ᠨᠢᠬᠡ ᠰᠦᠨᠢ ᠶᠢᠨ ᠤᠨᠳᠠᠯᠭ᠎ᠠ ᠪᠠᠷ᠂ ᠦᠷᠯᠦᠬᠡ ᠪᠤᠯᠬᠤ ᠳᠤ ᠬᠦᠮᠦᠨ ᠤ ᠪᠡᠶ᠎ᠡ ᠮᠠᠬᠠᠪᠤᠳ ᠤᠰᠤ | ᠲᠤᠳᠠᠭᠳᠠᠭᠰᠠᠨ ᠪᠠᠶᠢᠳᠠᠯ ᠳᠤ ᠤᠷᠤᠰᠢᠳᠠᠭ᠃ ᠲᠡᠶᠢᠨᠬᠦ᠂ ᠦᠷᠯᠦᠬᠡ ᠪᠤᠰᠤᠭᠰᠠᠨ ᠤ ᠲᠠᠷᠠᠭ᠎ᠠ ᠠᠩᠬᠠᠨ ᠤ ᠨᠢᠬᠡ | ᠴᠤᠮᠤ ᠤᠰᠤ ᠮᠠᠰᠢ ᠴᠢᠬᠤᠯᠠ ᠪᠠᠶᠢᠳᠠᠭ᠃ ᠲᠡᠭᠡᠪᠡᠯ ᠶᠠᠮᠠᠷ ᠤᠰᠤ ᠶᠢ ᠶᠠᠭᠠᠬᠢᠵᠦ᠂ ᠬᠡᠳᠦᠢ ᠤᠤᠭᠤᠨ᠎ᠠ ᠪᠤᠢ︖ | ᠲᠦᠷᠦᠯ ᠠᠩᠬᠢᠯᠠᠪᠠᠯ ᠪᠤᠴᠠᠯᠤᠭᠰᠠᠨ ᠤᠰᠤ ᠬᠠᠮᠤᠭ ᠤᠨ ᠰᠠᠶᠢᠨ᠂ ᠱᠤᠷᠪᠤᠭ ᠤᠰᠤ ᠬᠠᠮᠤᠭ ᠤᠨ ᠮᠠᠭᠤ | ᠂ ᠪᠡᠯ ᠲᠠᠢ ᠤᠰᠤ ᠬᠦᠮᠦᠨ ᠪᠤᠯᠭᠠᠨ ᠳᠤ ᠲᠤᠬᠢᠷᠠᠬᠤ ᠪᠢᠰᠢ᠃ | ᠦᠷᠯᠦᠬᠡ ᠪᠤᠰᠤᠭᠰᠠᠨ ᠤ ᠪᠠᠨ ᠲᠠᠷᠠᠭ᠎ᠠ᠂ ᠤᠯᠠᠨ ᠬᠦᠮᠦᠨ ᠨᠢᠬᠡ ᠴᠤᠮᠤ ᠪᠠᠯ ᠲᠠᠢ ᠤᠰᠤ ᠪᠤᠶᠤ ᠪᠠᠭ᠎ᠠ | ᠲᠠᠪᠤᠰᠤ ᠲᠠᠢ ᠤᠰᠤ ᠤᠤᠭᠤᠬᠤ ᠲᠤᠷᠠᠳᠠᠢ ᠪᠠᠶᠢᠳᠠᠭ᠃ ᠪᠠᠰᠠ ᠵᠠᠷᠢᠮ ᠬᠦᠮᠦᠨ ᠨᠢᠮᠪᠡᠭᠡ ᠲᠠᠢ ᠤᠰᠤ ᠤᠤᠭᠤᠬᠤ ᠨᠢ | ᠬᠠᠮᠤᠭ ᠤᠨ ᠰᠠᠶᠢᠨ ᠰᠤᠩᠭᠤᠯᠳᠠ ᠬᠡᠵᠦ ᠦᠵᠡᠳᠡᠭ᠃ ᠬᠡᠰᠡᠨ ᠴᠦ᠂ ᠡᠨᠡ ᠭᠤᠷᠪᠠᠨ ᠵᠦᠢᠯ ᠤᠨ ᠤᠰᠤᠨ ᠤ | ᠲᠤᠳᠤᠷ᠎ᠠ᠂ ᠲᠠᠪᠤᠰᠤ ᠲᠠᠢ ᠤᠰᠤ ᠬᠠᠮᠤᠭ ᠤᠨ ᠲᠤᠬᠢᠷᠠᠬᠤ ᠦᠬᠡᠢ᠃ ᠤᠳᠤ ᠶᠢᠨ ᠬᠦᠮᠦᠰ ᠶᠡᠷᠤᠨᠢ ᠬᠡᠳᠦ ᠶᠡᠭᠡ | ᠨᠠᠲᠷᠢ ᠰᠢᠩᠬᠡᠬᠡᠨ᠂ ᠪᠡᠶ᠎ᠡ ᠮᠠᠬᠠᠪᠤᠳ ᠲᠠᠪᠤᠰᠤ ᠲᠤᠳᠠᠭᠳᠠᠬᠤ ᠦᠬᠡᠢ ᠪᠠᠶᠢᠳᠠᠯ ᠳᠤ ᠲᠠᠬᠢᠭᠠᠳ ᠲᠠᠪᠤᠰᠤ ᠲᠠᠢ ᠤᠰᠤ | ᠤᠤᠭᠤᠪᠠᠯ ᠪᠡᠶ᠎ᠡ ᠮᠠᠬᠠᠪᠤᠳ ᠲᠤ ᠲᠠᠪᠤᠰᠤ ᠠᠬᠠᠳᠠᠵᠦ᠂ ᠬᠡᠳᠡᠷᠬᠦ ᠪᠠᠨ ᠬᠡᠯᠡ ᠠᠮᠠ ᠬᠠᠳᠠᠨ᠎ᠠ᠃ | ᠴᠢᠰᠦᠨ ᠲᠠᠷᠤᠯᠳᠠ ᠦᠨᠳᠦᠷ᠂ ᠵᠢᠷᠤᠬᠡ ᠲᠠᠷᠢᠬᠢᠨ ᠰᠤᠳᠠᠯ ᠤᠨ ᠡᠪᠡᠳᠴᠢᠨ ᠠᠷᠬᠠᠭ ᠪᠤᠯᠤᠨ ᠪᠦᠬᠡᠷᠡᠨ | ᠤ ᠠᠵᠢᠯᠯᠠᠭ᠎ᠠ ᠶᠡᠷᠤ ᠪᠤᠰᠤ ᠶᠢᠨ ᠬᠦᠮᠦᠨ ᠨᠡᠩ ᠴᠦ ᠦᠷᠯᠦᠬᠡ ᠪᠤᠰᠤᠮᠠᠭᠴᠠ ᠪᠠᠨ ᠲᠠᠪᠤᠰᠤ ᠲᠠᠢ ᠤᠰᠤ ᠤᠤᠭᠤᠵᠦ | ᠪᠤᠯᠬᠤ ᠦᠬᠡᠢ᠃ ᠤᠴᠢᠷ ᠨᠢ ᠦᠷᠯᠦᠬᠡ ᠪᠤᠯ ᠪᠡᠶ᠎ᠡ ᠮᠠᠬᠠᠪᠤᠳ ᠤᠨ ᠴᠢᠰᠦᠨ ᠲᠠᠷᠤᠯᠳᠠ ᠲᠡᠬᠡᠭᠰᠢᠯᠡᠬᠦ ᠠᠩᠬᠠᠨ ᠤ | ᠤᠷᠬᠢᠯ ᠦᠶ᠎ᠡ ᠪᠤᠯᠬᠤᠷ ᠲᠠᠪᠤᠰᠤ ᠲᠠᠢ ᠤᠰᠤ ᠤᠤᠭᠤᠪᠠᠯ ᠴᠢᠰᠦᠨ ᠲᠠᠷᠤᠯᠳᠠ ᠨᠡᠩ ᠦᠨᠳᠦᠷᠵᠢᠨᠠ᠃ ᠲᠡᠭᠡᠪᠡᠯ | ᠨᠦᠬᠦᠬᠡ ᠬᠤᠶᠠᠷ ᠵᠦᠢᠯ ᠤᠨ ᠤᠰᠤ ᠬᠢᠵᠠᠭᠠᠷᠳᠠᠮᠠᠯ ᠲᠠᠯ᠎ᠠ ᠲᠠᠢ᠃ ᠪᠡᠯ ᠲᠠᠢ ᠤᠰᠤ ᠬᠤᠷᠭᠤᠰᠤᠯᠠᠳᠠᠭ ᠨᠢᠬᠡ | ᠪᠦᠯᠦᠭ ᠬᠦᠮᠦᠰ ᠲᠤ ᠲᠤᠬᠢᠷᠠᠨ᠎ᠠ᠃ ᠲᠡᠭᠡᠪᠡᠴᠦ᠂ ᠰᠢᠬᠢᠷ ᠰᠢᠵᠢᠩ ᠡᠪᠡᠳᠴᠢᠳᠡᠨ ᠪᠤᠯᠤᠨ ᠮᠠᠷᠢᠶ᠎ᠠ ᠶᠡᠬᠡᠳᠠᠢ ᠬᠦᠮᠦᠰ | ᠲᠤ ᠲᠤᠬᠢᠷᠠᠬᠤ ᠦᠬᠡᠢ᠃ ᠬᠤᠳᠤᠭᠤᠳᠤᠨ ᠬᠦᠴᠢᠯ ᠶᠡᠭᠡ ᠬᠦᠮᠦᠰ ᠲᠤ ᠪᠤᠯ᠂ ᠦᠯᠦᠨ ᠢᠶᠠᠷ ᠨᠢᠮᠪᠡᠭᠡ ᠶᠢᠨ | ᠰᠢᠬᠦᠰᠦ ᠲᠠᠢ ᠤᠰᠤ ᠤᠤᠭᠤᠬᠤ ᠨᠢ ᠬᠤᠳᠤᠭᠤᠳᠤ ᠡᠪᠬᠦᠶᠢᠷᠡᠬᠦ ᠪᠠᠶᠢᠳᠠᠯ ᠢ ᠬᠦᠨᠳᠦᠷᠡᠬᠦᠯᠦᠨᠡ᠃ | ᠶᠡᠷᠤᠩᠬᠡᠶᠢᠯᠡᠬᠡᠳ ᠬᠡᠯᠡᠪᠡᠯ᠂ ᠪᠤᠴᠠᠯᠤᠭᠰᠠᠨ ᠤᠰᠤᠨ ᠳᠤ ᠢᠯᠴᠢ ᠦᠬᠡᠢ ᠪᠤᠯᠬᠤᠷ ᠪᠡᠶ᠎ᠡ ᠮᠠᠬᠠᠪᠤᠳ ᠲᠤ | ᠤᠰᠤ ᠶᠢ ᠪᠦᠳᠦᠮᠵᠢᠳᠠᠢ ᠨᠦᠬᠦᠪᠦᠷᠢᠯᠡᠬᠦ ᠪᠠᠷ ᠪᠠᠷᠠᠬᠤ ᠦᠬᠡᠢ᠂ ᠴᠢᠰᠦ ᠶᠢ ᠦᠳᠳᠡᠷ ᠲᠦᠷᠭᠡᠨ ᠰᠢᠩᠬᠡᠯᠡᠵᠦ᠂ | ᠴᠢᠰᠦᠨ ᠤ ᠡᠷᠬᠢᠯᠳᠡ ᠶᠢ ᠠᠬᠢᠭᠤᠯᠤᠨ᠂ ᠬᠦᠮᠦᠨ ᠢ ᠨᠡᠩ ᠲᠦᠷᠬᠡᠨ ᠰᠡᠷᠬᠡᠭᠵᠢᠬᠦᠯᠳᠡᠭ ᠠᠴᠠ ᠤᠯᠠᠩᠬᠢ ᠬᠦᠮᠦᠨ ᠤ | ᠤᠬᠢ ᠰᠤᠩᠭᠤᠯᠳᠠ ᠪᠤᠯᠬᠤ ᠶᠤᠮ᠃ ᠲᠠᠬᠢᠪᠠᠯ ᠤᠰᠤᠨ ᠤ ᠬᠠᠯᠠᠭᠤᠨ ᠪᠦᠯᠢᠶᠡᠨ ᠪᠡᠶ᠎ᠡ ᠶᠢᠨ ᠲᠤᠯᠠᠭᠠᠨ ᠲᠠᠢ | ᠠᠳᠠᠯᠢᠪᠳᠤᠷ ᠪᠠᠶᠢᠬᠤ ᠬᠡᠷᠡᠭᠳᠠᠢ᠂ ᠬᠡᠳᠦ ᠬᠠᠯᠠᠭᠤᠨ ᠪᠤᠶᠤ ᠬᠡᠳᠦ ᠬᠦᠢᠳᠡᠨ ᠪᠦᠷ ᠬᠤᠳᠤᠭᠤᠳᠤ ᠬᠡᠳᠡᠰᠦ ᠶᠢ | ᠬᠡᠮᠳᠦᠬᠡᠨ᠎ᠡ᠃ | ᠢᠷᠭᠤᠢ |