᠳᠠᠪᠠᠷ ᠬᠦᠭᠵᠢᠭᠦᠯᠦᠨ᠎ᠡ᠃ ᠠᠯᠪᠠᠨ ᠵᠢᠷᠣᠮ ᠤᠨ ᠰᠣᠷᠭᠠᠨ ᠭᠦᠮᠦᠵᠢᠯ ᠪᠠ ᠦᠨᠳᠣᠷ ᠳᠤᠮᠳᠠᠳᠤ ᠶᠢᠨ ᠰᠣᠷᠭᠠᠨ ᠭᠦᠮᠦᠵᠢᠯ ᠢ ᠲᠣᠪᠣᠶᠢᠮ᠎ᠠ ᠠᠳᠬᠤᠵᠦ᠂ ᠴᠠᠴᠡᠷᠯᠢᠭ ᠤᠨ ᠭᠡᠣᠭᠡᠳ ᠤᠨ ᠰᠣᠷᠭᠠᠨ ᠭᠦᠮᠦᠵᠢᠯ ᠢ ᠳᠦᠷᠢᠮᠵᠢᠭᠦᠯᠦᠨ᠂ ᠠᠵᠢᠯ ᠮᠡᠷᠭᠡᠵᠢᠯ ᠤᠨ ᠰᠣᠷᠭᠠᠨ ᠭᠦᠮᠦᠵᠢᠯ ᠢ ᠢᠳᠡᠪᠭᠢᠳᠠᠢ ᠭᠦᠭᠵᠢᠭᠦᠯᠦᠨ᠎ᠡ᠃ ︽ᠠᠯᠪᠠᠨ ᠵᠢᠷᠣᠮ ᠤᠨ ᠰᠣᠷᠭᠠᠨ ᠭᠦᠮᠦᠵᠢᠯ ᠤᠨ ᠰᠣᠷᠭᠠᠭᠤᠯᠢ ᠶᠢᠨ ᠦᠨᠳᠦᠰᠣᠨ ᠨᠦᠭᠦᠴᠠᠯ ᠪᠠᠭᠤᠷᠠᠢ ᠪᠠᠶᠢᠬᠤ ᠶᠢ ᠪᠦᠬᠦ ᠲᠠᠯ᠎ᠠ ᠪᠠᠷ ᠦᠭᠡᠷᠡᠴᠢᠯᠠᠨ ᠰᠠᠶᠢᠵᠢᠷᠠᠭᠤᠯᠬᠤ︾᠎ ᠶᠢ ᠯᠠᠪᠳᠠᠭᠤᠨ ᠠᠭᠢᠭᠤᠯᠵᠦ᠂ ᠰᠣᠷᠭᠠᠨ ᠭᠦᠮᠦᠵᠢᠯ ᠤᠨ ᠰᠣᠷᠠᠭ ᠵᠠᠩᠬᠢᠵᠢᠭᠤᠯᠤᠯᠲᠠ ᠶᠢᠨ ᠪᠠᠶᠢᠭᠤᠯᠣᠯᠳᠠ ᠶᠢᠨ ᠣᠨ ᠤ ᠠᠵᠢᠯᠯᠠᠭ᠎ᠠ ᠶᠢ ᠦᠷᠨᠢᠭᠦᠯᠵᠦ᠂ ᠳᠣᠮᠳᠠᠲᠦ ᠪᠠᠭ᠎ᠠ ᠰᠣᠷᠭᠠᠭᠤᠯᠢ ᠶᠢᠨ ᠰᠠᠭᠤᠷᠢ ᠲᠦᠭᠦᠭᠡᠷᠦᠮᠵᠢ ᠶᠢ ᠨᠦᠭᠦᠪᠦᠷᠢᠯᠠᠨ᠂ ᠪᠤᠭᠳᠠ ᠶᠢᠨ ᠭᠤᠤᠯ ᠰᠤᠮᠤᠨ ᠤ ᠬᠡᠤᠬᠡᠳ ᠤᠨ ᠴᠡᠴᠡᠷᠯᠢᠭ᠂ ᠮᠤᠩᠭᠤᠯ ᠳᠤᠮᠳᠠᠳᠤ ᠰᠤᠷᠭᠠᠭᠤᠯᠢ ᠎ ᠶᠢᠨ ᠳᠠᠮᠢᠷ ᠤᠷᠠᠯᠢᠭ ᠤᠨ ᠤᠷᠳᠤᠨ᠂ ᠨᠢᠭᠡᠳᠦᠭᠡᠷ ᠳᠣᠮᠳᠠᠲᠦ ᠰᠣᠷᠭᠠᠭᠤᠯᠢ ᠶᠢᠨ ᠳᠣᠷᠰᠢᠯᠳᠠ ᠶᠢᠨ ᠠᠰᠠᠷ ᠵᠡᠷᠭᠡ ᠢᠨᠵᠧᠨᠧᠷᠢᠩ ᠢ ᠬᠡᠷᠡᠭᠵᠢᠭᠦᠯᠦᠨ᠎ᠡ᠃ ᠰᠣᠷᠠᠭᠠᠭᠤᠯᠢ ᠶᠢᠨ ᠵᠠᠭᠢᠷᠣᠯ ᠤᠨ ᠦᠷᠢᠰᠣᠯᠳᠦᠭᠡᠨ ᠢᠶᠠᠷ ᠠᠵᠢᠯ ᠤᠨ ᠪᠠᠶᠢᠷᠢ ᠎ ᠳᠤ ᠭᠠᠷᠬᠤ ᠶᠢ ᠠᠭᠢᠭᠤᠯᠵᠦ᠂ ᠪᠠᠭᠰᠢ ᠶᠢᠨ ᠪᠣᠯᠪᠠᠰᠣᠷᠠᠯ ᠪᠠ ᠳᠤᠳᠠᠭᠳᠠᠵᠤ ᠪᠠᠶᠢᠭ᠎ᠠ ᠠᠵᠢᠯ ᠤᠨ ᠪᠠᠶᠢᠷᠢ ᠳᠤ ᠪᠠᠭᠰᠢ ᠡᠯᠰᠡᠬᠦ ᠠᠵᠢᠯ ᠢ ᠰᠠᠶᠢᠳᠣᠷ ᠭᠢᠵᠦ᠂ ᠪᠠᠭᠰᠢ ᠶᠢᠨ ᠡᠩᠨᠡᠭᠡᠨ ᠤ ᠶᠠᠷᠦᠩᠭᠡᠶᠢᠯᠡᠭᠰᠡᠨ ᠭᠡᠪ ᠴᠢᠨᠠᠷ ᠢ ᠣᠯᠠᠮ ᠲᠡᠭᠡᠭᠰᠢᠯᠡᠭᠦᠯᠵᠦ᠂ ︽ᠭᠤᠷᠪᠠᠨ ᠠᠯᠬᠤᠮ ᠬᠤᠶᠠᠷ ᠭᠤᠭᠴᠤᠭ᠎ᠠ︾᠎ ᠶᠢᠨ ᠰᠣᠷᠭᠠᠨ ᠭᠦᠮᠦᠵᠢᠯ ᠤᠨ ᠦᠭᠡᠷᠡᠴᠢᠯᠠᠯᠳᠠ ᠶᠢᠨ ᠠᠵᠢᠯ ᠢ ᠭᠦᠨᠵᠡᠭᠡᠢ ᠦᠷᠨᠢᠭᠦᠯᠦᠨ᠂ ᠰᠣᠷᠭᠠᠨ ᠭᠦᠮᠦᠵᠢᠯ ᠵᠢᠭᠠᠨ ᠰᠣᠷᠭᠠᠯᠳᠠ ᠶᠢᠨ ᠶᠠᠰᠣ ᠴᠢᠨᠠᠷ ᠢ ᠯᠠᠪᠳᠠᠭᠤᠨ ᠲᠡᠭᠡᠭᠰᠢᠯᠡᠭᠦᠯᠦᠨ᠎ᠡ᠃ ᠰᠢᠨᠵᠢᠯᠡᠭᠡ ᠮᠡᠷᠭᠡᠵᠢᠯ ᠢ ᠲᠦᠭᠡᠮᠡᠯᠵᠢᠭᠦᠯᠬᠦ ᠰᠢᠰᠲ᠋ᠧᠮ ᠢ ᠲᠡᠭᠦᠯᠳᠠᠷᠵᠢᠭᠦᠯᠦᠨ᠂ ᠰᠢᠨ᠎ᠠ ᠮᠡᠷᠭᠡᠵᠢᠯ᠂ ᠰᠢᠨ᠎ᠠ ᠪᠦᠳᠦᠭᠡᠭᠳᠡᠭᠦᠨ ᠢ ᠣᠷᠣᠭᠤᠯᠣᠨ ᠲᠡᠯᠭᠡᠷᠡᠭᠦᠯᠬᠦ ᠭᠦᠴᠦᠯᠠᠴᠠ ᠪᠠᠨ ᠴᠢᠩᠭᠠᠳᠬᠠᠵᠦ᠂ ᠰᠢᠨᠵᠢᠯᠡᠭᠡ ᠮᠡᠷᠭᠡᠵᠢᠯ ᠤᠨ ᠰᠢᠨ᠎ᠠ ᠶᠢ ᠡᠭᠦᠳᠬᠦ ᠶᠢ ᠪᠦᠬᠦ ᠲᠠᠯ᠎ᠠ  ᠎ ᠪᠠᠷ ᠰᠢᠨᠡᠴᠢᠯᠡᠬᠦ ᠠᠵᠢᠯ ᠳᠣᠮᠳᠠᠭᠢ ᠲᠠᠭᠠᠭᠤᠯᠣᠭᠴᠢ ᠦᠢᠯᠡᠳᠣᠯ ᠢ ᠨᠢ ᠭᠦᠢᠴᠠᠳ ᠪᠠᠳᠠᠷᠠᠭᠤᠯᠣᠨ᠎ᠠ᠃              ᠰᠣᠶᠣᠯ ᠪᠠᠶ᠎ᠠ ᠲᠡᠮᠢᠷ ᠤᠨ ᠦᠢᠯᠠᠰ ᠤᠨ ᠬᠦᠭᠵᠢᠯᠲᠡ ᠶᠢ ᠲᠦᠷᠭᠡᠳᠬᠡᠨ᠎ᠡ᠃ ᠨᠡᠶᠢᠭᠡᠮ ᠵᠢᠷᠤᠮ ᠤᠨ ᠭᠤᠤᠯᠯᠠᠭᠴᠢ ᠦᠷᠳᠡᠭ ᠤᠨ ᠦᠵᠡᠯᠲᠡ ᠶᠢ ᠪᠤᠢ ᠪᠤᠯᠭᠠᠨ ᠦᠢᠯᠡᠳᠦᠯᠭᠡᠵᠢᠭᠦᠯᠬᠦ ᠪᠠᠷ ᠭᠤᠤᠯ ᠱᠤᠭᠤᠮ ᠪᠤᠯᠭᠠᠨ᠂ ᠳᠣᠮᠳᠠᠲᠦ ᠶᠢᠨ ᠭᠦᠰᠡᠯ᠂ ᠳᠣᠮᠳᠠᠲᠦ ᠶᠢᠨ ᠦᠨᠳᠦᠰᠦᠳᠠᠨ ᠤ ᠰᠢᠯᠢᠳᠡᠭ ᠣᠯᠠᠮᠵᠢᠯᠠᠯᠲᠦ ᠰᠣᠶᠣᠯ ᠤᠨ ᠣᠬᠠᠭᠤᠯᠭ᠎ᠠ ᠭᠦᠮᠦᠵᠢᠯ ᠢ ᠭᠦᠨᠵᠡᠭᠡᠢ ᠦᠷᠨᠢᠭᠦᠯᠵᠦ᠂ ᠡᠯ᠎ᠡ ᠦᠨᠳᠦᠰᠦᠳᠡᠨ ᠤ ᠠᠷᠠᠳ ᠲᠦᠮᠡᠨ ᠬᠠᠷᠢᠯᠴᠠᠨ ᠪᠦᠯᠭᠦᠮᠳᠠᠨ ᠬᠠᠮᠲᠦ ᠎ ᠪᠠᠷ ᠣᠷᠣᠭᠰᠢᠯᠠᠬᠤ ᠣᠶᠣᠨ ᠰᠠᠨᠠᠭᠠᠨ ᠤ ᠭᠦᠴᠦᠨ ᠢ ᠨᠢᠭᠳᠠᠷᠠᠭᠤᠯᠣᠨ᠎ᠠ᠃ ᠰᠣᠶᠣᠯ ᠪᠠᠶ᠎ᠠ ᠲᠡᠮᠢᠷ ᠤᠨ ᠠᠷᠠᠳ ᠲᠤ ᠠᠰᠢᠭᠲᠠᠢ ᠢᠨᠵᠧᠨᠧᠷᠢᠩ ᠤᠨ ᠪᠠᠶᠢᠭᠤᠯᠣᠯᠳᠠ ᠶᠢ ᠲᠦᠯᠭᠢᠨ ᠠᠭᠢᠭᠤᠯᠵᠦ᠂ ᠣᠯᠠᠨ ᠨᠠᠶᠢᠳᠠ ᠶᠢᠨ ᠰᠣᠶᠣᠯ ᠤᠨ ᠦᠢᠯᠡᠴᠢᠯᠡᠭᠡ ᠶᠢ ᠦᠨᠳᠦᠰᠣᠨ ᠱᠠᠳᠤᠨ ᠳᠤ ᠬᠦᠨᠵᠡᠭᠡᠶᠢᠷᠡᠭᠦᠯᠬᠦ ᠶᠢ ᠪᠠᠷᠢᠮᠳᠠᠯᠠᠵᠦ᠂ ᠣᠯᠠᠨ ᠨᠠᠶᠢᠳᠠ ᠶᠢᠨ ᠰᠣᠶᠣᠯ ᠤᠨ ᠦᠢᠯᠡᠴᠢᠯᠡᠭᠡᠨ ᠤ ᠰᠢᠰᠲ᠋ᠧᠮ ᠢ ᠣᠯᠠᠮ ᠲᠡᠭᠦᠯᠳᠡᠷᠵᠢᠭᠦᠯᠦᠨ᠎ᠠ᠃ ᠣᠯᠠᠭᠠᠨᠮᠦ᠋ᠴᠢᠷ ᠤᠨ ᠪᠣᠯᠪᠠᠰᠣᠷᠠᠯ ᠤᠨ ᠲᠢᠩᠭᠢᠮ ᠪᠠ ᠳᠣᠭᠠᠴᠢᠯᠠᠭᠰᠠᠨ ᠨᠣᠮ ᠤᠨ ᠰᠠᠩ ᠢ ᠰᠢᠨ᠎ᠠ ᠪᠠᠷ ᠪᠠᠶᠢᠭᠤᠯᠵᠦ᠂ ᠷᠠᠳᠢᠣ᠋ ᠲᠧᠯᠸᠢᠰ ᠤᠨ ᠠᠭᠤᠯᠠᠨ ᠳᠡᠭᠡᠷᠡᠬᠢ ᠲᠠᠪᠴᠠᠩ ᠦᠷᠳᠡᠭᠡ ᠶᠢ ᠪᠠᠶᠢᠭᠤᠯᠤᠨ᠎ᠠ᠃ ᠬᠤᠶᠠᠳᠤᠭᠠᠷ ᠣᠳᠠᠭᠠᠨ ᠤ ᠳᠣᠮᠳᠠᠲᠦ ᠣᠯᠣᠰ ᠤᠨ ᠠᠰᠣᠷᠣ ᠠᠶᠠᠯᠭᠤ ᠶᠢᠨ ᠣᠷᠠᠯᠢᠭ ᠤᠨ ᠨᠠᠶᠢᠷ ᠢ ᠡᠷᠭᠢᠯᠠᠨ ᠶᠠᠪᠣᠭᠳᠠᠭᠤᠯᠵᠣ᠂ ᠳᠣᠰᠬᠠᠯ ᠶᠡᠬᠡᠲᠠᠢ ᠰᠣᠶᠣᠯ ᠪᠠᠶ᠎ᠠ ᠲᠠᠮᠢᠷ ᠤᠨ ᠣᠷᠣᠯᠳᠣᠭᠠᠨ ᠢ ᠳᠠᠭᠠᠭᠠᠴᠢᠯᠠᠨ ᠡᠷᠬᠢᠯᠡᠨ᠎ᠡ᠃ ︽ᠪᠦᠬᠦ ᠠᠷᠠᠳ ᠤᠨ ᠪᠠᠶ᠎ᠠ ᠴᠢᠭᠢᠷᠠᠭᠵᠢᠭᠤᠯᠬᠤ ᠭᠡᠷᠡᠭᠵᠢᠭᠦᠯᠬᠦ ᠲᠦᠰᠦᠯ︾᠎ ᠢ ᠭᠦᠨᠵᠡᠭᠡᠢ ᠨᠠᠶᠢᠳᠠᠪᠣᠷᠢᠵᠢᠭᠤᠯᠵᠦ᠂ ᠪᠦᠬᠦ ᠠᠷᠠᠳ ᠤᠨ ᠪᠠᠶ᠎ᠠ ᠴᠢᠭᠢᠷᠠᠭᠵᠢᠭᠤᠯᠬᠤ ᠠᠵᠢᠯᠯᠠᠭ᠎ᠠ ᠶᠢ ᠨᠠᠷᠢᠨ ᠭᠢᠨᠠᠭᠠᠮᠠᠢ ᠵᠣᠭᠢᠶᠠᠨ ᠪᠠᠶᠢᠭᠤᠯᠵᠦ ᠦᠷᠨᠢᠭᠦᠯᠦᠨ᠎ᠠ᠃ ᠣᠯᠠᠨ ᠨᠠᠶᠢᠳᠠ ᠶᠢᠨ ᠭᠦᠯ ᠪᠦᠮᠪᠦᠭᠡᠨ ᠲᠠᠯᠠᠪᠣᠷ ᠢ ᠪᠠᠶᠢᠭᠤᠯᠵᠤ᠂ ᠭᠦᠯ ᠪᠦᠮᠪᠦᠭᠡ ᠶᠢᠨ ᠦᠢᠯᠠᠰ ᠤᠨ ᠦᠳᠳᠡᠷ ᠲᠦᠷᠭᠡᠨ ᠭᠦᠭᠵᠢᠬᠦ ᠶᠢ ᠠᠭᠢᠭᠤᠯᠣᠨ᠎ᠠ᠃              ᠡᠷᠡᠭᠦᠯ ᠬᠠᠮᠠᠭᠠᠯᠠᠯ ᠲᠦᠯᠦᠪᠯᠡᠭᠡᠲᠦ ᠦᠷᠡᠵᠢᠯ ᠤᠨ ᠠᠵᠢᠯ ᠢ ᠪᠦᠬᠦ ᠲᠠᠯ᠎ᠠ ᠪᠠᠷ ᠭᠦᠭᠵᠢᠭᠦᠯᠦᠨ᠎ᠡ᠃  ᠡᠷᠡᠬᠦᠯ ᠬᠠᠮᠠᠭᠠᠯᠠᠯ ᠤᠨ ᠶᠡᠰᠤ ᠴᠢᠨᠠᠷ ᠢ ᠲᠡᠬᠡᠭᠰᠢᠯᠡᠬᠦᠯᠬᠦ ᠭᠤᠷᠪᠠᠨ ᠵᠢᠯ ᠤᠨ ᠠᠵᠢᠯᠯᠠᠭᠠᠨ ᠤ ᠲᠦᠯᠤᠪᠯᠡᠭᠡ ᠶᠢ ᠦᠷᠭᠦᠯᠵᠢᠯᠠᠨ ᠭᠡᠷᠡᠭᠵᠢᠭᠦᠯᠦᠨ᠂ ᠠᠯᠪᠠᠨ ᠠᠴᠠ ᠪᠠᠶᠢᠭᠤᠯᠤᠭᠰᠠᠨ ᠡᠮᠨᠡᠯᠭᠡ ᠶᠢᠨ ᠬᠤᠷᠢᠶ᠎ᠠ ᠶᠢᠨ ᠦᠭᠡᠷᠡᠴᠢᠯᠠᠯᠳᠠ ᠶᠢ ᠲᠦᠯᠭᠢᠨ ᠠᠭᠢᠭᠤᠯᠵᠦ᠂ ᠡᠭᠡ ᠨᠢᠯᠬᠠᠰ ᠤᠨ ᠡᠷᠡᠭᠦᠯᠵᠢᠯ ᠤᠨ ᠬᠤᠷᠢᠶ᠎ᠠ ᠶᠢᠨ ᠶᠡᠷᠦᠩᠭᠡᠶᠢᠯᠡᠭᠰᠡᠨ ᠠᠰᠠᠷ ᠢ ᠰᠢᠨ᠎ᠡ ᠪᠠᠷ ᠪᠠᠶᠢᠭᠤᠯᠤᠨ᠂ ᠮᠣᠩᠭᠤᠯ ᠡᠮᠨᠡᠯᠭᠡ ᠶᠢᠨ ᠳᠣᠰᠬᠠᠢ ᠰᠠᠯᠠᠭ᠎ᠠ ᠪᠠᠶᠢᠭᠤᠯᠬᠤ ᠶᠢ ᠲᠡᠭᠦᠯᠳᠡᠷᠵᠢᠭᠦᠯᠵᠦ᠂ ᠮᠣᠩᠭᠤᠯ ᠭᠢᠳᠠᠳ ᠡᠮ ᠤᠨ ᠭᠡᠷᠡᠭᠯᠡᠭᠡᠨ ᠤ ᠮᠡᠷᠭᠡᠵᠢᠯ ᠢ ᠲᠡᠯᠭᠡᠷᠡᠭᠦᠯᠬᠦ ᠠᠵᠢᠯ ᠢ ᠰᠠᠶᠢᠳᠣᠷ ᠠᠳᠬᠤᠨ᠎ᠠ᠃ ︽ᠡᠷᠡᠭᠦᠯ ᠮᠡᠨᠲᠦ ᠶᠢ ᠡᠷᠭᠢᠮᠯᠡᠬᠦ︾ ᠣᠶᠢᠯᠠᠭᠠᠭᠳᠠᠬᠤᠨ ᠢ ᠪᠣᠢ ᠪᠣᠯᠭᠠᠵᠦ᠂ ᠭᠢᠵᠢᠭ ᠡᠪᠡᠳᠴᠢᠨ ᠢ ᠣᠷᠢᠳᠴᠢᠯᠠᠨ ᠰᠠᠷᠭᠡᠶᠢᠯᠡᠬᠦ᠂ ᠡᠭᠡ ᠨᠢᠯᠬᠠᠰ ᠤᠨ ᠡᠷᠡᠭᠦᠯᠵᠢᠯ ᠢ ᠪᠠᠳᠤᠯᠠᠬᠤ ᠪᠠ ᠡᠷᠡᠭᠦᠯ ᠬᠠᠮᠠᠭᠠᠯᠠᠯ ᠤᠨ ᠬᠢᠨᠠᠯᠲᠠ ᠬᠠᠮᠢᠶᠠᠷᠣᠯᠳᠠ ᠶᠢᠨ ᠠᠵᠢᠯ ᠢ ᠴᠢᠩᠭᠠᠳᠬᠠᠵᠦ᠂ ᠭᠡᠷ ᠪᠦᠯᠢ ᠶᠢᠨ ᠡᠮᠴᠢ ᠲᠠᠢ ᠭᠡᠷ᠎ᠡ ᠳᠣᠭᠳᠠᠬᠤ ᠦᠢᠯᠡᠴᠢᠯᠡᠭᠡᠨ ᠤ ᠭᠢᠷᠢ ᠲᠦᠪᠰᠢᠨ ᠢ ᠳᠡᠭᠡᠭᠰᠢᠯᠡᠭᠦᠯᠦᠨ᠂ ᠭᠡᠷ᠎ᠡ ᠳᠣᠭᠳᠠᠬᠤ ᠦᠢᠯᠡᠴᠢᠯᠡᠭᠡᠨ ᠤ ᠪᠦᠷᠭᠦᠴᠠ ᠶᠢ ᠲᠦᠷᠭᠡᠳᠭᠡᠵᠦ᠂ ᠡᠷᠡᠭᠦᠯ ᠬᠠᠮᠠᠭᠠᠯᠠᠯ ᠤᠨ ᠠᠵᠢᠯ ᠢ ︽ᠡᠪᠡᠳᠴᠢᠨ ᠢ ᠡᠮᠨᠡᠭᠦᠯᠬᠦ ᠪᠠᠷ ᠭᠤᠣᠯ ᠪᠣᠯᠭᠠᠵᠦ︾ ᠪᠠᠶᠢᠭᠰᠠᠨ ᠢ ︽ᠡᠷᠡᠭᠦᠯ ᠮᠡᠨᠲᠦ ᠶᠢ ᠡᠷᠬᠢᠮᠯᠡᠨ ᠴᠢᠬᠤᠯᠠᠴᠢᠯᠠᠬᠤ︾ ᠲᠠᠰᠢ ᠬᠤᠪᠢᠷᠠᠭᠤᠯᠣᠨ᠎ᠠ᠃ ᠪᠦᠬᠦ ᠣᠷᠣᠨ ᠤ ᠡᠷᠡᠭᠦᠯ ᠬᠠᠮᠠᠭᠠᠯᠠᠯ ᠤᠨ ᠬᠤᠳᠠ ᠪᠠᠯᠭᠠᠰᠣ ᠶᠢ ᠳᠠᠪᠳᠠᠨ ᠪᠠᠶᠢᠴᠠᠭᠠᠵᠤ ᠭᠢᠨᠠᠨ ᠰᠢᠯᠭᠠᠬᠤ ᠠᠵᠢᠯ ᠢ ᠰᠠᠶᠢᠳᠣᠷ ᠠᠳᠬᠤᠨ᠎ᠠ᠃ ᠲᠦᠯᠦᠪᠯᠡᠭᠡᠲᠠᠢ ᠪᠠᠷ ᠭᠡᠣᠭᠡᠳ ᠠᠪᠬᠤ ᠠᠷᠠᠳ ᠲᠤ ᠠᠰᠢᠭᠲᠠᠢ ᠲᠦᠷᠦ ᠶᠢᠨ ᠪᠣᠳᠣᠯᠭ᠎ᠠ ᠶᠢ ᠨᠠᠷᠢᠨ ᠭᠢᠨᠠᠮᠠᠭᠠᠢ ᠨᠠᠶᠢᠳᠠᠪᠣᠷᠢᠵᠢᠭᠤᠯᠵᠦ᠂ ᠲᠦᠷᠦᠬᠦ ᠭᠦᠮᠦᠨ ᠠᠮᠠ ᠶᠢᠨ ᠭᠡᠪ ᠴᠢᠨᠠᠷ ᠢ ᠲᠡᠭᠡᠭᠰᠢᠯᠡᠭᠦᠯᠦᠨ᠎ᠡ᠃              ᠦᠨᠳᠦᠰᠦᠳᠠᠨ ᠱᠠᠰᠢᠨ ᠰᠣᠷᠳᠠᠬᠤᠨ ᠤ ᠠᠵᠢᠯ ᠢ ᠰᠠᠶᠢᠳᠣᠷ ᠠᠳᠬᠤᠨ᠎ᠠ᠃ ᠦᠨᠳᠦᠰᠦᠳᠠᠨ ᠤ ᠪᠦᠯᠭᠦᠮᠳᠠᠯ ᠲᠠᠪᠰᠢᠯᠲᠠ ᠶᠢᠨ ᠤᠬᠠᠭᠤᠯᠭ᠎ᠠ ᠬᠦᠮᠦᠵᠢᠯ ᠪᠠ ᠡᠭᠦᠳᠤᠨ ᠪᠠᠶᠢᠭᠤᠯᠬᠤ ᠠᠵᠢᠯᠯᠠᠭ᠎ᠠ ᠶᠢ ᠬᠦᠨᠵᠡᠭᠡᠢ ᠦᠷᠨᠢᠭᠦᠯᠵᠤ᠂ ᠦᠨᠳᠤᠰᠤᠳᠠᠨ ᠤ ᠪᠦᠯᠭᠦᠮᠳᠠᠯ ᠳᠠᠪᠰᠢᠯᠲᠠ ᠶᠢᠨ ︽ᠵᠢᠷᠭᠤᠭ᠎ᠠ ᠶᠢ ᠣᠷᠣᠭᠤᠯᠬᠤ︾ ᠠᠵᠢᠯᠯᠠᠭ᠎ᠠ ᠶᠢ ᠦᠷᠭᠦᠯᠵᠢᠯᠠᠨ ᠠᠭᠢᠭᠤᠯᠵᠦ᠂ ᠦᠨᠳᠦᠰᠦᠳᠠᠨ ᠤ ᠪᠦᠯᠭᠦᠮᠳᠠᠯ ᠤᠨ ᠣᠭᠢ ᠰᠠᠶᠢᠨ ᠪᠠᠶᠢᠳᠠᠯ ᠢ ᠣᠯᠠᠮ ᠪᠠᠭᠢᠵᠢᠭᠦᠯᠦᠨ ᠭᠦᠭᠵᠢᠭᠦᠯᠦᠨ᠎ᠡ᠃ ᠮᠣᠩᠭᠤᠯ ᠦᠭᠡ ᠬᠡᠯᠡ ᠦᠰᠦᠭ ᠪᠢᠴᠢᠭ ᠤᠨ ᠲᠦᠷᠢᠮᠵᠢᠭᠰᠡᠨ ᠭᠡᠷᠡᠭᠯᠡᠯᠳᠡ ᠬᠠᠮᠢᠶᠠᠷᠣᠯᠳᠠ ᠶᠢ ᠴᠢᠩᠭᠠᠳᠬᠠᠵᠦ᠂ ᠴᠢᠬᠤᠯᠠ ᠪᠢᠴᠢᠭ ᠮᠠᠲ᠋ᠧᠷᠢᠶᠠᠯ ᠳᠤ ᠮᠣᠩᠭᠤᠯ ᠭᠢᠳᠠᠳ ᠬᠡᠯᠡ ᠶᠢ ᠵᠡᠷᠭᠡᠪᠠᠷ ᠭᠡᠷᠡᠭᠯᠡᠬᠦ ᠶᠢ ᠪᠠᠷᠢᠮᠳᠠᠯᠠᠨ᠎ᠠ᠃ ᠱᠠᠰᠢᠨ ᠰᠣᠷᠳᠠᠬᠤᠨ ᠤ ᠭᠡᠷᠡᠭ ᠡᠷᠬᠢᠯᠡᠬᠦ ᠶᠢ ᠬᠠᠣᠯᠢ ᠶᠣᠰᠣᠭᠠᠷ ᠬᠠᠮᠢᠶᠠᠷᠴᠦ᠂ ᠱᠠᠰᠢᠨ ᠰᠤᠷᠳᠠᠬᠤᠨ ᠎ ᠤ ᠡᠳᠡᠭᠡᠳ ᠪᠠ ᠱᠠᠰᠢᠨ ᠰᠢᠳᠦᠯᠭᠡ ᠲᠠᠢ ᠣᠯᠠᠨ ᠲᠦᠮᠡᠨ ᠤ ᠠᠵᠦ ᠠᠬᠤᠢ ᠨᠡᠶᠢᠭᠡᠮ ᠤᠨ ᠭᠦᠭᠵᠢᠯᠳᠡ ᠳᠤ ᠦᠵᠡᠬᠦᠯᠬᠦ ᠢᠳᠡᠪᠭᠢ ᠦᠢᠯᠡᠳᠣᠯ ᠢ ᠨᠢ ᠪᠠᠳᠠᠷᠠᠭᠤᠯᠣᠨ᠎ᠠ᠃              ︵ᠶᠢᠰᠣ︶ ᠡᠶ᠎ᠡ ᠵᠣᠭᠢᠴᠠᠩᠭᠤᠢ ᠳᠣᠭᠳᠠᠭᠤᠨ ᠪᠠᠶᠢᠳᠠᠯ ᠢ ᠪᠣᠢ ᠪᠣᠯᠭᠠᠬᠤ ᠪᠠᠷ ᠭᠠᠷᠳᠠᠴᠠ ᠪᠣᠯᠭᠠᠨ᠂ ᠨᠡᠶᠢᠭᠡᠮ ᠤᠨ ᠬᠠᠮᠢᠶᠠᠷᠣᠯᠳᠠ ᠶᠢᠨ ᠭᠢᠷᠢ ᠲᠦᠪᠰᠢᠨ ᠢ ᠣᠯᠠᠮ ᠲᠡᠭᠡᠭᠰᠢᠯᠡᠭᠦᠯᠦᠨ᠎ᠡ᠃              ᠳᠣᠭᠳᠠᠭᠤᠨ ᠢ ᠬᠠᠮᠠᠭᠠᠯᠠᠬᠤ ᠠᠵᠢᠯ ᠢ ᠪᠦᠬᠦ ᠭᠦᠴᠦᠨ ᠢᠶᠠᠷ ᠰᠠᠶᠢᠳᠣᠷ ᠠᠳᠬᠤᠨ᠎ᠠ᠃ ᠭᠠᠵᠠᠷ ᠤᠨ ᠳᠡᠰ ᠤᠨ ᠤᠳᠤᠷᠢᠳᠤᠯᠭ᠎ᠠ ᠶᠢᠨ ᠡᠳᠤᠷ ᠪᠦᠷᠢ ᠵᠠᠬᠢᠳᠠᠯ ᠰᠤᠷᠪᠤᠯᠵᠢᠯᠠᠭ᠎ᠠ ᠬᠦᠯᠢᠶᠡᠬᠦ᠂ ︽1328︾ ᠵᠠᠭᠢᠳᠠᠯ ᠰᠣᠷᠪᠣᠯᠵᠢᠯᠠᠭ᠎ᠠ ᠶᠢᠨ ᠠᠵᠢᠯ ᠤᠨ ᠡᠳᠦᠷ ᠤᠨ ᠲᠦᠷᠢᠮ ᠪᠠ ᠠᠮᠠᠷᠠᠯᠳᠠ ᠶᠢᠨ ᠡᠳᠣᠷ ᠬᠤᠣᠰ ᠠᠮᠠᠷᠠᠯᠳᠠ ᠶᠢᠨ ᠡᠳᠣᠷ ᠤᠨ ᠵᠢᠵᠢᠭᠦᠷ ᠤᠨ ᠲᠦᠷᠢᠮ ᠢ ᠦᠷᠭᠦᠯᠵᠢᠯᠡᠨ ᠬᠡᠷᠡᠭᠵᠢᠭᠦᠯᠵᠤ᠂ ᠵᠠᠭᠢᠳᠠᠯ ᠰᠣᠷᠪᠣᠯᠵᠢᠯᠠᠭ᠎ᠠ ᠶᠢᠨ ᠠᠰᠠᠭᠤᠳᠠᠯ ᠢ ᠡᠭᠢ ᠡᠭᠦᠰᠤᠯ ᠠᠴᠠ ᠨᠢ ᠵᠠᠰᠠᠬᠤ ᠠᠵᠢᠯ ᠢ ᠰᠠᠶᠢᠳᠣᠷ ᠠᠳᠬᠤᠵᠦ᠂ ᠰᠦᠯᠵᠢᠶ᠎ᠡ ᠪᠠ ᠵᠢᠷᠭᠢᠭᠡ ᠳᠡᠭᠡᠷᠡᠬᠢ ᠵᠠᠬᠢᠳᠠᠯ ᠰᠤᠷᠪᠤᠯᠵᠢᠯᠠᠭ᠎ᠠ ᠶᠢᠨ ᠳᠠᠪᠴᠠᠩ ᠤᠨ ᠪᠠᠶᠢᠭᠤᠯᠤᠯᠲᠠ ᠶᠢ ᠣᠯᠠᠮ ᠲᠡᠭᠦᠯᠳᠡᠷᠵᠢᠭᠦᠯᠵᠦ᠂ ᠤᠯᠠᠨ ᠲᠦᠮᠡᠨ ᠤ ᠵᠦᠢ ᠶᠤᠰᠤᠨ ᠤ ᠬᠦᠰᠡᠯ ᠱᠠᠭᠠᠷᠳᠠᠯᠭ᠎ᠠ ᠶᠢ ᠵᠤᠬᠢᠰᠲᠠᠢ ᠰᠢᠢᠳᠪᠦᠷᠢᠯᠡᠬᠦ ᠪᠠ ᠬᠠᠨᠤᠮᠵᠢᠲᠠᠢ ᠬᠠᠷᠢᠭᠤᠯᠲᠠ ᠦᠭᠬᠦ ᠶᠢ ᠪᠠᠳᠣᠯᠠᠨ᠎ᠠ᠃ ᠨᠡᠶᠢᠭᠡᠮ ᠤᠨ ᠵᠦᠷᠢᠴᠠᠯ ᠢ ᠡᠶᠡᠳᠡᠬᠦᠯᠬᠦ ᠶᠢ ᠭᠦᠨᠵᠡᠭᠡᠢ ᠠᠭᠢᠭᠤᠯᠵᠦ᠂ ᠬᠠᠣᠯᠢ ᠶᠣᠰᠣᠭᠠᠷ ᠡᠷᠭᠡ ᠪᠠᠨ ᠬᠠᠮᠠᠭᠠᠯᠠᠬᠤ ᠪᠠ ᠵᠦᠷᠢᠴᠠᠯ ᠢ ᠰᠢᠢᠳᠪᠣᠷᠢᠯᠡᠬᠦ ᠲᠤᠭᠳᠠᠴᠨ ᠶᠢ ᠪᠦᠷᠢᠨᠰᠢᠭᠦᠯᠦᠨ᠂ ᠡᠯ᠎ᠡ ᠲᠦᠷᠦᠯ ᠤᠨ ᠵᠦᠷᠢᠴᠡᠯ ᠵᠢᠭᠤᠷᠭᠠᠨ ᠪᠠ ᠠᠰᠠᠭᠤᠳᠠᠯ ᠢ ᠢᠳᠡᠪᠬᠢᠲᠠᠢ ᠰᠡᠷᠭᠡᠶᠢᠯᠡᠬᠦ ᠪᠠ ᠲᠤᠬᠢᠲᠠᠢ ᠰᠢᠢᠳᠪᠦᠷᠢᠯᠡᠵᠤ᠂ ᠠᠷᠠᠳ ᠤᠯᠠᠨ ᠤ ᠬᠤᠪᠢ ᠪᠠᠶ᠎ᠠ ᠶᠢᠨ ᠠᠰᠢᠭ ᠳᠣᠰᠠ ᠶᠢ ᠦᠨᠡᠨᠬᠦ ᠬᠠᠮᠠᠭᠠᠯᠠᠵᠦ᠂ ᠢᠳᠡᠪᠬᠢ ᠪᠤᠰᠤ ᠬᠦᠴᠦᠨ ᠵᠦᠢᠯ ᠢ ᠬᠠᠮᠤᠭ ᠶᠡᠭᠡ ᠭᠡᠮᠵᠢᠶ᠎ᠡ ᠎ ᠪᠠᠷ ᠪᠠᠭᠠᠰᠬᠠᠨ᠎ᠠ᠃ ᠨᠡᠶᠢᠭᠡᠮ ᠤᠨ ᠠᠮᠤᠷ ᠳᠦᠪᠰᠢᠨ ᠢ ᠶᠡᠷᠦᠩᠭᠡᠶᠢᠯᠡᠨ ᠵᠠᠰᠠᠬᠤ ᠲᠤᠭᠳᠠᠴᠨ ᠶᠢᠨ ᠰᠢᠨ᠎ᠡ ᠶᠢ ᠡᠭᠦᠳᠴᠤ᠂ ᠦᠨᠳᠦᠰᠣᠨ ᠱᠠᠳᠣᠨ ᠤ ᠵᠠᠰᠠᠭ ᠤᠨ ᠡᠷᠭᠡ ᠶᠢᠨ ᠪᠠᠶᠢᠭᠤᠯᠣᠯᠳᠠ ᠶᠢ ᠴᠢᠩᠭᠠᠳᠬᠠᠨ᠂ ᠨᠡᠶᠢᠭᠡᠮ ᠢ ᠵᠠᠰᠠᠬᠤ ᠳᠣᠭᠠᠴᠢᠯᠠᠭᠰᠠᠨ ᠢᠨᠵᠧᠨᠧᠷᠢᠩ ᠤᠨ ᠪᠠᠶᠢᠭᠤᠯᠣᠯᠳᠠ ᠶᠢ ᠠᠭᠢᠭᠤᠯᠵᠦ᠂ ᠨᠡᠶᠢᠭᠡᠮ ᠤᠨ ᠠᠮᠤᠷ ᠳᠦᠪᠰᠢᠨ ᠢ ᠶᠡᠷᠦᠩᠭᠡᠶᠢᠯᠡᠨ ᠵᠠᠰᠠᠬᠤ ᠣᠷᠢᠳᠴᠢᠯᠠᠨ ᠰᠠᠷᠭᠡᠶᠢᠯᠡᠬᠦ ᠰᠢᠰᠲ᠋ᠧᠮ ᠢ ᠪᠠᠶᠢᠭᠤᠯᠣᠨ᠎ᠠ᠃ ᠨᠡᠶᠢᠭᠡᠮ ᠤᠨ ᠶᠠᠷᠢᠶ᠎ᠡ ᠬᠡᠯᠡᠯᠴᠡᠭᠡᠨ ᠎ ᠤ ᠪᠠᠶᠢᠳᠠᠯ ᠢ ᠲᠡᠭᠡᠲᠦ ᠭᠡᠮᠵᠢᠶ᠎ᠠ ᠪᠠᠷ ᠬᠠᠯᠠᠮᠵᠢᠯᠠᠨ ᠠᠩᠬᠠᠷᠴᠤ᠂ ᠲᠠᠶᠢᠯᠪᠣᠷᠢᠯᠠᠬᠤ ᠪᠠ ᠵᠢᠯᠣᠭᠤᠳᠬᠤ ᠠᠵᠢᠯ ᠢ ᠴᠠᠭ ᠳᠣᠬᠠᠢ ᠳᠤᠨᠢ ᠰᠠᠶᠢᠳᠣᠷ ᠭᠢᠵᠦ᠂ ᠡᠯ᠎ᠡ ᠵᠦᠢᠯ ᠤᠨ ᠭᠡᠨᠡᠳᠳᠠ ᠶᠢᠨ ᠭᠡᠷᠡᠭ ᠢ ᠵᠣᠭᠢᠰᠲᠠᠢ ᠰᠢᠢᠳᠪᠣᠷᠢᠯᠠᠨ᠎ᠠ᠃              ᠠᠶᠤᠯᠭᠦᠢ ᠦᠢᠯᠠᠳᠪᠣᠷᠢᠯᠠᠯ ᠪᠠ ᠢᠳᠡᠭᠡᠨ ᠤᠮᠳᠠᠭᠠᠨ ᠡᠮ ᠤᠨ ᠵᠦᠢᠯᠠᠰ ᠤᠨ ᠭᠢᠨᠠᠨ ᠬᠠᠮᠢᠶᠠᠷᠣᠯᠳᠠ ᠶᠢ ᠪᠦᠬᠦ ᠲᠠᠯ᠎ᠠ ᠪᠠᠷ ᠴᠢᠩᠭᠠᠳᠬᠠᠨ᠎ᠠ᠃ ᠠᠮᠣᠷ ᠲᠦᠪᠰᠢᠨ ᠭᠦᠭᠵᠢᠯᠳᠡ ᠶᠢᠨ ᠣᠶᠢᠯᠠᠭᠠᠭᠳᠠᠬᠤᠨ ᠢ ᠪᠡᠳᠦ ᠪᠣᠢ ᠪᠣᠯᠭᠠᠨ᠂ ᠠᠶᠤᠯᠭᠦᠢ ᠦᠢᠯᠠᠳᠪᠣᠷᠢᠯᠠᠯ ᠤᠨ ᠠᠵᠢᠯ ᠢ ᠪᠦᠬᠦ ᠲᠠᠯ᠎ᠠ ᠪᠠᠷ ᠴᠢᠩᠭᠠᠳᠬᠠᠨ᠂ ᠪᠠᠶᠢᠴᠠᠭᠠᠬᠤ ᠪᠠ ᠳᠣᠰᠬᠠᠢ ᠲᠦᠷᠦᠯ ᠢᠶᠠᠷ ᠴᠡᠭᠴᠡᠯᠡᠬᠦ ᠠᠵᠢᠯ ᠢ ᠨᠠᠷᠢᠨ ᠭᠢᠨᠠᠮᠠᠭᠠᠢ ᠵᠤᠬᠢᠶᠠᠨ ᠪᠠᠶᠢᠭᠤᠯᠤᠨ ᠦᠷᠨᠢᠭᠦᠯᠵᠦ᠂ ᠣᠨᠴᠠ ᠬᠦᠨᠳᠦ ᠶᠡᠭᠡ ᠠᠳᠠᠯ ᠭᠠᠷᠬᠤ ᠶᠢ ᠡᠷᠠᠰ ᠬᠤᠷᠢᠭᠯᠠᠨ᠎ᠠ᠃ ᠢᠳᠡᠭᠡᠨ ᠤᠮᠳᠠᠭᠠᠨ ᠡᠮ ᠤᠨ ᠵᠦᠢᠯᠠᠰ ᠤᠨ ᠵᠠᠬ᠎ᠠ ᠲᠠᠯᠭᠡᠭᠦᠷ ᠤᠨ ᠬᠢᠨᠠᠯᠲᠠ ᠬᠠᠮᠢᠶᠠᠷᠣᠯᠳᠠ ᠶᠢ ᠴᠢᠩᠭᠠᠳᠬᠠᠵᠦ᠂ ᠵᠢᠵᠢᠭ ᠢᠳᠡᠭᠡᠨ ᠣᠮᠳᠠᠭᠠᠨ ᠢ ᠦᠢᠯᠡᠳᠪᠣᠷᠢᠯᠡᠬᠦ ᠳᠣᠭᠤᠷᠢᠭ ᠢ ᠲᠦᠰᠦᠪᠯᠠᠨ ᠪᠠᠶᠢᠭᠤᠯᠵᠦ᠂ ᠭᠢᠨᠠᠨ ᠬᠠᠮᠢᠶᠠᠷᠬᠤ ᠠᠷᠭ᠎ᠠ ᠪᠠᠷᠢᠯ ᠢᠶᠠᠨ ᠳᠡᠭᠦᠯᠳᠡᠷᠵᠢᠭᠦᠯᠦᠨ᠂ ᠢᠳᠡᠭᠡᠨ ᠤᠮᠳᠠᠭᠠᠨ ᠡᠮ ᠤᠨ ᠵᠦᠢᠯᠠᠰ ᠢ ᠲᠦᠷᠭᠡᠨ ᠰᠢᠯᠭᠠᠨ ᠪᠠᠶᠢᠴᠠᠭᠠᠬᠤ ᠲᠠᠰᠤᠭ ᠪᠠ ᠲᠦᠷᠭᠡᠨ ᠰᠢᠯᠭᠠᠨ ᠳᠣᠭᠳᠠᠭᠠᠬᠤ ᠲᠡᠷᠭᠡ ᠶᠢᠨ ᠦᠢᠯᠡᠳᠦᠯ ᠢ ᠭᠦᠢᠴᠠᠳ ᠪᠠᠳᠠᠷᠠᠭᠤᠯᠵᠦ᠂ ᠠᠷᠠᠳ ᠣᠯᠠᠨ ᠤ ︽ᠢᠳᠡᠭᠡᠨ ᠣᠮᠳᠠᠭᠠᠨ ᠤ ᠠᠮᠣᠷ ᠲᠦᠪᠰᠢᠨ︾᠎ ᠢ ᠪᠠᠳᠣᠯᠠᠨ᠎ᠠ᠃              ︵ᠠᠷᠪᠠ︶ ᠠᠷᠠᠳ ᠲᠦᠮᠡᠨ ᠬᠠᠨᠣᠮᠵᠢᠲᠠᠢ ᠪᠠᠶᠢᠬᠤ ᠵᠠᠰᠠᠭ ᠤᠨ ᠣᠷᠳᠣᠨ ᠢ ᠪᠠᠶᠢᠭᠤᠯᠬᠤ ᠪᠠᠷ ᠭᠠᠷᠳᠠᠴᠠ ᠪᠣᠯᠭᠠᠨ᠂ ᠵᠠᠰᠠᠭ ᠤᠨ ᠣᠷᠳᠣᠨ ᠤ ᠲᠤᠰ ᠪᠠᠶ᠎ᠠ ᠶᠢᠨ ᠪᠠᠶᠢᠭᠤᠯᠣᠯᠳᠠ ᠶᠢ ᠣᠯᠠᠮ ᠴᠢᠩᠭᠠᠳᠬᠠᠨ᠎ᠠ᠃              ᠬᠠᠣᠯᠢ ᠪᠠᠷ ᠬᠤᠰᠢᠭᠤ ᠪᠠᠨ ᠵᠠᠰᠠᠬᠤ ᠶᠢ ᠪᠦᠬᠦ ᠲᠠᠯ᠎ᠠ ᠪᠠᠷ ᠲᠦᠯᠭᠢᠨ ᠠᠭᠢᠭᠤᠯᠣᠨ᠎ᠠ᠃ ︽ᠳᠣᠯᠣᠳᠣᠭᠠᠷ ᠲᠠᠪᠣᠨ ᠵᠢᠯ︾᠎ ᠤᠨ ᠬᠠᠣᠯᠢ ᠲᠦᠭᠡᠮᠡᠯᠵᠢᠭᠦᠯᠬᠦ ᠠᠵᠢᠯ ᠢ ᠭᠦᠨᠵᠡᠭᠡᠢ ᠠᠭᠢᠭᠤᠯᠵᠦ᠂ ᠺᠠᠳ᠋ᠷ ᠣᠯᠠᠨ ᠲᠦᠮᠡᠨ ᠤ ᠬᠠᠤᠯᠢ ᠪᠠᠷ ᠵᠠᠰᠠᠬᠤ ᠳᠠᠨᠢᠯᠲᠠ ᠶᠢ ᠦᠨᠡᠨᠬᠦ ᠳᠡᠭᠡᠭᠰᠢᠯᠡᠭᠦᠯᠦᠨ᠎ᠡ᠃ ᠤᠯᠠᠨ ᠨᠡᠶᠢᠲᠠ ᠶᠢᠨ ᠬᠠᠣᠯᠢ ᠴᠠᠭᠠᠵᠠ ᠶᠢᠨ ᠦᠢᠯᠡᠴᠢᠯᠡᠭᠡᠨ ᠤ ᠰᠢᠰᠲ᠋ᠧᠮ ᠢ ᠣᠯᠠᠮ ᠪᠦᠷᠢᠨᠰᠢᠭᠦᠯᠵᠦ᠂ ᠠᠷᠠᠳ ᠣᠯᠠᠨ ᠳᠤ ᠴᠠᠭ ᠳᠣᠬᠠᠢ ᠳᠤᠨᠢ ᠬᠦᠴᠦᠨ ᠪᠦᠬᠦᠢ ᠬᠠᠣᠯᠢ ᠴᠠᠭᠠᠵᠠ ᠶᠢᠨ ᠲᠣᠰᠠᠯᠠᠮᠵᠢ ᠤᠯᠭᠤᠨ᠎ᠠ᠃ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠵᠢᠴᠢ ᠪᠠᠶᠢᠩᠭᠤ ᠶᠢᠨ ᠬᠤᠷᠢᠶᠠᠨ ᠤ ᠰᠢᠢᠳᠪᠣᠷᠢ᠂ ᠳᠣᠭᠳᠠᠭᠠᠯ ᠢ ᠨᠠᠷᠢᠨ ᠭᠢᠨᠠᠮᠠᠭᠠᠢ ᠭᠡᠷᠡᠭᠵᠢᠭᠦᠯᠵᠦ᠂ ᠬᠠᠣᠯᠢ ᠶᠣᠰᠣᠭᠠᠷ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠵᠢᠴᠢ ᠪᠠᠶᠢᠩᠭᠤ ᠶᠢᠨ ᠬᠤᠷᠢᠶ᠎ᠡ ᠳᠤ ᠠᠵᠢᠯ ᠢᠶᠠᠨ ᠮᠡᠳᠡᠭᠦᠯᠵᠦ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠠᠤᠯᠢ ᠴᠠᠭᠠᠵᠨ ᠶᠢᠨ ᠬᠢᠨᠠᠯᠲᠠ᠂ ᠠᠵᠢᠯ ᠤᠨ ᠬᠢᠨᠠᠯᠲᠠ ᠪᠠ ᠤᠯᠤᠰ ᠲᠦᠷᠦ ᠶᠢᠨ ᠵᠦᠪᠯᠡᠯᠭᠡᠨ ᠤ ᠠᠷᠠᠳᠴᠢᠯᠠᠯ ᠤᠨ ᠬᠢᠨᠠᠯᠲᠠ ᠶᠢ ᠤᠬᠠᠮᠰᠠᠷ ᠠᠴᠠ ᠪᠠᠨ ᠬᠦᠯᠢᠶᠡᠵᠤ ᠂ ᠠᠷᠠᠳ ᠤᠨ ᠲᠦᠯᠦᠭᠡᠯᠡᠭᠴᠢᠳ ᠤᠨ ᠰᠠᠨᠠᠯ ᠵᠦᠪᠯᠡᠯᠭᠡ ᠪᠠ ᠤᠯᠤᠰ ᠲᠦᠷᠦ ᠶᠢᠨ ᠵᠦᠪᠯᠡᠯᠭᠡᠨ ᠤ ᠬᠡᠰᠢᠭᠦᠳ ᠤᠨ ᠰᠠᠨᠠᠯ ᠳᠤᠷᠠᠳᠤᠯᠭ᠎ᠠ ᠶᠢ ᠨᠠᠷᠢᠨ ᠨᠢᠮᠪᠠᠢ ᠰᠢᠢᠳᠪᠦᠷᠢᠯᠡᠨ᠂ ᠦᠢᠯᠡᠳᠪᠦᠷᠢ ᠬᠤᠳᠠᠯᠳᠤᠭᠠᠨ ᠤ ᠬᠤᠯᠪᠤᠭ᠎ᠠ᠂ ᠨᠠᠮ ᠪᠦᠯᠦᠭ ᠤᠨ ᠪᠤᠰᠤ ᠬᠦᠮᠦᠰ ᠪᠤᠯᠤᠨ ᠠᠷᠠᠳ ᠤᠨ ᠪᠦᠯᠬᠦᠮ ᠤᠨ ᠰᠠᠨᠠᠯ ᠰᠠᠨᠠᠭᠤᠯᠭ᠎ᠠ ᠶᠢ ᠦᠷᠭᠡᠨ ᠢᠶᠠᠷ ᠰᠤᠨᠤᠰᠤᠨ᠎ᠠ ᠃ ᠬᠠᠣᠯᠢ ᠪᠠᠷ ᠵᠠᠰᠠᠭ ᠶᠠᠪᠣᠭᠤᠯᠬᠤ ᠶᠢ ᠪᠠᠷᠢᠮᠳᠠᠯᠠᠵᠦ᠂ ᠬᠠᠣᠯᠢ ᠳᠤ ᠳᠤᠭᠳᠠᠭᠠᠭᠰᠠᠨ ᠡᠷᠭᠡ ᠮᠡᠳᠡᠯ ᠪᠠ ᠳᠡᠰ ᠳᠠᠷᠠᠭ᠎ᠠ ᠪᠠᠷ ᠡᠷᠭᠡ ᠪᠠᠨ ᠭᠡᠷᠡᠭᠵᠢᠭᠦᠯᠵᠦ᠂ ᠡᠭᠦᠷᠭᠡ ᠳᠣᠰᠢᠶᠠᠯ ᠢᠶᠠᠨ ᠬᠦᠢᠴᠡᠳᠭᠡᠨ᠂ ︽ᠬᠤᠣᠰ ᠳᠣᠭᠢᠶᠠᠯᠳᠣᠯ ᠢᠶᠠᠷ ᠪᠠᠶᠢᠴᠠᠭᠠᠬᠤ᠂ ᠨᠢᠭᠡ ᠶᠢ ᠢᠯᠡ ᠪᠣᠯᠭᠠᠬᠤ︾ ᠭᠢᠨᠠᠯᠳᠠ ᠶᠢ ᠠᠬᠢᠭᠤᠯᠵᠤ᠂ ᠵᠠᠰᠠᠭ ᠵᠠᠭᠢᠷᠭᠠᠨ ᠤ ᠬᠠᠣᠯᠢ ᠭᠡᠷᠡᠭᠵᠢᠭᠦᠯᠦᠯᠳᠡ  ᠶᠢᠨ ᠴᠢᠩᠭ᠎ᠠ ᠲᠦᠷᠢᠮᠵᠢᠯᠲᠠ ᠶᠢ ᠪᠠᠳᠤᠯᠠᠨ᠎ᠠ᠃              ᠦᠭᠡᠷᠡᠴᠢᠯᠡᠯᠲᠡ ᠶᠢᠨ ᠠᠵᠢᠯ ᠢ ᠪᠦᠬᠦ ᠭᠦᠴᠦᠨ ᠢᠶᠠᠷ ᠲᠦᠯᠭᠢᠨ ᠠᠭᠢᠭᠤᠯᠣᠨ᠎ᠠ᠃ ᠡᠯ᠎ᠡ ᠬᠦᠷᠢᠶ᠎ᠡ ᠴᠠᠷᠠᠭᠠᠨ ᠳᠠᠬᠢ ᠦᠭᠡᠷᠡᠴᠢᠯᠡᠯᠲᠡ ᠶᠢᠨ ᠭᠤᠤᠯᠳᠠᠯᠭ᠎ᠠ ᠶᠢᠨ ᠲᠤᠭᠤᠷᠢᠨ ᠳᠤ᠂ ᠡᠬᠢ ᠪᠠᠶᠠᠯᠢᠭ ᠤᠨ ᠬᠦᠴᠦᠨ ᠢ ᠨᠢᠭᠡᠳᠤᠯᠲᠠᠢ ᠲᠦᠯᠦᠪᠵᠢᠭᠦᠯᠦᠨ ᠲᠤᠬᠢᠷᠠᠭᠤᠯᠵᠤ᠂ ᠡᠯ᠎ᠡ ᠲᠦᠷᠦᠯ ᠤᠨ ᠦᠭᠡᠷᠡᠴᠢᠯᠡᠯᠲᠡ ᠶᠢᠨ ᠡᠭᠦᠷᠬᠡ ᠶᠢᠨ ᠨᠠᠶᠢᠳᠠᠪᠤᠷᠢᠵᠢᠭᠤᠯᠤᠯᠲᠠ ᠶᠢᠨ ᠠᠬᠢᠴᠨ ᠪᠠᠨ ᠲᠦᠷᠭᠡᠳᠬᠡᠨ᠎ᠡ᠃ ᠡᠭᠦᠨ ᠤ ᠵᠡᠷᠭᠡᠪᠡᠷ᠂ ᠨᠢᠭᠡᠨᠲᠡ ᠲᠤᠭᠳᠠᠭᠠᠭᠰᠠᠨ ᠦᠭᠡᠷᠡᠴᠢᠯᠡᠯᠲᠡ ᠶᠢᠨ ᠲᠦᠷᠢᠮ ᠤᠨ ᠨᠠᠶᠢᠳᠠᠪᠤᠷᠢᠵᠢᠭᠤᠯᠤᠯᠲᠠ ᠶᠢᠨ ᠬᠦᠴᠦᠯᠡᠴᠨ ᠪᠠᠨ ᠴᠢᠩᠭᠠᠳᠬᠠᠵᠤ᠂ ᠡᠯ᠎ᠡ ᠬᠦᠷᠢᠶ᠎ᠡ ᠴᠠᠷᠠᠭᠠᠨ ᠳᠠᠬᠢ ᠦᠭᠡᠷᠡᠴᠢᠯᠡᠯᠲᠡ ᠶᠢᠨ ᠡᠭᠦᠷᠭᠡ ᠶᠢ ᠴᠢᠨᠠᠷᠯᠢᠭ ᠪᠡᠶᠡᠯᠡᠭᠦᠯᠦᠨ᠎ᠡ᠃ ︽ᠳᠣᠣᠷ ᠰᠦᠯᠵᠢᠶ᠎ᠡ + ᠵᠠᠰᠠᠭ ᠤᠨ ᠶᠠᠪᠣᠳᠠᠯ ᠤᠨ ᠦᠢᠯᠡᠴᠢᠯᠡᠭᠡ︾᠎ ᠶᠢ ᠶᠡᠭᠡᠪᠠᠷ ᠲᠦᠯᠭᠢᠨ ᠠᠭᠢᠭᠤᠯᠵᠦ᠂ ᠵᠠᠰᠠᠭ ᠤᠨ ᠶᠠᠪᠣᠳᠠᠯ ᠤᠨ ᠦᠢᠯᠡᠴᠢᠯᠡᠭᠡᠨ ᠤ ᠲᠦᠪ ᠤᠨ ᠦᠢᠯᠡᠴᠢᠯᠡᠭᠡᠨ ᠤ ᠦᠢᠯᠡᠳᠦᠯ ᠢ ᠣᠯᠠᠮ ᠲᠡᠭᠦᠯᠳᠡᠷᠵᠢᠭᠦᠯᠦᠨ᠎ᠠ᠃ ︽ᠡᠷᠬᠡ ᠪᠠᠨ ᠳᠤᠷᠤᠭᠰᠢ ᠪᠠᠭᠤᠯᠭᠠᠬᠤ᠂ ᠬᠠᠮᠢᠶᠠᠷᠬᠤ᠂ ᠦᠢᠯᠡᠴᠢᠯᠡᠬᠦ︾ ᠦᠭᠡᠷᠡᠴᠢᠯᠠᠯᠳᠠ ᠶᠢ ᠭᠦᠨᠵᠡᠭᠡᠢ ᠲᠦᠯᠭᠢᠨ ᠠᠭᠢᠭᠤᠯᠵᠦ᠂ ᠳᠣᠳᠣᠷᠬᠠᠢ ᠬᠠᠭᠤᠳᠠᠰᠤ ᠶᠢᠨ ᠲᠦᠷᠢᠮ ᠢᠶᠠᠷ ᠵᠠᠰᠠᠭ ᠢ ᠴᠤᠮᠬᠠᠳᠬᠠᠨ ᠡᠷᠭᠡ ᠶᠢ ᠴᠢᠯᠦᠭᠡᠳᠠᠢ ᠪᠠᠶᠢᠯᠭᠠᠬᠤ ᠶᠢ ᠲᠦᠯᠭᠢᠨ ᠠᠭᠢᠭᠤᠯᠵᠦ᠂ ᠵᠠᠰᠠᠭ ᠵᠠᠭᠢᠷᠭᠠᠨ ᠤ ᠭᠢᠨᠠᠨ ᠵᠦᠪᠰᠢᠶᠡᠷᠡᠬᠦ ᠲᠦᠷᠦᠯ ᠵᠦᠢᠯ ᠢ ᠣᠯᠠᠮ ᠨᠢᠭᠡ ᠠᠯᠬᠤᠮ ᠡᠮᠭᠢᠳᠭᠡᠨ ᠨᠠᠷᠢᠯᠢᠭᠵᠢᠭᠤᠯᠵᠤ᠂ ᠠᠵᠦ ᠠᠬᠤᠶᠢᠯᠠᠯ ᠪᠠ ᠠᠷᠠᠳ ᠲᠦᠮᠡᠨ ᠳᠤ ᠬᠠᠮᠤᠭ ᠶᠡᠭᠡ ᠭᠡᠮᠵᠢᠶ᠎ᠡ ᠪᠠᠷ ᠲᠦᠭᠦᠮ ᠦᠵᠡᠭᠦᠯᠦᠨ᠎ᠠ᠃ ᠣᠳᠣᠭᠢᠴᠢᠯᠠᠭᠰᠠᠨ ᠡᠳ᠋ ᠤᠨ ᠵᠠᠰᠠᠭ ᠤᠨ ᠲᠦᠷᠢᠮ ᠤᠨ ᠪᠠᠶᠢᠭᠤᠯᠤᠯᠲᠠ ᠶᠢ ᠲᠦᠷᠭᠡᠳᠬᠡᠵᠤ᠂ ᠳᠦᠰᠦᠪ ᠤᠨ ᠬᠠᠮᠢᠶᠠᠷᠤᠯᠲᠠ ᠶᠢᠨ ᠭᠢᠷᠢ ᠪᠦᠳᠦᠮᠵᠢ ᠶᠢ ᠲᠡᠭᠡᠭᠰᠢᠯᠡᠭᠦᠯᠵᠦ᠂ ᠰᠢᠨ᠎ᠠ ᠲᠦᠰᠦᠪ ᠤᠨ ᠬᠠᠣᠯᠢ ᠶᠢ ᠴᠢᠩᠭ᠎ᠠ  ᠬᠡᠷᠡᠭᠵᠢᠭᠦᠯᠦᠨ᠎ᠡ᠃              ᠰᠣᠷᠳᠠᠯ ᠤᠨ ᠪᠠᠶᠢᠭᠤᠯᠣᠯᠳᠠ ᠶᠢ ᠪᠦᠬᠦ ᠲᠠᠯ᠎ᠠ ᠪᠠᠷ ᠴᠢᠩᠭᠠᠳᠬᠠᠨ᠎ᠠ᠃ ︽ᠬᠤᠶᠠᠷ ᠢ ᠰᠣᠷᠣᠯᠴᠠᠵᠦ ᠭᠢᠷᠢ ᠲᠠᠩᠴᠡᠭᠰᠡᠨ ᠨᠠᠮ ᠤᠨ ᠭᠡᠰᠢᠭᠦᠨ ᠪᠣᠯᠬᠤ︾ ᠰᠣᠷᠣᠯᠴᠠᠯᠭ᠎ᠠ ᠶᠢᠨ ᠦᠷ᠎ᠡ ᠪᠦᠳᠦᠮᠵᠢ ᠶᠢ ᠪᠠᠳᠣᠳᠬᠠᠨ ᠭᠦᠨᠵᠡᠭᠡᠶᠢᠷᠡᠭᠦᠯᠵᠦ᠂ ᠵᠠᠰᠠᠭ ᠤᠨ ᠰᠣᠷᠳᠠᠯ ᠠᠵᠢᠯ ᠲᠦᠷᠦᠯ ᠤᠨ ᠰᠣᠷᠳᠠᠯ ᠤᠨ ᠪᠠᠶᠢᠭᠤᠯᠣᠯᠳᠠ ᠶᠢ ᠰᠠᠶᠢᠳᠣᠷ ᠠᠳᠬᠤᠨ᠂ ᠵᠠᠰᠠᠭ ᠵᠠᠭᠢᠷᠭᠠᠨ ᠤ ᠦᠢᠯᠡᠳᠦᠯ ᠪᠠ ᠦᠢᠯᠡᠴᠢᠯᠡᠭᠡᠨ ᠤ ᠭᠢᠷᠢ ᠲᠦᠪᠰᠢᠨ ᠢ ᠲᠠᠰᠣᠷᠠᠯᠳᠠ ᠦᠭᠡᠢ ᠲᠡᠭᠡᠭᠰᠢᠯᠡᠭᠦᠯᠦᠨ᠎ᠡ᠃ ᠨᠠᠷᠢᠨ ᠭᠢᠨᠠᠮᠠᠭᠠᠢ ᠬᠠᠷᠢᠭᠤᠴᠠᠬᠤ᠂ ᠴᠢᠩᠭ᠎ᠠ ᠨᠢᠮᠪᠠᠢ ᠪᠠᠶᠢᠬᠤ᠂ ᠪᠣᠳᠠᠲᠦ ᠦᠷ᠎ᠡ ᠠᠰᠢᠭ ᠲᠠᠢ ᠪᠠᠶᠢᠬᠤ ᠰᠢᠯᠢᠳᠡᠭ ᠰᠣᠷᠳᠠᠯ ᠢ ᠶᠡᠭᠡᠪᠠᠷ ᠳᠡᠭᠡᠳᠤᠯᠡᠵᠤ᠂ ᠵᠣᠷᠢᠭᠲᠠᠢ ᠪᠠᠷ ᠡᠭᠦᠷᠭᠡᠯᠡᠵᠦ ᠬᠠᠷᠢᠭᠤᠴᠠᠨ᠂ ᠰᠠᠭᠤᠷᠢ ᠶᠢ ᠪᠠᠳᠤᠳᠬᠠᠨ᠂ ᠢᠷᠡᠭᠡᠳᠦᠢ ᠳᠤ ᠠᠰᠢᠭᠲᠠᠢ ᠠᠵᠢᠯ ᠢ ᠭᠢᠨ᠎ᠠ᠃ ︽ᠲᠠᠷᠣᠶᠢᠬᠠᠨ ᠭᠢᠵᠦ ᠭᠦᠢᠴᠡᠳᠭᠡᠬᠦ︾ ᠵᠣᠷᠢᠭ ᠰᠠᠨᠠᠭ᠎ᠠ ᠶᠢ ᠪᠠᠷᠢᠮᠳᠠᠯᠠᠨ᠂ ︽ᠮᠣᠩᠭᠤᠯ ᠠᠳᠤᠭᠤᠨ ᠤ ᠵᠣᠷᠢᠭ ᠰᠠᠨᠠᠭ᠎ᠠ︾᠎ ᠶᠢ ᠪᠠᠳᠠᠷᠠᠭᠤᠯᠵᠦ᠂ ᠲᠡᠭᠡᠳᠦ ᠭᠡᠮᠵᠢᠶᠠᠨ ᠤ ᠪᠠᠴᠢᠮ ᠰᠡᠳᠭᠢᠯᠭᠡ ᠪᠠ ᠬᠠᠷᠢᠭᠤᠴᠠᠯᠭᠠᠲᠦ ᠰᠡᠳᠭᠢᠯᠭᠡ ᠪᠠᠷ ᠡᠯ᠎ᠡ ᠲᠦᠷᠦᠯ ᠤᠨ ᠠᠵᠢᠯ ᠢᠶᠠᠨ ᠰᠠᠶᠢᠳᠣᠷ ᠨᠠᠶᠢᠳᠠᠪᠤᠷᠢᠵᠢᠭᠤᠯᠤᠨ᠂ ᠵᠠᠰᠠᠭ ᠤᠨ ᠣᠷᠳᠣᠨ ᠤ ᠭᠡᠷᠡᠭᠵᠢᠭᠦᠯᠦᠨ ᠭᠦᠢᠴᠠᠳᠭᠡᠬᠦ ᠭᠦᠴᠦᠨ ᠪᠠ ᠵᠠᠰᠠᠭ ᠵᠠᠭᠢᠷᠭᠠᠨ ᠤ ᠦᠷ᠎ᠡ ᠪᠦᠳᠦᠮᠵᠢ ᠶᠢ ᠣᠯᠠᠮ ᠲᠡᠭᠡᠭᠰᠢᠯᠡᠭᠦᠯᠦᠨ᠎ᠡ᠃ ᠦᠷ᠎ᠡ ᠪᠦᠳᠦᠮᠵᠢ ᠶᠢ ᠪᠠᠶᠢᠴᠠᠭᠠᠨ ᠰᠢᠯᠭᠠᠬᠤ ᠶᠢ ᠴᠢᠩᠭᠠᠳᠬᠠᠵᠤ ᠂ ᠴᠠᠭ ᠬᠤᠭᠤᠴᠠᠭ᠎ᠠ ᠶᠢ ᠰᠠᠶᠢᠳᠣᠷ ᠡᠵᠡᠮᠳᠡᠨ᠂ ᠭᠤᠣᠯᠳᠠᠯᠭᠠᠲᠦ ᠠᠵᠢᠯ ᠤᠨ ᠨᠠᠶᠢᠳᠠᠪᠣᠷᠢᠵᠢᠭᠤᠯᠣᠭᠰᠠᠨ ᠪᠠᠶᠢᠳᠠᠯ ᠢ ᠭᠢᠨᠠᠨ ᠪᠠᠶᠢᠴᠠᠭᠠᠵᠦ ᠭᠢᠨᠠᠨ ᠦᠨᠡᠯᠡᠬᠦ ᠪᠠ ᠬᠠᠷᠢᠭᠤᠴᠠᠯᠭ᠎ᠠ ᠨᠡᠭᠡᠮᠵᠢᠯᠡᠬᠦ ᠶᠢ ᠴᠢᠩᠭᠠᠳᠬᠠᠨ᠂ ᠱᠠᠳᠣ ᠱᠠᠳᠣ ᠪᠠᠷ ᠬᠠᠷᠢᠭᠤᠴᠠᠯᠭ᠎ᠠ ᠶᠢ ᠨᠠᠶᠢᠳᠠᠪᠣᠷᠢᠵᠢᠭᠤᠯᠵᠦ᠂ ᠬᠠᠷᠠᠯᠳᠠ ᠡᠭᠦᠷᠭᠡ ᠪᠠᠨ ᠴᠢᠷᠮᠠᠶᠢᠨ ᠪᠠᠶᠠᠯᠡᠭᠦᠯᠦᠨ᠎ᠠ᠃              ᠴᠢᠭᠡᠴᠢ ᠵᠠᠰᠠᠭ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠨ᠎ᠠ᠃  ᠨᠠᠮ ᠤᠨ ᠰᠤᠷᠳᠠᠯ ᠴᠢᠭᠡᠴᠢ ᠵᠠᠰᠠᠭ ᠤᠨ ᠪᠠᠶᠢᠭᠤᠯᠤᠯᠲᠠ ᠶᠢᠨ ᠬᠠᠷᠢᠭᠤᠴᠠᠯᠭ᠎ᠠ ᠶᠢᠨ ᠲᠦᠷᠢᠮ ᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ᠂ ︽ᠳᠤᠮᠳᠠᠳᠤ ᠤᠯᠤᠰ ᠤᠨ ᠡᠪ ᠬᠠᠮᠳᠤ ᠨᠠᠮ ᠤᠨ ᠠᠷᠢᠭᠤᠨ ᠴᠢᠭᠡᠴᠢ ᠪᠠᠷ ᠪᠡᠶ᠎ᠡ ᠪᠠᠨ ᠱᠠᠭᠠᠷᠳᠠᠬᠤ ᠪᠠᠷᠢᠮᠵᠢᠶ᠎ᠠ︾ ᠪᠠ ︽ᠳᠤᠮᠳᠠᠳᠤ ᠤᠯᠤᠰ ᠤᠨ ᠡᠪ ᠬᠠᠮᠳᠤ ᠨᠠᠮ ᠤᠨ ᠰᠠᠬᠢᠯᠭ᠎ᠠ ᠪᠠᠳᠤ ᠶᠢᠨ ᠰᠢᠳᠭᠡᠯ ᠦᠭᠬᠦ ᠲᠦᠷᠢᠮ︾᠎ ᠢ ᠴᠢᠩᠭ᠎ᠠ ᠵᠢᠷᠤᠮᠯᠠᠨ᠂ ᠵᠠᠰᠠᠭ ᠵᠠᠬᠢᠷᠭᠠᠨ ᠤ ᠬᠢᠨᠠᠨ ᠪᠠᠶᠢᠴᠠᠭᠠᠬᠤ ᠪᠠ ᠬᠢᠨᠠᠨ ᠪᠤᠳᠤᠵᠤ ᠬᠢᠨᠠᠯᠲᠠ ᠳᠠᠯᠪᠢᠬᠤ ᠠᠵᠢᠯ ᠢ ᠨᠠᠷᠢᠨ ᠬᠢᠨᠠᠮᠠᠭᠠᠢ ᠦᠷᠨᠢᠭᠦᠯᠵᠤ᠂ ᠵᠠᠰᠠᠭ ᠤᠨ ᠤᠷᠳᠤᠨ ᠤ ᠡᠭᠦᠷᠬᠡ ᠴᠢᠳᠠᠪᠬᠢᠲᠤ ᠰᠠᠯᠠᠭ᠎ᠠ ᠮᠦᠴᠢᠷ ᠤᠨ ᠡᠭᠦᠷᠬᠡ ᠬᠠᠷᠢᠭᠤᠴᠠᠯᠭ᠎ᠠ ᠪᠠᠨ ᠬᠦᠢᠴᠡᠳᠭᠡᠭᠰᠡᠨ ᠪᠠᠶᠢᠳᠠᠯ ᠳᠤ ᠬᠢᠨᠠᠯᠲᠠ ᠳᠠᠯᠪᠢᠬᠤ ᠶᠢ ᠴᠢᠩᠭᠠᠳᠬᠠᠨ᠂ ᠡᠯ᠎ᠡ ᠲᠦᠷᠦᠯ ᠤᠨ ᠬᠠᠤᠯᠢ ᠲᠦᠷᠢᠮ ᠢ ᠵᠦᠷᠢᠴᠡᠭᠰᠡᠨ ᠬᠡᠷᠡᠭ ᠢ ᠴᠢᠩᠭ᠎ᠠ ᠪᠠᠷ ᠪᠠᠶᠢᠴᠠᠭᠠᠨ ᠰᠢᠢᠳᠪᠦᠷᠢᠯᠡᠵᠤ᠂ ᠲᠦᠪ ᠭᠤᠤᠯᠴᠢ᠂ ᠠᠷᠢᠭᠤᠨ ᠴᠢᠭᠡᠴᠢ᠂ ᠦᠨᠡᠨ ᠢ ᠪᠠᠷᠢᠮᠳᠠᠯᠠᠨ ᠪᠤᠳᠠᠳᠠᠢ ᠶᠢ ᠡᠷᠬᠢᠮᠯᠡᠬᠦ ᠤᠬᠢ ᠰᠠᠶᠢᠨ ᠪᠠᠶᠢᠳᠠᠯ ᠢ ᠪᠤᠢ ᠪᠤᠯᠭᠠᠬᠤ ᠪᠠᠷ ᠴᠢᠷᠮᠠᠶᠢᠨ᠎ᠠ᠃              ᠲᠦᠯᠦᠭᠡᠯᠡᠭᠴᠢᠳ ᠡ︕ ᠡᠷᠴᠢ ᠵᠤᠷᠢᠭ ᠢᠶᠠᠨ ᠬᠦᠪᠴᠢᠯᠡᠵᠤ᠂ ᠴᠢᠷᠮᠠᠶᠢᠨ ᠲᠡᠮᠡᠴᠡᠪᠠᠯ ᠰᠠᠶ᠋ᠢ ᠠᠤᠭ᠎ᠠ ᠦᠢᠯᠡᠰ ᠢ ᠪᠦᠲᠦᠭᠡᠵᠤ ᠴᠢᠳᠠᠨ᠎ᠠ᠃ ᠪᠢᠳᠡ ᠦᠵᠡᠯ ᠰᠠᠨᠠᠭ᠎ᠠ ᠦᠢᠯᠨ ᠠᠵᠢᠯᠯᠠᠭ᠎ᠠ ᠪᠠᠨ ᠠᠶᠢᠮᠠᠭ ᠤᠨ ᠨᠠᠮ ᠎ ᠤᠨ ᠬᠤᠷᠢᠶ᠎ᠠ᠂ ᠵᠠᠬᠢᠷᠭ᠎ᠠ ᠪᠤᠯᠤᠨ ᠬᠤᠰᠢᠭᠤ ᠨᠠᠮ ᠤᠨ ᠬᠤᠷᠢᠶᠠᠨ ᠤ ᠰᠢᠢᠳᠪᠦᠷᠢᠲᠤ ᠪᠤᠳᠤᠯᠭ᠎ᠠ ᠪᠠᠶᠢᠷᠢᠯᠠᠭᠤᠯᠤᠯᠲᠠ ᠳᠡᠭᠡᠷ᠎ᠡ ᠨᠢᠭᠡᠳᠬᠡᠨ᠂ ᠪᠦᠯᠭᠦᠮᠳᠡᠨ ᠲᠡᠮᠡᠴᠡᠵᠤ᠂ ᠡᠷᠡᠮᠡᠭᠡᠶᠢᠯᠡᠨ ᠤᠷᠤᠭᠰᠢᠯᠠᠵᠤ᠂ ᠢᠳᠡᠭᠡᠯ ᠵᠤᠷᠢᠭ ᠢᠶᠠᠨ ᠬᠦᠪᠴᠢᠯᠡᠨ ᠂ ᠯᠠᠪᠳᠠᠭᠤᠨ ᠪᠠᠳᠤᠲᠠᠢ ᠠᠵᠢᠯᠯᠠᠵᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠰᠢᠨ᠎ᠡ ᠢᠯᠠᠯᠲᠡ ᠶᠢ ᠲᠡᠮᠡᠴᠡᠨ ᠤᠯᠵᠤ᠂ ᠰᠢᠯᠢᠳᠡᠭ ᠠᠮᠵᠢᠯᠲᠠ ᠪᠠᠷ ᠢᠶᠠᠨ ᠨᠠᠮ ᠤᠨ ᠠᠷᠪᠠ ᠶᠢᠰᠣᠳᠣᠭᠡᠷ ᠶᠡᠭᠡ ᠬᠤᠷᠠᠯ ᠪᠠ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠶᠢ ᠪᠠᠶᠠᠷᠯᠠᠨ ᠤᠭᠳᠤᠵᠠᠭᠠᠶ᠎ᠠ︕
 
ᠢᠷᠡᠯᠲᠡ᠄ ᠬᠦᠪᠡᠭᠡᠳᠦ ᠰᠢᠷ᠎ᠠ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号