ᠲᠡᠭᠷᠢ ᠶᠢᠨ ᠬᠠᠶᠠᠭᠠᠨ ᠳᠤ ᠬᠠᠩᠬᠢᠨᠠᠬᠤ ᠠᠯᠳᠠᠨ ᠶᠠᠳᠤᠭ᠎ᠠ ᠶᠢᠨ ᠦᠯᠢᠭᠡᠷ
ᠨᠡᠶᠢᠲᠡᠯᠡᠭᠰᠡᠨ ᠴᠠᠭ᠄
2017/4/24
             ᠲᠡᠭᠷᠢ ᠶᠢᠨ ᠬᠠᠶᠠᠭᠠᠨ ᠳᠤ ᠬᠠᠩᠬᠢᠨᠠᠬᠤ ᠠᠯᠳᠠᠨ ᠶᠠᠳᠤᠭ᠎ᠠ ᠶᠢᠨ ᠦᠯᠢᠭᠡᠷ                                          — ᠭᠧᠷᠮᠠᠨ ᠤᠯᠤᠰ ᠲᠤ ᠨᠤᠳᠤᠬᠰᠢᠭ᠎ᠠ ᠲᠠᠭᠤᠴᠢᠨ                                              ᠴᠡᠬᠠᠷ ᠲᠣᠬᠴᠢ ᠣᠷᠡᠨ᠎ᠠ ᠶᠢ  ᠲᠠᠮᠳᠡᠭᠯᠡᠪᠠ  
     
         ᠬᠢᠵᠠᠭᠠᠷ  ᠦᠭᠡᠢ  ᠦᠷᠭᠦᠯᠵᠢᠯᠡᠭᠦ  ᠭᠡᠷᠡᠯ ᠤᠨ  ᠭᠡᠳᠦᠨ  ᠵᠢᠸ᠎ᠠ   ᠵᠢᠯ᠂   ᠤᠶᠠᠩᠭᠠᠷᠠᠨ   ᠡᠭᠡᠰᠢᠭᠯᠡᠳᠡᠭ   ᠪᠣᠮᠠᠨ ᠰᠠᠴᠤᠷᠠᠭ ᠢᠶᠠᠷ ᠢᠶᠠᠨ ᠴᠠᠭ ᠬᠤᠭᠤᠴᠠᠭ᠎ᠠ᠂ ᠤᠷᠤᠨ ᠵᠠᠢ ᠶᠢᠨ ᠡᠷᠬᠡᠰᠢᠶᠡᠯ ᠢ ᠲᠠᠪᠠᠨ ᠲᠤᠭᠤᠯᠤᠭᠠᠳ ᠡᠭᠡ ᠪᠤᠯᠤᠭᠰᠠᠨ ᠵᠢᠷᠭᠤᠭᠠᠨ ᠵᠦᠢᠯ ᠬᠠᠮᠤᠭ ᠠᠮᠢᠳᠠᠨ ᠤ ᠤᠷᠤᠰᠢᠨ ᠲᠤᠭᠳᠠᠨᠢᠬᠤ ᠪᠤᠳᠤᠩᠭᠤᠢ ᠽᠠᠮᠪᠤᠳᠢᠪ ᠲᠤ  ᠭᠡᠷᠡᠯ ᠶᠦᠭᠡᠨ  ᠰᠠᠴᠤᠭᠰᠠᠨ ᠠᠴᠠ  ᠪᠠᠶᠢᠭᠠᠯᠢ ᠲᠡᠯᠡᠭᠡᠢ ᠶᠢᠨ ᠠᠯᠢᠪᠠ ᠠᠮᠢ ᠨᠠᠰᠦ᠂ ᠤᠶᠤᠨ ᠤᠬᠠᠭᠠᠨ ᠲᠠᠢ ᠪᠣᠯᠵᠠᠢ᠂ ᠲᠡᠷᠡ  ᠯᠡ  ᠤᠶᠤᠨ  ᠤᠬᠠᠭᠠᠨ  ᠡᠨᠡ  ᠤᠷᠴᠢᠯᠠᠩ ᠢ ᠡᠮᠬᠢᠯᠡᠵᠦ ᠴᠡᠭᠴᠡᠯᠡᠵᠦ ᠴᠢᠳᠠᠭᠰᠠᠨ ᠭᠡᠳᠡᠭ᠃  ᠲᠡᠶᠢᠨᠬᠦ  ᠬᠦᠮᠦᠨ  ᠲᠦᠷᠦᠯᠬᠢᠳᠡᠨ ᠤ  ᠤᠶᠤᠨᠯᠢᠭ  ᠤᠬᠠᠭᠠᠨ ᠠᠴᠠ  ᠲᠦᠷᠦᠨ ᠭᠠᠷᠤᠭᠰᠠᠨ ᠴᠢᠬᠢᠨ ᠤ ᠴᠢᠮᠡᠭ ᠴᠢᠨᠳᠠᠮᠣᠨᠢ ᠡᠷᠳᠡᠨᠢ ᠶᠢ ︽ᠲᠠᠭᠤᠤ ᠬᠦᠭᠵᠢᠮ︾ ᠬᠡᠮᠡᠨ ᠨᠡᠷᠡᠯᠡᠭᠰᠡᠭᠡᠷ ᠢᠷᠡᠭᠰᠡᠨ ᠠᠵᠢ᠃                 ᠣᠷᠣᠰ ᠤᠨ ᠨᠢᠭᠡᠨ ᠠᠯᠳᠠᠷᠳᠦ  ᠲᠠᠭᠤᠤ  ᠬᠦᠭᠵᠢᠮ ᠤᠨ  ᠰᠢᠭᠦᠮᠵᠢᠯᠡᠭᠴᠢ ᠠᠴᠠ  ᠲᠤᠸᠠ  ᠤᠯᠤᠰ ᠤᠨ  ᠲᠠᠭᠤᠴᠢᠨ ᠰᠠᠶᠢᠨᠬᠦᠤ ᠨᠠᠮᠳᠠᠴᠢᠯᠡᠺᠧ ᠪᠡ ᠤᠷᠳᠤᠰ ᠨᠤᠳᠤᠭ ᠲᠠᠢ ᠳᠠᠭᠤᠴᠢᠨ ᠴᠠᠬᠠᠷ ᠳᠤᠭᠴᠢ ᠤᠷᠡᠨ᠎ᠠ ᠶᠢ ︽ᠠᠽᠢᠶ᠎ᠠ  ᠲᠢᠪ ᠤᠨ  ᠢᠷᠠᠭᠤ ᠬᠤᠭᠤᠯᠠᠶᠢᠳᠦ ᠬᠤᠣᠰ ᠲᠠᠭᠤᠴᠢᠨ︾ ᠬᠡᠵᠦ ᠴᠤᠯᠠᠯᠠᠵᠦ ᠪᠢᠯᠡ᠃ ᠬᠡᠳᠦᠬᠡᠨ ᠬᠤᠨᠤᠭ ᠤᠨ  ᠡᠮᠦᠨ᠎ᠠ  ᠳᠠᠭᠤᠴᠢᠨ  ᠤᠷᠡᠨ᠎ᠠ ᠶᠢᠨ ᠦᠯᠦᠬᠡᠢ  ᠨᠤᠳᠤᠭ  ᠤᠷᠳᠦᠰ ᠲᠠᠬᠢ  ᠳᠤᠰᠬᠠᠢ  ᠳᠠᠯᠠᠪᠠᠢ  ᠳᠤᠭᠯᠠᠯᠳᠠ ᠨᠢ  ᠠᠮᠵᠢᠯᠳᠠ ᠲᠠᠢ  ᠪᠤᠯᠵᠦ  ᠦᠡᠭᠬᠡᠷᠡᠭᠰᠡᠨ  ᠪᠤᠯ ᠳᠡᠬᠦᠨ ᠲᠠᠢ  ᠠᠵᠠ ᠪᠠᠷ  ᠠᠭᠤᠯᠵᠠᠨ᠂  ᠤᠷᠠᠯᠢᠭ ᠤᠨ  ᠵᠠᠮ ᠳᠠᠬᠢ  ᠠᠯᠳᠠᠭ᠎ᠠ  ᠤᠨᠤᠭ᠎ᠠ᠂  ᠪᠠᠶᠡᠷ  ᠭᠤᠨᠢᠭ   ᠪᠦᠬᠦᠨ ᠢ ᠨᠢ ᠬᠤᠪᠢᠶᠠᠯᠴᠠᠬᠤ ᠳᠠᠪᠢᠯᠠᠩ ᠲᠠᠢ ᠪᠠᠶᠢᠵᠠᠢ᠃                 ᠡᠶᠢᠨᠭᠦ ᠲᠠᠭᠤᠴᠢᠨ ᠤᠷᠠᠨ᠎ᠠ ᠶᠢᠨ ᠠᠯᠳᠠᠨ ᠶᠠᠳᠤᠭ᠎ᠠ ᠪᠠᠨ ᠡᠷᠢᠭᠰᠡᠨ ᠦᠯᠢᠭᠡᠷ ᠡᠬᠢᠯᠡᠵᠦ ᠪᠠᠶᠢᠨ᠎ᠠ᠁                           ᠨᠢᠭᠡ         ᠪᠢ ᠦᠷᠭᠦᠯᠵᠢ ᠮᠠᠩᠭᠤᠰ ᠢ ᠵᠡᠭᠦᠳᠦᠯᠡᠳᠡᠭ᠃ ᠡᠷᠳᠡᠨ ᠤ ᠲᠤᠤᠯᠢ ᠳᠤ ᠭᠠᠷᠳᠠᠭ ᠲᠡᠷᠡᠭᠦ ᠠᠷᠪᠡᠨ ᠬᠤᠶᠡᠷ ᠲᠣᠯᠣᠭᠠᠢ ᠲᠠᠢ  ᠠᠷᠵᠠᠭᠠᠷ  ᠬᠠᠷ᠎ᠠ  ᠮᠠᠩᠭᠤᠰ  ᠬᠡᠵᠢᠶᠡᠳᠡ ᠰᠦᠨᠢ ᠶᠢᠨ ᠡᠵᠡᠭᠦᠢ ᠳᠤ ᠨᠠᠭᠠᠢ ᠡᠵᠢ ᠶᠢᠨ ᠦᠯᠡᠳᠡᠭᠡᠭᠰᠡᠨ ᠠᠯᠳᠠᠨ ᠶᠠᠳᠤᠭ᠎ᠠ ᠶᠢ ᠮᠢᠨᠢ  ᠪᠣᠯᠢᠶᠠᠬᠤ  ᠬᠡᠵᠦ  ᠢᠷᠡᠳᠡᠭ᠃  ᠡᠨᠡ ᠶᠠᠳᠤᠭ᠎ᠠ ᠮᠠᠰᠢ ᠡᠷᠳᠡ ᠲᠡᠭᠡᠷ᠎ᠡ ᠦᠶ᠎ᠡ ᠠᠴᠠ ᠤᠯᠠᠮᠵᠢᠯᠠᠨ ᠢᠷᠡᠭᠰᠡᠨ ᠲᠡᠤᠭᠡ ᠲᠠᠢ᠂ ᠶᠠᠳᠤᠭ᠎ᠠ ᠪᠣᠯ ᠮᠢᠨᠦ ᠠᠮᠢ  ᠨᠠᠰᠦ︕  ᠪᠢ ᠢᠮᠠᠭᠳᠠ ᠡᠷᠭᠡ ᠴᠢᠯᠦᠭᠡ ᠪᠠᠨ ᠡᠨᠡ ᠯᠡ ᠶᠠᠳᠤᠭ᠎ᠠ ᠪᠠᠷ ᠲᠠᠭᠤᠯᠠᠵᠦ᠂ ᠤᠶᠤᠨ ᠰᠦᠨᠡᠰᠦ᠂ ᠭᠡᠶᠢᠮᠦᠷᠢ ᠪᠠᠨ ᠲᠠᠯᠠᠯᠳᠠᠭ᠃ ᠠᠯᠳᠠᠨ ᠶᠠᠳᠤᠭ᠎ᠠ ᠪᠠᠨ  ᠠᠯᠳᠠᠬᠤ  ᠦᠭᠡᠢ᠂  ᠠᠯᠳᠠᠬᠤ  ᠴᠦ  ᠶᠣᠰᠦ  ᠦᠭᠡᠢ  ᠬᠡᠵᠦ  ᠪᠤᠳᠤᠨ   ᠲᠡᠮᠡᠴᠡᠭᠰᠡᠭᠡᠷ   ᠬᠠᠷ᠎ᠠ   ᠲᠠᠷᠤᠨ ᠰᠡᠷᠢᠴᠢᠭᠡᠳᠡᠭ᠁                 ᠪᠢ  ᠲᠡᠭᠡᠷ᠎ᠡ  ᠵᠠᠭᠤᠨ ᠤ  ᠵᠢᠷᠠᠭᠠᠳ  ᠣᠨ ᠤ  ᠰᠡᠭᠦᠯᠴᠢ ᠪᠠᠷ  ᠣᠣᠯ ᠤᠨ  ᠶᠡᠭᠡ  ᠵᠤᠤ  ᠠᠶᠢᠮᠠᠭ ᠤᠨ  ᠦᠣᠰᠢᠨ ᠬᠤᠰᠢᠭᠤᠨ ᠤ ᠱᠠᠷᠯᠢᠭ ᠰᠣᠮᠣᠨ ᠳᠤ ᠮᠠᠨᠳᠤᠯᠠᠵᠠᠢ᠃ ᠠᠷᠭᠠᠯ ᠤᠨ ᠴᠡᠩᠭᠡᠷ  ᠤᠳᠤᠭᠠᠳᠦ  ᠬᠦᠨᠳᠡᠢ᠂  ᠬᠤᠨᠢ  ᠢᠮᠠᠭ᠎ᠠ  ᠦᠭᠡᠷ ᠮᠠᠯ ᠤᠨ ᠴᠢᠮᠡᠭᠡ᠂ ᠬᠡᠤᠭᠡᠳ ᠪᠠᠭᠠᠴᠣᠳ ᠤᠨ ᠴᠤᠪᠤᠭᠤ ᠲᠠᠭᠤᠨ᠂ ᠰᠠᠯᠬᠢ ᠪᠠᠷ ᠭᠠᠩᠬᠤᠬᠤ ᠰᠢᠷᠳᠡᠭ ᠤᠨ ᠴᠠᠭᠠᠨ ᠴᠠᠶᠢᠳᠠᠮ ᠳᠤ ᠤᠨᠠᠭᠠᠨ ᠨᠠᠰᠤ ᠮᠢᠨᠢ ᠪᠤᠶᠢᠵᠢᠭᠰᠠᠨ᠃ ᠪᠠᠭ᠎ᠠ ᠪᠠᠶᠢᠬᠤ ᠳᠤ ᠪᠢ ᠨᠠᠭᠠᠢ ᠡᠵᠢ ᠲᠠᠢ ᠪᠠᠨ ᠰᠠᠶᠢᠨ ᠰᠠᠭᠤᠳᠠᠭ  ᠪᠠᠶᠢᠭᠰᠠᠨ᠂  ᠪᠢᠳᠡ ᠬᠤᠶᠠᠭᠤᠯᠠ ᠪᠠᠨ ᠨᠠᠷᠠ ᠲᠠᠢ ᠬᠤᠷᠸ᠎ᠠ ᠶᠢᠨ ᠨᠠᠮᠣᠭᠤᠬᠠᠨ  ᠪᠡᠯᠴᠢᠭᠡᠷ  ᠲᠡᠭᠡᠷ᠎ᠡ  ᠬᠤᠨᠢ  ᠮᠠᠯ ᠢᠶᠠᠨ  ᠬᠠᠷᠠᠭᠤᠯᠵᠦ  ᠶᠠᠪᠤᠭᠰᠠᠭᠠᠷ ᠪᠠᠶᠢᠵᠦ᠂ ᠪᠢ ᠵᠠᠷᠢᠮ ᠳᠠᠭᠠᠨ ᠲᠠᠭᠳᠠᠵᠦ ᠶᠠᠳᠠᠷᠠᠴᠢᠬᠠᠨ᠎ᠠ᠂ ᠲᠡᠭᠡᠭᠡᠳ  ᠨᠠᠭᠠᠢ  ᠡᠵᠢ  ᠮᠢᠨᠢ  ᠨᠠᠮᠡᠢᠢ  ᠨᠢᠷᠤᠭᠤᠨ  ᠲᠡᠭᠡᠷ᠎ᠡ ᠪᠠᠨ ᠡᠭᠦᠷᠦᠭᠡᠳ ᠦᠯᠢᠭᠡᠷ ᠶᠠᠷᠢᠵᠦ᠂ ᠲᠠᠭᠤᠤ ᠲᠠᠭᠤᠯᠠᠵᠦ ᠦᠭᠬᠦᠨ᠎ᠠ᠂  ᠪᠢ  ᠨᠠᠭᠠᠢ  ᠡᠵᠢ ᠶᠢᠨ ᠢᠶᠠᠨ  ᠲᠠᠭᠤᠯᠠᠭᠰᠠᠨ  ᠲᠠᠭᠤᠤ ᠶᠢ ᠰᠤᠨᠤᠰᠤᠭᠰᠠᠭᠠᠷ ᠰᠤᠨᠤᠰᠤᠭᠰᠠᠭᠠᠷ ᠤᠨᠳᠠᠭᠠᠳ ᠦᠭᠴᠢᠭᠡᠳᠡᠭ ᠶᠤᠮ᠁                 ︽ᠪᠠᠶᠠᠷᠮᠠᠩᠨᠠᠢ ᠶᠢᠨ ᠰᠢᠯᠢ ᠠᠴᠠ / ᠪᠠᠷᠠᠭᠤᠨ ᠰᠢᠯᠢ ᠨᠢ ᠪᠠᠷ᠎ᠠ ᠲᠠᠢ / ᠪᠠᠭᠰᠢᠷᠠᠵᠦ ᠬᠠᠷᠠᠭᠳᠠᠭᠴᠢ / ᠮᠠᠨ ᠤ  ᠨᠤᠳᠤᠭ ᠲᠡᠨᠳᠠ ᠰᠢᠤ / ᠭᠠᠯᠪᠢᠩᠭ᠎ᠠ ᠶᠢᠨ ᠲᠡᠭᠳᠡᠭᠡᠬᠡᠢ / ᠬᠤᠶᠠᠷ ᠰᠦᠳᠦ ᠨᠢ ᠬᠦᠢᠴᠡᠭᠡᠳᠦᠢ / ᠭᠠᠳᠠᠭᠠᠳᠦ ᠲᠠᠯᠠᠢ ᠶᠢ ᠲᠤᠭᠤᠯᠮᠠᠨᠵᠢᠨ / ᠵᠢᠭᠦᠷᠳᠡᠨ ᠭᠡᠰᠡᠨ ᠴᠣᠯᠠ ᠲᠠᠢ᠁︾᠃         ᠤᠳᠤ  ᠪᠤᠳᠤᠬᠤ ᠳᠤ  ᠪᠦᠪᠠᠢ ᠶᠢᠨ  ᠲᠠᠭᠤᠣ ᠪᠠᠷ ᠢᠶᠠᠨ  ᠨᠢᠯᠬᠠᠬᠠᠨ  ᠤᠶᠤᠨ ᠳᠤ  ᠮᠢᠨᠢ   ᠰᠢᠮ᠎ᠠ   ᠤᠯᠭᠤᠭᠰᠠᠨ ᠠᠮᠢᠳᠤᠷᠠᠯ ᠤᠨ ᠮᠢᠨᠢ ᠠᠩᠬᠠᠨ ᠤ ᠪᠠᠭᠰᠢ ᠪᠣᠯ ᠬᠠᠶᠢᠷᠠᠳᠦ ᠨᠠᠭᠠᠢ ᠡᠵᠢ ᠮᠢᠨᠢ ᠪᠠᠶᠢᠵᠦ ᠳ᠋ᠠ᠃                 ᠮᠠᠨ ᠤ ᠠᠶᠢᠯ ᠤᠨ ᠬᠡᠤᠬᠡᠳ ᠪᠦᠬᠦᠯᠢ ᠠᠷᠪᠡ ᠬᠦᠷᠦᠮᠡᠨᠵᠢᠨ ᠰᠠᠶ᠋ᠢ ᠪᠠᠭ᠎ᠠ ᠰᠣᠷᠭᠠᠭᠤᠯᠢ ᠳᠤ  ᠣᠴᠢᠳᠠᠭ᠂  ᠲᠡᠭᠷᠢ ᠳᠤ ᠵᠡᠯᠡᠯᠡᠬᠦ ᠰᠢᠪᠠᠭᠤᠳ ᠤᠨ ᠭᠠᠩᠭᠠᠨᠠᠭ᠎ᠠ ᠲᠠᠢ ᠲᠡᠷᠡ  ᠯᠡ  ᠨᠠᠮᠤᠷ ᠢᠶᠠᠷ  ᠠᠪᠤ  ᠮᠢᠨᠢ  ᠡᠳᠦᠷ  ᠲᠣᠳᠣᠮ ᠤᠨ  ᠤᠨᠤᠯᠭᠠᠨ ᠳᠠᠭᠠᠨ ᠭᠡᠷᠡᠭᠯᠡᠳᠡᠭ  ᠬᠤᠨᠢᠨ  ᠪᠣᠷᠦ  ᠮᠤᠷᠢ ᠶᠢ  ᠮᠢᠨᠢ  ᠤᠨᠤᠭᠤᠯᠤᠭᠠᠳ  ᠭᠠᠴᠠᠭᠠᠨ ᠤ  ᠰᠣᠷᠭᠠᠭᠤᠯᠢ ᠶᠢᠨ  ᠠᠯᠳᠠᠨ   ᠪᠣᠱᠤᠭ᠎ᠠ ᠶᠢ ᠠᠯᠬᠤᠭᠤᠯᠤᠭᠰᠠᠨ ᠪᠢᠯᠡ᠃ ᠢᠩᠬᠢᠵᠦ ᠯᠠ ᠪᠢ ︽ᠴᠠᠭᠠᠨ ᠲᠣᠯᠣᠭᠠᠢ︾ ᠬᠡᠮᠡᠬᠦ ᠲᠠᠯᠠᠭᠡᠢ ᠳᠤ ᠭᠠᠭᠴᠠᠬᠠᠨ ᠤᠳᠬ᠎ᠠ ᠶᠢᠨ ᠢᠷᠠᠭᠤ ᠪᠣᠯᠣᠭᠰᠠᠨ ᠪᠣᠰᠤᠭ᠎ᠠ ᠮᠣᠩᠭᠤᠯ ᠪᠢᠴᠢᠭ ᠲᠠᠢ ᠪᠠᠨ ᠲᠠᠨᠢᠯᠴᠠᠨ ᠤᠶᠤᠨ ᠤ ᠢᠯᠴᠢ᠂ ᠰᠠᠳᠬᠢᠯ ᠤᠨ ᠭᠡᠭᠡ ᠪᠠᠨ ᠠᠪᠴᠠᠢ᠃                  ᠬᠤᠶᠠᠷ         ᠶᠡᠭᠡ ᠬᠦᠨ ᠤᠬᠠᠭᠠᠨᠳᠠᠨ ᠱᠤᠫᠠᠨ᠋ᠭᠠᠸᠧᠷ ᠠᠴᠠ ︽ᠡᠨᠡ ᠬᠤᠷᠸ᠎ᠠ ᠲᠡᠭᠡᠷ᠎ᠡ ᠠᠵᠠ ᠵᠢᠷᠭᠠᠯ ᠬᠡᠵᠦ ᠶᠠᠭᠤ ᠪᠣᠢ︖ ᠬᠡᠷᠪᠡ ᠬᠦᠮᠦᠨ ᠡᠮᠦᠨ᠎ᠠ ᠪᠠᠨ ᠲᠠᠯᠪᠢᠭᠰᠠᠨ ᠵᠣᠷᠢᠯᠭ᠎ᠠ ᠳᠠᠭᠠᠨ ᠬᠦᠷᠴᠦ ᠴᠢᠳᠠᠬᠤ ᠦᠭᠡᠢ ᠪᠤᠯ᠂ ᠬᠦᠰᠡᠯ ᠨᠢ ᠪᠡᠶᠡᠯᠡᠭᠦ ᠦᠭᠡᠢ ᠪᠤᠯ ᠠᠵᠠ ᠵᠢᠷᠭᠠᠯ ᠦᠭᠡᠢ ᠪᠤᠯᠤᠨ᠎ᠠ᠃ ᠬᠡᠪᠡᠴᠦ ᠬᠦᠰᠡᠯ ᠨᠢ ᠭᠦᠢᠴᠡᠯᠳᠦᠴᠢᠬᠡᠭᠦ ᠶᠤᠮ  ᠪᠣᠯ  ᠤᠶᠢᠳᠬᠠᠷ ᠲᠤ  ᠠᠪᠳᠠᠨ  ︿ ᠴᠢᠨᠠᠭᠰᠢᠳᠠ ᠶᠠᠭᠠᠬᠢᠬᠤ ᠪᠢᠯᠡ︖﹀ ᠬᠡᠵᠦ ᠦᠪᠡᠷ ᠠᠴᠠ ᠪᠠᠨ  ᠠᠰᠠᠭᠤᠬᠤ ᠳᠤ  ᠬᠦᠷᠬᠦ  ᠶᠤᠮ︾  ᠬᠡᠵᠦ  ᠬᠡᠯᠠᠵᠠᠢ᠂  ᠤᠳᠤ ᠶᠢᠨ  ᠴᠠᠭ ᠦᠶ᠎ᠡ ᠳᠤ ᠮᠣᠩᠭᠤᠯᠴᠣᠳ ᠪᠢᠳᠠᠨ ᠤ ᠬᠦᠰᠡᠯ ᠡᠷᠡᠮᠡᠯᠵᠡᠯ ᠭᠡᠭᠴᠢ ᠶᠠᠭᠤ  ᠪᠠᠶᠢᠳᠠᠭ  ᠪᠢᠯᠡ︖  ᠬᠦᠰᠡᠯ  ᠵᠤᠷᠢᠯᠳᠠ᠂  ᠰᠢᠨᠤᠯ ᠲᠠᠴᠢᠶᠠᠯ ᠢᠶᠠᠨ ᠪᠢᠳᠠ ᠠᠩᠬᠢᠳᠠ ᠰᠠᠯᠭᠠᠵᠦ ᠴᠢᠳᠠᠳᠠᠭ ᠶᠤᠮ ᠪᠤᠯ ᠤᠤ︖                 ᠴᠠᠭ ᠤᠨ  ᠭᠦᠷᠳᠦ ᠶᠢ ᠲᠠᠭᠠᠨ  1990  ᠣᠨ ᠤ  ᠨᠠᠮᠤᠷ  ᠪᠢ  ᠲᠤᠮᠳᠠᠳᠦ  ᠰᠤᠷᠭᠠᠭᠤᠯᠢ ᠪᠠᠨ   ᠲᠦᠭᠦᠷᠭᠡᠨ᠂ ᠱᠠᠩᠬᠠᠢ ᠶᠢᠨ ᠲᠠᠭᠤᠤ ᠬᠦᠭᠵᠢᠮ ᠤᠨ  ᠲᠡᠭᠡᠳᠦ  ᠰᠤᠷᠭᠠᠭᠤᠯᠢ ᠳᠤ  ᠡᠯᠰᠡᠭᠳᠡᠵᠤ᠂  ᠠᠩᠬ᠎ᠠ  ᠤᠳᠠᠭ᠎ᠠ  ᠭᠠᠯᠳᠦ  ᠲᠡᠷᠭᠡᠨ ᠳᠤ ᠰᠠᠭᠤᠵᠦ᠂ ᠱᠠᠩᠬᠠᠢ ᠶᠢ ᠵᠤᠷᠢᠯ᠎ᠠ᠃ ᠭᠠᠯᠳᠦ ᠲᠡᠷᠭᠡ ᠢᠮᠠᠭᠳᠠ ᠬᠦᠮᠦᠨ ᠤ ᠬᠦᠰᠡᠯ ᠮᠦᠷᠦᠭᠡᠳᠦᠯ ᠢ ᠠᠴᠢᠭᠠᠳ ᠶᠠᠪᠤᠳᠠᠭ ᠠᠵᠢ᠂ ᠲᠡᠮᠡᠢ ᠬᠤᠶᠡᠷ ᠬᠢᠳᠡᠳ ᠦᠭᠡ ᠮᠡᠳᠡᠭᠦ ᠦᠭᠡᠢ᠂ ᠰᠠᠶ᠋ᠢᠬᠠᠨ ᠬᠤᠷᠢ ᠶᠢᠨ ᠲᠤᠯᠤᠭᠠᠢ ᠶᠢ  ᠰᠢᠭᠦᠷᠴᠦ  ᠪᠠᠶᠢᠭᠰᠠᠨ  ᠨᠠᠮᠠᠢᠢ  ᠡᠨᠡᠬᠦ ᠲᠠᠨᠢᠯ ᠪᠣᠰᠦ ᠬᠤᠳᠠ ᠶᠢᠨ ︽ᠤᠯᠠᠭᠠᠨ᠂ ᠰᠢᠷ᠎ᠠ᠂ ᠨᠣᠭᠤᠭᠠᠨ︾ ᠦᠩᠭᠡᠳᠦ ᠰᠤᠯᠤᠩᠭᠠᠨ  ᠳ᠋ᠧᠩ  ᠦᠪᠡᠷ ᠤᠨ  ᠡᠷᠬᠡ  ᠦᠭᠡᠢ ᠱᠤᠭᠯᠠᠨ ᠢᠨᠢᠶᠡᠵᠦ ᠪᠠᠶᠢᠬᠤ ᠶᠢ ᠪᠢ ᠰᠡᠳᠬᠢᠯ ᠢᠶᠠᠷ ᠢᠶᠠᠨ ᠮᠠᠳᠠᠷᠡᠵᠦ ᠪᠠᠶᠢᠭᠰᠠᠨ᠃         ᠪᠢ ᠠᠩᠬ᠎ᠠ ᠱᠠᠩᠬᠠᠢ ᠶᠢᠨ ᠲᠠᠭᠤᠤ ᠬᠦᠭᠵᠢᠮ ᠤᠨ ᠲᠡᠭᠡᠳᠦ ᠰᠤᠷᠭᠠᠭᠤᠯᠢ ᠳᠤ ᠶᠠᠩᠴᠢᠨ ᠬᠦᠭᠵᠢᠮ ᠤᠨ ᠮᠡᠷᠭᠡᠵᠢᠯ ᠢᠶᠠᠷ ᠰᠤᠷᠦᠯᠴᠠᠵᠦ᠂ ᠬᠠᠷᠡᠬᠠᠨ ᠪᠠᠭ᠎ᠠ ᠠᠴᠠ ᠪᠠᠨ ᠪᠠᠶᠢᠭᠠᠯᠢ ᠶᠢᠷᠳᠢᠨᠴᠦ ᠶᠢᠨ ᠲᠠᠭᠤ ᠠᠪᠢᠶ᠎ᠠ ᠪᠦᠭᠦᠨ ᠳᠤ ᠰᠤᠨᠢᠷᠬᠠᠯᠳᠠᠢ ᠶᠢᠨ  ᠤᠴᠢᠷ ᠦᠪᠡᠷ ᠢᠶᠠᠨ  ᠬᠢᠴᠢᠶᠡᠯ ᠤᠨ  ᠭᠠᠳᠠᠭᠤᠷ  ᠡᠷᠡᠣ  ᠬᠤᠭᠤᠷ᠂  ᠲᠡᠭᠦᠯᠳᠠᠷ  ᠬᠤᠭᠤᠷ  ᠵᠡᠷᠬᠡ ᠶᠢᠨ  ᠬᠢᠴᠢᠶᠡᠯ ᠢ   ᠰᠤᠨᠤᠰᠴᠦ᠂ ᠤᠷᠠᠯᠢᠭ ᠤᠨ ᠮᠡᠳᠡᠷᠡᠮᠵᠢ ᠪᠠᠨ ᠲᠡᠭᠡᠭᠰᠢᠯᠡᠭᠦᠯᠪᠡ᠂ ᠵᠦᠪᠬᠡᠨ ᠰᠤᠨᠤᠰᠬᠤ ᠪᠠᠷ ᠲᠠᠮᠵᠢᠨ ᠪᠢ ᠤᠯᠠᠨ  ᠵᠦᠢᠯ ᠢ  ᠤᠬᠠᠭᠠᠷᠠᠭᠰᠠᠨ᠃ ᠮᠠᠨ ᠤ ᠠᠩᠬᠢ ᠶᠢᠨ ᠨᠦᠭᠦᠳ ︽ᠤᠷᠠᠨ᠎ᠠ ᠴᠢ ᠪᠣᠯ ᠰᠤᠯᠢᠶᠠᠳᠦ︾ ᠬᠡᠵᠦ ᠦᠷᠭᠦᠯᠵᠢ ᠬᠡᠯᠡᠳᠡᠭ᠃ ᠦᠨᠡᠭᠡᠷ ᠬᠦᠮᠦᠨ ᠦᠪᠡᠷ ᠤᠨ ᠵᠤᠷᠢᠭᠰᠠᠨ ᠵᠦᠢᠯ ᠳᠡᠭᠡᠨ ᠡᠷᠭᠡᠪᠰᠢ ᠨᠢᠭᠡᠨ ᠭᠠᠯᠵᠠᠭᠤᠷᠠᠭᠰᠠᠨ ᠮᠡᠳᠦ ᠰᠡᠳᠬᠢᠯ ᠢᠶᠠᠷ ᠲᠡᠮᠡᠴᠡᠭᠦ ᠬᠡᠷᠡᠭᠳᠡᠢ ᠬᠡᠵᠦ ᠪᠢ ᠪᠤᠳᠤᠨ᠎ᠠ᠃                 ︽ᠠᠵᠠ ᠲᠠᠢ ᠲᠦᠷᠦᠭᠰᠡᠨ ᠠᠰᠬᠠᠨ ᠪᠡᠶ᠎ᠡ ᠮᠢᠨᠢ / ᠠᠯᠢᠪᠠ ᠶᠢ ᠲᠤᠭᠤᠯᠳᠠᠭ ᠵᠤᠷᠢᠭ ᠰᠦᠰᠦ ᠮᠢᠨᠢ / ᠠᠪᠦ ᠡᠵᠢ ᠶᠢᠨ ᠨᠠᠨᠳᠢᠨ ᠰᠤᠷᠭᠠᠯ ᠢ / ᠬᠠᠷᠠᠮ ᠦᠭᠡᠢ ᠰᠡᠳᠬᠢᠯ ᠢᠶᠠᠷ ᠵᠠᠯᠭᠠᠨ ᠬᠠᠶᠢᠷᠠᠯᠠᠨ᠎ᠠ︾᠃                 ᠡᠨᠡ ᠪᠤᠯ ᠮᠢᠨᠦ ᠦᠪᠡᠷ ᠢᠶᠠᠨ ᠵᠤᠬᠢᠶᠠᠭᠰᠠᠨ ︽ᠬᠠᠷᠠᠮ ᠦᠭᠡᠢ︾ ᠬᠡᠭᠦ ᠲᠠᠭᠤᠤ ᠪᠤᠯᠤᠨ᠎ᠠ᠃  ᠱᠠᠩᠬᠠᠢ ᠶᠢᠨ  ᠲᠠᠭᠤᠤ ᠬᠦᠭᠵᠢᠮ ᠤᠨ ᠲᠡᠭᠡᠳᠦ ᠰᠤᠷᠭᠠᠭᠤᠯᠢ ᠳᠤ ᠪᠢ ᠪᠦᠬᠦ  ᠤᠯᠤᠰ ᠤᠨ  ᠲᠠᠪᠢᠨ  ᠵᠢᠷᠭᠤᠭᠠᠨ  ᠦᠨᠳᠦᠰᠦᠳᠡᠨ ᠤ  ᠲᠠᠭᠤᠴᠢᠳ ᠲᠠᠢ ᠲᠠᠨᠢᠯᠴᠠᠵᠦ ᠨᠦᠭᠦᠷᠯᠡᠭᠰᠡᠨ ᠪᠢᠯᠡ᠃ ᠪᠢᠳᠠ  ᠪᠦᠭᠦᠨ  ᠠᠳᠠᠯᠢᠬᠠᠨ  ᠬᠡᠪᠰᠢᠯ ᠢᠶᠠᠷ  ᠬᠦᠮᠦᠵᠢᠭᠳᠡᠪᠡ᠂  ᠮᠠᠨ ᠤ  ᠲᠠᠭᠤᠤ  ᠪᠦᠷ ᠠᠳᠠᠯᠢᠬᠠᠨ ᠪᠣᠯᠪᠠ᠃ ᠴᠤᠷ ᠤᠨ ᠭᠠᠭᠴᠠ ᠠᠳᠠᠯᠢ ᠪᠣᠰᠦ ᠨᠢ ᠮᠠᠨ ᠤ ᠦᠪᠡᠷ ᠦᠪᠡᠷ ᠤᠨ ᠦᠨᠳᠦᠰᠦᠳᠡᠨ ᠤ ᠡᠭᠡ ᠬᠡᠯᠡ ᠪᠣᠯᠵᠦ ᠢᠯᠭᠠᠷᠠᠭᠰᠠᠨ ᠶᠤᠮ᠃                   ᠭᠤᠷᠪᠠ         ︽ᠠᠶᠠᠯᠠᠭᠤᠯᠵᠦ  ᠲᠠᠭᠤᠯᠠᠭᠰᠠᠨ  ᠲᠠᠭᠤᠤ ᠪᠠᠷ ᠢᠶᠠᠨ  /  ᠠᠮᠢᠳᠦ  ᠶᠢᠷᠳᠢᠨᠴᠦ ᠶᠢ  ᠦᠨᠡᠨᠴᠢ  ᠢᠨᠢᠶᠡᠯᠭᠡᠭᠦ ᠪᠠᠷ  / ᠠᠭᠠᠯᠢ ᠲᠠᠢ ᠰᠠᠶᠢᠬᠠᠨ ᠮᠤᠩᠭᠤᠯ ᠵᠠᠩ ᠢᠶᠠᠷ ᠢᠶᠠᠨ / ᠠᠯᠢᠪᠠ ᠬᠦᠢᠰᠤᠳᠠᠨ ᠲᠠᠢ ᠠᠮᠤᠷ ᠢᠶᠠᠨ ᠮᠠᠨᠳᠦᠴᠢᠯᠡᠶ᠎ᠠ᠁︾᠃                 1994 ᠤᠨ ᠨᠠᠳᠠ ᠳᠤ ᠠᠪᠴᠦ ᠭᠡᠯᠡᠪᠠᠯ ᠮᠦᠨ ᠨᠢᠭᠡ ᠶᠡᠷᠦ ᠪᠤᠰᠦ ᠶᠢᠨ ᠵᠢᠯ ᠶᠤᠮ᠂ ᠡᠨᠡ ᠵᠢᠯ  ᠪᠢ  ᠨᠠᠰᠤᠨ ᠤ ᠬᠠᠨᠢ ᠪᠠᠨ ᠲᠠᠭᠠᠵᠦ᠂ ᠲᠠᠯᠡᠭᠡᠢ ᠶᠢᠨ ᠰᠤᠩᠭᠤᠳᠠᠭ ᠤᠷᠠᠯᠢᠭ ᠤᠨ ᠬᠤᠰᠢᠭᠤᠴᠢ ᠤᠷᠤᠨ —  ᠭᠧᠷᠮᠠᠨ  ᠤᠯᠤᠰ ᠲᠤ  ᠢᠷᠡᠭᠰᠡᠨ ᠪᠢᠯᠡ᠃ ᠭᠧᠷᠮᠠᠨ  ᠤᠯᠤᠰ ᠲᠤ  ᠪᠣᠰᠣᠳ  ᠣᠯᠣᠰ  ᠦᠨᠳᠣᠰᠦᠳᠠᠨ ᠤ  ᠰᠤᠶᠤᠯ  ᠤᠷᠠᠯᠢᠭ ᠢ  ᠰᠤᠳᠤᠯᠤᠨ  ᠲᠡᠯᠭᠡᠷᠡᠭᠦᠯᠵᠦ᠂ ᠬᠠᠳᠠᠭᠠᠯᠠᠨ ᠬᠠᠮᠠᠭᠠᠯᠠᠬᠤ ᠶᠢ ᠲᠤᠩ ᠠᠩᠬᠠᠷᠳᠠᠭ᠂ ᠤᠴᠢᠷ ᠨᠢ ᠣᠷᠠᠯᠢᠭ ᠪᠤᠯ ᠪᠦᠬᠦ  ᠬᠦᠮᠦᠨ  ᠲᠦᠷᠦᠯᠬᠢᠳᠠᠨ ᠤ  ᠬᠠᠮᠳᠤ ᠶᠢᠨ ᠦᠪ ᠬᠡᠮᠡᠨ ᠠᠳᠡᠬᠢ ᠶᠢᠨ ᠬᠦᠮᠦᠰ ᠰᠡᠳᠬᠢᠯ ᠨᠢᠭᠡᠳᠡᠢ ᠮᠡᠳᠡᠷᠡᠳᠡᠭ᠃ ᠠᠳᠡ ᠠᠴᠠ ᠪᠢ ᠲᠡᠯᠡᠭᠡᠢ ᠶᠢᠨ ᠤᠯᠠᠨ ᠤᠯᠤᠰ ᠤᠷᠤᠨ ᠤ ᠨᠡᠷᠡᠳᠦ ᠬᠦᠭᠵᠢᠮ ᠤᠨ  ᠲᠠᠷᠬᠠᠳ ᠤᠨ  ᠪᠦᠳᠦᠭᠡᠯ ᠲᠠᠢ  ᠲᠠᠨᠢᠯᠴᠠᠵᠦ᠂  ᠬᠠᠮᠳᠤᠷᠠᠨ  ᠠᠵᠢᠯᠯᠠᠵᠦ  ᠬᠠᠷᠠᠭ᠎ᠠ ᠪᠠᠨ  ᠨᠡᠭᠡᠭᠡᠵᠦ᠂ ᠰᠤᠨᠤᠷ ᠢᠶᠠᠨ ᠲᠡᠯᠡᠭᠰᠡᠨ ᠪᠢᠯᠡ᠃                 ᠨᠠᠮᠬᠠᠨ ᠤᠷᠤᠰᠬᠠᠯᠳᠦ ᠷᠠᠶᠢᠨ ᠮᠦᠷᠡᠨ ᠤ ᠨᠤᠮᠢᠨ ᠲᠤᠯᠬᠢᠶ᠎ᠠ᠂ ᠠᠨᠢᠷ ᠦᠭᠡᠢ ᠶᠢᠨ ᠲᠤᠮᠳᠠ ᠬᠠᠩᠬᠢᠨᠠᠬᠤ ᠮᠦᠷᠭᠦᠯ ᠤᠨ ᠲᠠᠭᠤᠤ ᠶᠢᠨ ᠡᠭᠡᠰᠢᠭ᠂ ᠤᠭᠳᠠᠷᠭᠤᠢ ᠶᠢᠨ ᠴᠡᠭᠡᠯ ᠳᠤ ᠰᠦᠮᠡᠯᠵᠡᠬᠦ ᠬᠠᠪᠢᠷᠭᠠᠨ ᠰᠠᠷᠠᠨ ᠤ ᠦᠨᠦᠴᠢᠨ  ᠨᠢᠯᠪᠤᠰᠦ᠁  ᠡᠳᠡᠭᠡᠷ ᠪᠦᠭᠦᠨ ᠤᠢ ᠲᠦᠢᠨ ᠠᠴᠠ ᠭᠠᠷᠳᠠᠭ ᠦᠭᠡᠢ ᠬᠦᠭᠡᠷᠦᠬᠦᠢ ᠤᠷᠳᠦᠰ ᠨᠤᠳᠤᠭ᠂ ᠠᠪᠦ ᠡᠵᠢ᠂ ᠡᠯᠢᠭᠡᠨ ᠰᠠᠳᠤᠨ ᠢ ᠮᠢᠨᠢ ᠶᠠᠭᠤᠳᠠᠢ ᠰᠠᠨᠠᠭᠳᠠᠭᠤᠯᠬᠤ ᠠᠵᠢ᠃ ᠠᠩᠬ᠎ᠠ ᠢᠷᠡᠬᠦ ᠳᠤ ᠭᠧᠷᠮᠠᠨ ᠬᠡᠯᠡ ᠬᠡᠳᠡᠭ ᠢ ᠴᠢᠨᠢ ᠲᠠᠭ ᠮᠡᠳᠡᠭᠦ  ᠦᠭᠡᠢ  ᠪᠠᠶᠢᠭᠰᠠᠨ᠂  ᠤᠳᠤ  ᠪᠢ ᠮᠤᠩᠭᠤᠯ᠂ ᠬᠢᠳᠡᠳ᠂ ᠭᠧᠷᠮᠠᠨ᠂ ᠠᠩᠭ᠍ᠯᠢ᠂ ᠠᠷᠠᠪ ᠵᠡᠷᠭᠡ ᠲᠠᠪᠤᠨ ᠬᠡᠯᠡ ᠪᠠᠷ ᠶᠠᠷᠢᠵᠦ  ᠴᠢᠳᠠᠨ᠎ᠠ᠂  ᠦᠰᠬᠦ ᠠᠴᠠ  ᠰᠤᠷᠤᠭᠰᠠᠨ ᠮᠤᠩᠭᠤᠯ ᠬᠡᠯᠡ ᠪᠠᠷ ᠢᠶᠠᠨ ᠯᠡ ᠲᠠᠮᠵᠢᠭᠠᠳ ᠡᠳᠡᠭᠡᠷ ᠪᠦᠭᠦᠨ ᠢ ᠰᠤᠷᠴᠦ ᠴᠢᠳᠠᠭᠰᠠᠨ᠃                  ᠭᠧᠷᠮᠠᠨ ᠤᠯᠤᠰ ᠲᠤ ᠨᠤᠳᠤᠭᠰᠢᠭᠠᠳ ᠠᠷᠪᠠᠭᠠᠳ ᠵᠢᠯ ᠢ  ᠠᠷᠣ ᠳᠠᠭᠠᠨ  ᠤᠷᠬᠢᠯ᠎ᠠ᠃  ︽ᠵᠠᠩᠭᠠᠷ︾᠂  ︽ᠬᠡᠰᠡᠷ︾᠂ ︽ᠨᠢᠭᠤᠴᠠ ᠲᠤᠪᠴᠢᠶᠠᠨ︾᠎ ᠢᠶᠠᠨ ᠬᠠᠮᠤᠭ ᠤᠩᠰᠢᠬᠤ ᠲᠤᠷᠠᠳᠠᠢ᠂ ᠡᠪᠦᠭᠡᠳ ᠤᠨ ᠮᠢᠨᠢ ᠦᠯᠡᠳᠡᠭᠡᠭᠰᠡᠨ  ᠡᠨᠡ  ᠯᠡ  ᠡᠷᠳᠡᠨᠢᠳᠦ ᠵᠦᠢᠯ ᠠᠴᠠ ᠪᠢ ᠲᠠᠭᠤᠯᠠᠬᠤ ᠠᠪᠢᠶᠠᠰ ᠢ  ᠤᠯᠤᠭᠰᠠᠨ᠂  ᠲᠡᠳᠡᠭᠡᠷ  ᠲᠠᠶᠢᠰᠠᠨ  ᠲᠡᠭᠡᠷ᠎ᠠ  ᠡᠯᠳᠡᠪ  ᠶᠠᠩᠵᠦ ᠪᠠᠷ  ᠬᠦᠳᠡᠯᠭᠡᠭᠡᠨ ᠭᠠᠷᠭᠠᠵᠦ᠂ ᠠᠮᠠ ᠪᠠᠷᠢᠵᠦ ᠲᠠᠭᠤᠯᠠᠳᠠᠭ ᠲᠠᠶᠢᠰᠠᠨ ᠤ ᠣᠷᠠᠯᠢᠭᠴᠢᠳ ᠢ ᠦᠵᠡᠨ ᠶᠠᠳᠠᠳᠠᠭ᠃ ︽ᠲᠠᠭᠤᠤ ᠶᠢ ᠰᠡᠳᠬᠢᠯ ᠢᠶᠠᠷ ᠢᠶᠠᠨ ᠮᠡᠳᠡᠷᠡᠵᠦ᠂ ᠰᠡᠳᠬᠢᠯ ᠢᠶᠠᠷ ᠢᠶᠠᠨ ᠲᠠᠭᠤᠯᠠᠬᠤ ᠶᠤᠰᠤᠳᠠᠢ︾ ᠬᠡᠵᠦ ᠨᠠᠭᠠᠢ ᠡᠵᠢ ᠮᠢᠨᠢ  ᠨᠠᠳᠠ ᠳᠤ  ᠵᠢᠭᠠᠭᠰᠠᠨ  ᠶᠣᠰᠣᠭᠠᠷ  ᠪᠢ ᠣᠷᠳᠤᠰ ᠠᠷᠠᠳ ᠤᠨ ᠲᠠᠭᠤᠣ ᠪᠠᠨ ᠴᠣᠯ ᠴᠡᠪᠡᠷ᠂ ᠶᠠᠮᠡᠷ ᠴᠦ ᠬᠤᠯᠢᠴᠠ ᠦᠭᠡᠢ ᠪᠠᠯᠠᠷᠯᠢᠭ  ᠬᠡᠯᠪᠡᠷᠢ ᠪᠠᠷ ᠨᠢ  ᠲᠠᠭᠤᠯᠠᠬᠤ ᠪᠠᠷ ᠵᠤᠷᠢᠯᠭ᠎ᠠ ᠪᠣᠯᠭᠠᠵᠦ ᠦᠪᠡᠷ ᠢᠶᠠᠨ ᠬᠠᠮᠳᠤᠯᠢᠭ ᠪᠠᠶᠢᠭᠤᠯᠤᠭᠰᠠᠨ ᠶᠤᠮ᠃  ᠬᠠᠮᠳᠤᠯᠢᠭ  ᠮᠢᠨᠢ  ᠠᠯᠳᠠᠷᠳᠦ  ᠡᠷᠡᠤ  ᠬᠤᠭᠤᠷᠴᠢᠨ ᠰᠦᠯᠳᠠᠨ  ᠯᠠᠨᠲ᠋ᠣᠰ  ︵zoltan  lantos︶᠂  ᠡᠨᠡᠳᠬᠡᠭ ᠤᠨ  ᠬᠦᠭᠵᠢᠮᠴᠢᠨ   ᠷᠠᠮᠰᠢ   ᠰᠦᠳᠬᠠᠮ   ︵ramesh shotham︶ ᠪᠠ ᠢᠷᠠᠨ ᠣᠯᠣᠰ ᠤᠨ ︽ᠠᠮᠢᠳᠦ ᠡᠷᠳᠡᠨᠢ︾ ᠬᠡᠮᠡᠨ ᠠᠯᠳᠠᠷᠰᠢᠭᠰᠠᠨ ᠢᠷᠡᠨ ᠬᠡᠩᠭᠡᠷᠭᠡ ᠶᠢᠨ  ᠶᠡᠭᠡ  ᠲᠠᠷᠬᠠᠨ ᠵᠠᠮᠰᠢᠳ ᠴᠢᠮᠠᠶᠠᠷᠠᠨᠢ ︵jamchid chemirani︶ ᠡᠴᠢᠭᠡ ᠬᠦᠤ ᠬᠤᠶᠠᠭᠤᠯᠠ ᠵᠡᠷᠭᠡ ᠬᠤᠰᠢᠭᠤᠴᠢ ᠬᠦᠭᠵᠢᠮᠴᠢᠳ ᠢᠶᠠᠷ ᠪᠦᠷᠢᠯᠳᠦᠵᠦ᠂ ᠣᠳᠣ ᠪᠣᠯᠳᠠᠯ᠎ᠠ ᠲᠡᠯᠡᠭᠡᠢ ᠶᠢᠨ ᠭᠤᠴᠢ ᠭᠠᠷᠣᠢ ᠣᠯᠣᠰ ᠢᠶᠠᠷ ᠲᠣᠭᠤᠷᠢᠨ ᠲᠤᠭᠯᠠᠵᠠᠢ᠃                 2005 ᠣᠨ ᠳᠤ ᠪᠢ ᠨᠡᠭᠦᠳᠠᠯᠯᠡᠵᠦ ᠰᠠᠭᠤᠳᠠᠭ ᠵᠠᠩᠰᠢᠯ ᠢᠶᠠᠷ ᠢᠶᠠᠨ ᠭᠧᠷᠮᠠᠨ ᠠᠴᠠ ᠡᠷᠳᠡᠨ ᠤ  ᠪᠤᠭᠤᠷᠤᠯ  ᠤᠷᠤᠨ ᠶᠧᠵᠢᠫᠲ ᠤᠯᠤᠰ ᠢ ᠵᠤᠷᠢᠵᠦ᠂ ᠺᠠᠶᠢᠷᠤ᠋ ᠬᠤᠳᠠᠨ᠎ᠠ ᠢᠷᠡᠪᠡ᠃ ᠲᠡᠤᠬᠡ ᠶᠢᠨ ᠬᠦᠨ  ᠮᠠᠨᠠᠨ ᠢ  ᠬᠡᠳᠦᠨ  ᠵᠠᠭᠤᠨ  ᠮᠢᠩᠭᠠᠨ ᠢᠶᠠᠷ ᠬᠡᠨᠡᠭ ᠦᠭᠡᠢ ᠠᠵᠢᠭᠰᠠᠨ ᠡᠨᠡ ᠶᠡᠭᠡ ᠰᠤᠶᠤᠯᠳᠤ ᠭᠦᠷᠦᠨ ᠤ ᠲᠡᠣᠬᠡ ᠭᠠᠷᠤᠯ᠂ ᠲᠠᠭᠤᠤ ᠤᠷᠠᠯᠢᠭ ᠨᠢ  ᠨᠠᠳᠠ ᠳᠤ  ᠦᠪᠡᠷ ᠤᠨ ᠡᠷᠬᠡ ᠦᠭᠡᠢ ᠬᠦᠨ ᠰᠠᠭᠤᠭᠳᠠᠯ ᠦᠯᠡᠳᠡᠭᠡᠪᠡ᠃ ᠬᠦᠮᠦᠨ ᠲᠦᠷᠦᠯᠬᠢᠳᠡᠨ ᠤ ᠨᠡᠶᠢᠭᠡᠮ ᠤᠨ ᠱᠠᠳᠦ ᠦᠶ᠎ᠡ ᠬᠡᠳᠦᠢ  ᠬᠦᠭᠵᠢᠭᠰᠡᠨ ᠴᠦ ᠪᠢᠳᠠ ᠪᠦᠬᠦᠨ ᠤᠯᠠᠮᠵᠢᠯᠠᠯ ᠢᠶᠠᠨ ᠠᠪᠴᠦ ᠦᠯᠡᠳᠡᠬᠦ ᠬᠡᠷᠡᠭᠳᠠᠢ᠂  ᠬᠡᠷᠪᠡ  ᠴᠠᠭ  ᠬᠤᠭᠤᠴᠠᠭ᠎ᠠ ᠶᠢ  ᠪᠢᠴᠢᠬᠠᠨ  ᠭᠱᠠᠨ ᠳᠤ ᠬᠤᠷᠢᠶᠠᠵᠦ᠂ ᠡᠨᠡ ᠬᠤᠷᠸ᠎ᠠ ᠶᠢᠨ ᠨᠢᠭᠡᠨ ᠵᠢᠯ ᠢ  ᠭᠠᠭᠴᠠ  ᠬᠤᠨᠤᠭ  ᠬᠡᠮᠡᠨ  ᠦᠵᠡᠪᠡᠯ᠂  ᠲᠡᠷᠡ  ᠠᠮᠢᠳᠤᠷᠠᠯ ᠤᠨ  ᠲᠠᠩᠰᠤᠭ ᠴᠡᠴᠡᠷᠯᠢᠭ ᠲᠤ ᠪᠢᠳᠡ ᠪᠦᠬᠦᠨ ᠬᠡᠳᠦᠢ ᠯᠡ ᠬᠤᠨᠤᠭ ᠵᠤᠴᠢᠯᠠᠬᠤ ᠪᠢᠯᠡ︖  ᠠᠮᠢᠳᠤᠷᠠᠯ ᠤᠨ  ᠮᠢᠨᠢ  ᠲᠠᠷᠠᠭᠠᠴᠢ ᠶᠢᠨ  ᠣᠯᠠᠭ᠎ᠠ ᠦᠷᠳᠡᠭᠡ ᠴᠤᠬᠤᠮ ᠬᠠᠮᠢᠭ᠎ᠠ ᠪᠠᠶᠢᠳᠠᠭ ᠪᠤᠯ︖                   ᠲᠦᠷᠪᠡ         — ᠡᠨᠡ ᠤᠷᠠᠨ᠎ᠠ ᠮᠤᠩᠭᠤᠯ ᠲᠠᠭᠤᠤ ᠶᠢ ᠶᠠᠭᠠᠬᠢᠵᠦ ᠲᠠᠭᠤᠯᠠᠵᠦ ᠪᠠᠶᠢᠬᠤ ᠪᠣᠢ︖         — ᠤᠷᠳᠤᠰ ᠠᠷᠠᠳ ᠤᠨ ᠲᠠᠭᠤᠣ ᠶᠢ ᠶᠠᠭᠤᠨ ᠳᠤ ᠢᠩᠬᠢᠵᠦ  ᠤᠳᠠᠭᠠᠨ  ᠲᠠᠭᠤᠯᠠᠵᠦ  ᠪᠠᠶᠢᠭ᠎ᠠ  ᠪᠣᠢ︖  ᠬᠡᠵᠦ ᠵᠠᠷᠢᠮᠠᠳ ᠨᠢ ᠬᠡᠯᠡᠯᠴᠡᠨ᠎ᠠ᠃ ᠳᠡᠷᠡ ᠶᠠᠭᠠᠬᠢᠬᠤ ᠪᠤᠢ᠁         ︽ᠲᠠᠯ᠎ᠠ ᠨᠤᠳᠤᠭ︾᠂ ︽crossing︾᠂ ︽ᠵᠠᠮ ᠢᠶᠠᠷ︾᠂ ︽ᠬᠦᠳᠡᠭᠡ ᠳᠤ︾᠂ ︽ᠲᠡᠭᠷᠢ ᠶᠢᠨ ᠰᠢᠪᠠᠭᠤ︾  ᠵᠡᠷᠭᠡ ᠲᠠᠪᠤᠨ ᠲᠠᠭᠤᠤ ᠶᠢᠨ ᠴᠤᠮᠤᠭ ᠢᠶᠠᠨ ᠡᠷᠭᠢᠴᠡᠭᠦᠯᠦᠨ ᠪᠤᠳᠤᠬᠤᠶ᠎ᠠ  ᠦᠨᠡᠬᠡᠷ  ᠵᠢᠷᠦᠬᠡᠨ ᠤ  ᠤᠭ ᠲᠤ  ᠶᠤᠭᠬᠢᠨ  ᠡᠪᠡᠳᠦᠨᠡᠮ᠃ ᠲᠠᠭᠤᠣ ᠬᠦᠭᠵᠢᠮ ᠢᠮᠠᠭᠳᠠ ᠲᠤᠭᠳᠠᠮᠠᠯ  ᠪᠤᠶᠦ  ᠦᠭᠦᠮᠡᠯ  ᠵᠦᠢᠯ  ᠪᠢᠰᠢ᠂  ᠪᠢ  ᠵᠦᠪᠬᠡᠨ  ᠲᠠᠭᠤᠤ  ᠬᠦᠭᠵᠢᠮ ᠢᠶᠠᠷ  ᠯᠠ ᠲᠠᠮᠵᠢᠭᠤᠯᠵᠦ ᠦᠪᠡᠷ ᠤᠨ ᠰᠡᠳᠬᠢᠯ ᠢᠶᠠᠨ ᠢᠯᠡᠳᠬᠡᠬᠦ ᠶᠢ ᠭᠦᠰᠡᠨ᠎ᠡ᠃ ᠡᠨᠡ ᠰᠠᠨᠠᠭ᠎ᠠ ᠪᠦᠬᠦ ᠲᠠᠭᠤᠤ ᠳᠤ ᠮᠢᠨᠢ ᠰᠢᠩᠭᠡᠵᠦ  ᠪᠤᠢ ᠪᠦᠭᠡᠳ ᠨᠤᠳᠤᠭ ᠤᠨ ᠮᠢᠨᠢ ᠡᠪᠡᠰᠦ ᠲᠠᠢ ᠴᠠᠶᠢᠳᠠᠮ᠂ ᠰᠠᠯᠬᠢᠨ ᠤ ᠭᠡ᠂ ᠶᠠᠭᠠᠨ ᠡᠭᠦᠯᠡᠰ᠂ ᠲᠡᠷᠡᠰᠦ ᠲᠠᠢ ᠬᠦᠨᠳᠠᠢ᠂  ᠨᠠᠮᠤᠷ ᠤᠨ ᠰᠢᠪᠠᠭᠤᠳ᠂ ᠴᠠᠭ ᠬᠤᠭᠤᠴᠠᠭᠠᠨ ᠤ ᠭᠤᠨᠢᠭ᠂ ᠣᠷᠣᠨ  ᠵᠠᠢ ᠳᠠᠬᠢ  ᠲᠦᠷᠰᠦ᠂  ᠣᠳᠣᠳ ᠤᠨ  ᠴᠡᠩᠭᠡᠷ  ᠠᠶᠠᠯᠭᠤ  ᠪᠦᠬᠦᠨ ᠲᠠᠭᠤᠤ ᠶᠢᠨ ᠮᠢᠨᠢ ᠠᠮᠢᠨ ᠰᠦᠨᠡᠰᠦ ᠪᠣᠯᠵᠦ ᠪᠠᠶᠢᠳᠠᠭ᠃                 ᠶᠠᠫᠣᠨ ᠤ ᠨᠡᠷᠡᠳᠦ ᠺᠢᠨᠣ᠋ ᠣᠳᠣᠷᠢᠳᠣᠭᠠᠴᠢ  ᠺᠤᠷᠤᠼᠤᠸᠠ ᠶᠢᠨ  ᠺᠢᠨᠣ᠋  ᠰᠢᠭ᠋  ᠯᠡ  ᠶᠦᠮᠦᠷᠯᠢᠭ  ᠬᠡᠪᠰᠢᠯ ᠢᠶᠠᠷ ᠢᠶᠠᠨ ᠠᠮᠢᠳᠤᠷᠠᠯ ᠤᠷᠤᠰᠤᠨ ᠤᠳᠤᠨ᠎ᠠ᠂ ᠲᠠᠭᠤᠯᠠᠭᠰᠠᠨ ᠲᠠᠭᠤᠣ ᠮᠢᠨᠢ ᠤᠯᠠᠩᠭᠢ ᠬᠦᠮᠦᠰ ᠤᠨ ᠲᠠᠭᠠᠰᠢᠶᠠᠯ ᠢ  ᠣᠯᠵᠦ᠂  ᠲᠠᠭᠤᠤ ᠳᠤ ᠮᠢᠨᠢ ᠲᠤᠷᠠᠳᠠᠢ ᠲᠡᠯᠡᠬᠡᠢ ᠶᠢᠨ ᠣᠯᠠᠨ ᠭᠠᠵᠠᠷ ᠤᠨ ᠬᠠᠯᠠᠭᠤᠨ ᠰᠡᠳᠬᠢᠯᠳᠦ ᠬᠦᠮᠦᠰ ᠠᠴᠠ ᠵᠠᠬᠢᠶ᠎ᠠ  ᠣᠯᠠᠨ  ᠢᠷᠡᠳᠡᠭ  ᠪᠣᠯᠪᠠ᠃ 2003  ᠤᠨ ᠤ  ᠵᠤᠨ  ᠭᠧᠷᠮᠠᠨ  ᠤᠯᠤᠰ ᠠᠴᠠ  ︽ROTH  ᠨᠡᠷᠡᠮᠵᠢᠳᠦ  ᠲᠡᠯᠡᠭᠡᠢ ᠶᠢᠨ  ᠲᠡᠰ ᠤᠨ  ᠣᠷᠠᠯᠢᠭᠴᠢᠨ ᠤ ᠱᠠᠩᠨᠠᠯ︾᠎ ᠢ ᠨᠠᠳᠠ ᠳᠤ ᠤᠯᠭᠤᠭᠰᠠᠨ ᠪᠢᠯᠡ᠂ ᠱᠠᠩᠨᠠᠯ ᠤᠯᠭᠤᠯᠳᠠ ᠶᠢᠨ ᠠᠯᠳᠠᠨ ᠲᠠᠶᠢᠰᠠᠨ ᠳᠤ ᠪᠢ  ᠲᠡᠷᠯᠢᠭ ᠢᠶᠠᠨ  ᠡᠮᠦᠰᠦᠬᠡ ᠦᠭᠡᠢ᠂ ᠬᠡᠪᠡᠴᠦ ︽ᠮᠣᠩᠭᠤᠯ ᠬᠦᠮᠦᠨ ᠤ ᠬᠤᠭᠤᠯᠠᠢ ᠪᠠᠷ ᠲᠠᠭᠤᠤ ᠪᠦᠭᠦᠨ ᠡᠭᠡᠰᠢᠭᠯᠡᠭᠳᠡᠵᠦ᠂ ᠮᠤᠩᠭᠤᠯ ᠲᠠᠭᠤᠤ ᠶᠢᠨ ᠠᠶᠠᠨ ᠤ ᠢᠷᠡᠭᠡᠳᠦᠢ ᠬᠢᠵᠠᠭᠠᠷ ᠦᠭᠡᠢ ᠰᠠᠷᠠᠭᠤᠯ ᠪᠠᠶᠢᠬᠤ ᠶᠣᠰᠣᠳᠠᠢ ᠬᠡᠵᠦ ᠪᠢ ᠡᠨᠡᠭᠦ  ᠰᠤᠶᠤᠯ  ᠤᠷᠠᠯᠢᠭ ᠢᠶᠠᠨ  ᠲᠡᠯᠡᠭᠡᠢ  ᠲᠦᠮᠡᠨ ᠳᠤ ᠮᠡᠳᠡᠷᠡᠭᠦᠯᠵᠦ᠂ ᠰᠤᠨᠤᠰᠬᠠᠵᠦ ᠶᠠᠪᠤᠭ᠎ᠠ ᠪᠢᠯᠡ᠃ ᠮᠤᠩᠭᠤᠯ ᠬᠦᠮᠦᠨ  ᠡᠨᠡᠭᠦ  ᠰᠠᠶᠢᠬᠠᠨ  ᠰᠤᠶᠤᠯ  ᠤᠷᠠᠯᠢᠭ ᠤᠨ ᠢᠶᠠᠨ  ᠦᠨ᠎ᠡ ᠴᠠᠨ᠎ᠠ ᠶᠢ ᠮᠡᠳᠡᠷᠡᠵᠦ᠂ ᠨᠡᠩ ᠴᠢᠨᠠᠭᠰᠢᠯᠠᠨ ᠬᠦᠭᠵᠢᠭᠦᠯᠦᠭᠡᠰᠠᠢ︾ ᠬᠡᠵᠦ  ᠬᠡᠯᠡᠭᠦ ᠪᠠᠷ  ᠡᠴᠢᠨᠡᠨ  ᠵᠢᠯ  ᠲᠠᠭᠤᠯᠠᠨ᠎ᠠ  ᠬᠡᠵᠦ  ᠯᠡ ᠵᠢᠳᠭᠦᠵᠦ ᠢᠷᠡᠭᠰᠡᠨ ᠤᠶᠤᠨ ᠰᠡᠳᠬᠢᠯ ᠮᠢᠨᠢ ᠬᠠᠶᠢᠯᠤᠨ ᠲᠤᠭᠳᠣᠯᠵᠦ᠂  ᠭᠠᠰᠢᠭᠤᠨ  ᠨᠢᠯᠪᠣᠰᠦ  ᠦᠪᠡᠷ ᠤᠨ  ᠡᠷᠬᠡ  ᠦᠭᠡᠢ ᠪᠦᠮᠪᠦᠷᠢᠭᠰᠡᠨ ᠳ᠋ᠧ᠁                 2007 ᠤᠨ ᠳᠤ  ᠪᠢ  ᠭᠧᠷᠮᠡᠨ ᠳᠤ  ᠪᠠᠶᠢᠭ᠎ᠠ  ᠰᠠᠶᠢᠨ  ᠨᠠᠶᠢᠵᠠ  ᠺᠢᠨᠣ᠋  ᠤᠳᠤᠷᠢᠳᠤᠭᠠᠴᠢ  ᠪᠢᠮᠪᠠᠰᠦ᠋ᠷᠦᠩ ᠤᠨ ᠲᠠᠸᠠ ᠲᠠᠢ ᠬᠠᠮᠳᠤᠷᠠᠵᠦ ︽ᠡᠵᠡᠨ ᠪᠤᠭᠳᠠ ᠶᠢᠨ ᠬᠤᠶᠠᠷ ᠵᠠᠭᠠᠯ︾ ᠨᠡᠷᠡᠳᠠᠢ ᠤᠷᠠᠨ ᠰᠠᠶᠢᠬᠠᠨ ᠤ ᠺᠢᠨᠣ᠋ ᠬᠢᠵᠠᠢ᠃  ᠺᠢᠨᠣ᠋ ᠳᠤ  ᠪᠢ ᠬᠠᠷᠢ ᠭᠠᠵᠠᠷ ᠠᠴᠠ ᠮᠤᠩᠭᠤᠯ ᠨᠤᠳᠤᠭ ᠲᠠᠭᠠᠨ ᠪᠣᠴᠠᠨ ᠢᠷᠡᠵᠦ᠂ ᠲᠠᠭᠤᠯᠠᠭᠳᠠᠭ᠎ᠠ  ᠦᠭᠡᠢ  ᠣᠳᠠᠭᠰᠠᠨ  ᠡᠷᠳᠡ  ᠦᠶ᠎ᠡ ᠶᠢᠨ ᠲᠠᠭᠤᠤ ︽ᠡᠵᠡᠨ ᠪᠤᠭᠳᠠ ᠶᠢᠨ ᠬᠤᠶᠠᠷ ᠵᠠᠭᠠᠯ︾᠎ ᠢ  ᠡᠷᠢᠵᠦ᠂  ᠡᠴᠦᠰ ᠲᠡᠭᠡᠨ  ᠨᠢᠭᠡᠨ  ᠠᠭᠰᠢᠷᠠᠭ᠎ᠠ  ᠪᠤᠭᠤᠷᠤᠯ  ᠡᠮᠡᠭᠡ ᠲᠠᠢ ᠵᠤᠯᠭᠠᠵᠦ ᠲᠠᠭᠤᠤ ᠪᠠᠨ ᠪᠦᠳᠦᠨ ᠪᠤᠯᠭᠠᠭᠰᠠᠨ ᠦᠯᠢᠭᠡᠷ ᠢ ᠦᠬᠦᠯᠡᠭᠰᠡᠨ ᠶᠤᠮ᠃                 ᠡᠷᠢᠯ — ᠲᠡᠶᠢᠮᠦ ᠡ᠂ ᠮᠤᠩᠭᠤᠯᠴᠣᠳ ᠪᠢᠳᠡ ᠠᠯᠳᠠᠵᠦ ᠪᠠᠶᠢᠭ᠎ᠠ ᠪᠦᠭᠦᠨ ᠢ ᠪᠠᠨ ᠡᠷᠢᠭᠦ ᠴᠢᠬᠤᠯᠡᠳᠠᠢ᠂ ᠦᠯᠡᠳᠡᠵᠦ ᠬᠤᠴᠤᠷᠤᠭᠰᠠᠨ ᠪᠦᠬᠦᠨ ᠢ ᠪᠠᠨ ᠨᠠᠨᠳᠢᠩᠨᠠᠨ ᠬᠠᠶᠢᠷᠠᠯᠠᠵᠦ᠂ ᠦᠪᠯᠡᠬᠦ ᠶᠤᠰᠣᠳᠠᠢ᠃ ᠬᠦᠬᠡ ᠲᠡᠭᠷᠢ᠂ ᠭᠠᠵᠠᠷ ᠰᠢᠷᠤᠢ᠂ ᠦᠨᠦᠴᠢᠨ ᠪᠤᠳᠣᠭᠤ᠂ ᠣᠷᠳᠦ ᠶᠢᠨ ᠲᠠᠭᠤᠤ᠂ ᠮᠤᠷᠢᠨ ᠬᠤᠭᠤᠷ᠂ ᠰᠢᠯᠢ ᠶᠢᠨ ᠰᠠᠶᠢᠨ ᠡᠷ᠎ᠡ᠂ ᠬᠦᠳᠡᠭᠡ ᠶᠢᠨ ᠪᠤᠷᠤᠬᠠᠨ ᠪᠦᠰᠡᠭᠦᠢ᠁ ᠡᠨᠡ ᠪᠦᠭᠦᠨ ᠬᠠᠮᠢᠭ᠎ᠠ ᠪᠠᠶᠢᠬᠤ ᠪᠣᠢ︖ ᠰᠡᠳᠬᠢᠯ ᠤᠨ ᠠᠯᠳᠠᠨ ᠶᠠᠳᠤᠭ᠎ᠠ ᠮᠢᠨᠢ ᠴᠢ ᠬᠠᠮᠢᠭ᠎ᠠ ᠪᠠᠶᠢᠬᠤ ᠪᠤᠯ︖                 ᠨᠡᠶᠢᠭᠡᠮ ᠤᠨ ᠤᠷᠤᠰᠬᠠᠯ᠂ ᠲᠠᠶᠠᠭᠠᠷᠴᠢᠯᠡᠯ ᠤᠨ  ᠨᠦᠯᠦᠭᠡ᠂  ᠬᠦᠮᠦᠨ ᠤ  ᠰᠡᠳᠬᠢᠯ ᠤᠨ  ᠬᠠᠷᠠᠩᠭᠤᠢ᠁  ᠡᠳᠡᠭᠡᠷ ᠪᠦᠭᠦᠨ ᠴᠢᠨᠢ ᠲᠡᠷᠡ ᠠᠷᠵᠠᠭᠠᠷ ᠬᠠᠷ᠎ᠠ ᠮᠠᠩᠭᠤᠰ  ᠪᠠᠶᠢᠵᠦ  ᠳ᠋ᠠ᠃  ᠪᠢ  ᠪᠣᠳᠢ  ᠰᠡᠳᠬᠢᠯ ᠢᠶᠠᠷ  ᠲᠠᠭᠤᠤ ᠪᠠᠨ  ᠲᠠᠭᠤᠯᠠᠵᠦ᠂ ᠶᠠᠳᠤᠭ᠎ᠠ ᠪᠠᠨ ᠴᠢᠪᠬᠠᠳᠠᠨ᠂  ᠮᠠᠩᠭᠤᠰ ᠤᠳ ᠲᠠᠢ  ᠲᠠᠮᠡᠴᠡᠵᠦ᠂  ᠦᠪᠡᠷ ᠢ ᠪᠠᠨ  ᠬᠠᠮᠠᠭᠠᠯᠠᠨ᠎ᠠ᠃  ᠦᠨᠡᠭᠡᠷ  ᠲᠡᠷᠡ  ᠠᠯᠳᠠᠨ ᠶᠠᠳᠤᠭ᠎ᠠ ︽ᠰᠡᠷ ᠰᠡᠷ ᠰᠠᠯᠬᠢ ᠲᠠᠢ / ᠪᠣᠷ ᠪᠣᠷ ᠪᠤᠷᠤᠭ᠎ᠠ ᠲᠠᠢ /  ᠲᠠᠭᠠᠷᠠᠬᠤ  ᠬᠦᠢᠳᠡᠨ  ᠦᠭᠡᠢ  /  ᠬᠠᠯᠠᠭᠠᠬᠤ  ᠬᠠᠯᠠᠭᠤᠨ ᠦᠭᠡᠢ︾ ᠪᠤᠮᠪᠠ ᠶᠢᠨ ᠤᠷᠤᠨ ᠳᠤ ᠬᠠᠩᠬᠢᠨᠡᠨ ᠴᠤᠤᠷᠢᠶᠠᠳᠤᠬᠤ ᠶᠢᠨ ᠬᠢᠷᠢ ᠵᠡᠭᠦᠳᠦᠨ ᠳᠤ ᠮᠢᠨᠢ ᠤᠷᠭᠤᠨ ᠢᠷᠡᠬᠦ ᠣᠴᠢᠷᠳᠠᠢ᠃                 ᠪᠢ ᠰᠡᠳᠬᠢᠯ ᠢᠶᠠᠷ ᠢᠶᠠᠨ ᠲᠠᠭᠤᠯᠠᠵᠦ ᠪᠠᠶᠢᠨ᠎ᠠ                 ᠠᠯᠳᠠᠨ ᠶᠠᠳᠤᠭ᠎ᠠ ᠶᠢᠨ ᠲᠠᠭᠤᠨ ᠰᠠᠯᠬᠢ ᠮᠠᠨᠠᠨ ᠢ ᠵᠦᠰᠦᠨ                 ᠰᠡᠳᠬᠢᠯ ᠳᠤ ᠮᠦᠩᠭᠡ ᠬᠤᠴᠤᠷᠤᠨ᠎ᠠ᠁                                                                            ᠰᠤᠪᠤᠳ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号