ᠮᠠᠯᠴᠢᠨ ᠰᠠᠶᠢᠨ᠎ᠠ ᠶᠢᠨ ᠤᠷᠤᠯᠭ᠎ᠠ ᠪᠠᠨ ᠨᠡᠮᠡᠭᠳᠡᠬᠦᠯᠬᠦ ᠤᠬᠠᠭ᠎ᠠ ᠪᠤᠳᠤᠯ
ᠨᠡᠶᠢᠲᠡᠯᠡᠭᠰᠡᠨ ᠴᠠᠭ᠄
2017/4/25
              ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠤᠯᠠᠭᠠᠨᠴᠠᠪ ᠰᠤᠮᠤᠨ ᠤ ᠬᠤᠶᠠᠷᠬᠤᠳᠳᠤᠭ ᠭᠠᠴᠠᠭᠠᠨ ᠤ  ᠮᠠᠯᠴᠢᠨ ᠰᠠᠶᠢᠨ᠎ᠠ ᠮᠠᠯ ᠰᠦᠷᠥᠭ ᠤᠨ ᠪᠦᠳᠥᠴᠡ ᠪᠠᠨ ᠰᠢᠯᠢᠳᠡᠭᠵᠢᠬᠦᠯᠵᠦ᠂ ᠡᠬᠦᠯᠳᠡᠷ ᠢ ᠰᠠᠶᠢᠵᠢᠷᠠᠭᠤᠯᠤᠭᠠᠳ  ᠤᠷᠤᠯᠭ᠎ᠠ ᠪᠠᠨ ᠲᠠᠬᠢᠨ ᠢᠶᠠᠷ ᠨᠡᠮᠡᠭᠳᠡᠬᠦᠯᠦᠭᠰᠡᠨ ᠤᠬᠠᠭ᠎ᠠ ᠪᠤᠳᠤᠯ ᠨᠢ ᠮᠠᠯᠴᠢᠳ ᠲᠠᠭᠠᠨ ᠲᠠᠭᠤᠷᠢᠶᠠᠯ ᠪᠤᠯᠵᠦ᠂  ᠨᠤᠳᠤᠭ ᠤᠰᠤᠨ ᠳᠠᠭᠠᠨ ᠤᠬᠠᠭᠠᠨᠳᠤ ᠮᠠᠯᠴᠢᠨ ᠤ ᠠᠯᠳᠠᠷ ᠲᠠᠭᠤᠷᠢᠰᠤᠭᠤᠯᠤᠨ᠎ᠠ᠃                   ᠰᠠᠶᠢᠨ᠎ᠠ ᠪᠦᠳᠥᠬᠡᠨ ᠪᠠᠶᠢᠭᠤᠯᠵᠦ ᠮᠠᠯ ᠮᠠᠯᠵᠢᠬᠤ᠂ ᠮᠠᠯ ᠰᠦᠷᠥᠭ ᠤᠨ ᠪᠦᠳᠥᠴᠡ ᠶᠢ ᠲᠤᠬᠢᠷᠠᠭᠤᠯᠵᠦ  ᠰᠢᠯᠢᠳᠡᠭᠵᠢᠬᠦᠯᠬᠦ ᠲᠡᠬᠡᠷ᠎ᠡ ᠦᠵᠡᠯᠳᠡ ᠲᠠᠨᠢᠯᠳᠠ ᠲᠤᠳᠤᠷᠬᠠᠢ᠂ ᠤᠬᠠᠭ᠎ᠠ ᠪᠤᠳᠤᠯ ᠰᠡᠷᠬᠡᠭ ᠪᠠᠶᠢᠳᠠᠭ ᠠᠴᠠ 2009  ᠤᠨ ᠠᠴᠠ ᠡᠬᠢᠯᠡᠨ ᠴᠥᠬᠡᠨ ᠮᠠᠯ ᠮᠠᠯᠵᠢᠵᠦ ᠥᠨᠳᠥᠷ ᠦᠷ᠎ᠡ ᠠᠰᠢᠭ ᠡᠬᠦᠳᠬᠦ ᠵᠤᠷᠢᠯᠭ᠎ᠠ ᠪᠠᠷ 200 ᠭᠠᠷᠤᠢ ᠪᠤᠭ  ᠮᠠᠯ ᠢᠶᠠᠨ ᠪᠦᠬᠦᠨ ᠢ ᠬᠤᠳᠠᠯᠳᠤᠵᠦ᠂ ᠦᠬᠡᠷ ᠮᠠᠯᠵᠢᠵᠦ ᠡᠬᠢᠯᠡᠪᠡ᠃ ᠦᠬᠡᠷ ᠮᠠᠯᠵᠢᠬᠤ ᠨᠢ ᠪᠡᠯᠴᠢᠬᠡᠷᠯᠡᠬᠦᠯᠬᠦ  ᠬᠤᠭᠤᠴᠠᠭ᠎ᠠ ᠤᠬᠤᠷ ᠪᠠᠶᠢᠵᠦ᠂ ᠪᠡᠯᠴᠢᠬᠡᠷ ᠰᠠᠶᠢᠨ ᠪᠣᠯ ᠲᠡᠮᠡᠢ ᠪᠤᠷᠳᠤᠭ᠎ᠠ ᠨᠦᠬᠦᠪᠤᠷᠢᠯᠡᠬᠦ ᠴᠢᠬᠤᠯᠠ ᠦᠬᠡᠢ  ᠪᠠᠶᠢᠳᠠᠭ᠃ ᠪᠠᠰᠠ ᠤᠰᠤᠨ ᠤ ᠠᠰᠠᠭᠤᠳᠠᠯ ᠢ ᠰᠠᠶᠢᠳᠤᠷ ᠰᠢᠢᠳᠪᠤᠷᠢᠯᠡᠬᠡᠳ ᠲᠤᠯᠠᠭᠠᠨ ᠬᠡᠪᠳᠡᠷᠢ ᠲᠠᠢ ᠪᠣᠯ  ᠪᠤᠯᠴᠢᠬᠠᠨ᠎ᠠ᠂ ᠡᠬᠦᠨ ᠤ ᠵᠡᠷᠭᠡᠪᠡᠷ ᠬᠦᠳᠡᠯᠮᠥᠷᠢ ᠬᠦᠴᠥᠨ ᠳᠤ ᠠᠷᠪᠢᠳᠠᠢ ᠵᠡᠷᠬᠡ ᠤᠯᠠᠨ ᠲᠠᠪᠠᠭᠤᠯᠢᠭ ᠲᠡᠯ᠎ᠡ ᠲᠠᠢ  ᠪᠤᠯᠬᠤᠷ ᠳᠡᠳᠡᠨ ᠤ ᠬᠢ ᠨᠤᠳᠤᠭ ᠪᠡᠯᠴᠢᠬᠡᠷ ᠤᠨ ᠢᠶᠠᠨ ᠬᠡᠮᠵᠢᠶ᠎ᠡ ᠶᠢ ᠦᠨᠳᠥᠰᠥᠯᠡᠨ ᠡᠪᠥᠯᠵᠢᠬᠦᠯᠬᠦ ᠦᠬᠡᠷ ᠢᠶᠠᠨ  ᠲᠦᠴᠢᠬᠡᠳ ᠢᠶᠠᠷ ᠯᠠ ᠲᠤᠭᠳᠠᠪᠤᠷᠢᠵᠢᠭᠤᠯᠳᠠᠭ᠃ ᠨᠢᠳᠤᠨᠤᠨ ᠲᠡᠳᠡᠨᠡᠶᠢᠬᠢ 30 ᠲᠤᠭᠤᠯ ᠬᠤᠳᠠᠯᠳᠤᠭᠠᠳ 20  ᠲᠦᠮᠡᠨ ᠲᠦᠭᠦᠷᠢᠭ ᠤᠨ ᠤᠷᠤᠯᠭ᠎ᠠ ᠤᠯᠵᠠᠢ᠃ ᠪᠤᠰᠤᠳ ᠠᠶᠢᠯ ᠤᠨ ᠨᠤᠳᠤᠭ ᠤᠨ ᠡᠬᠦᠯᠳᠡᠷ ᠤᠨ ᠲᠤᠭᠤᠯ ᠨᠢ  ᠲᠦᠡᠭᠬᠡᠵᠢ 1000 ᠭᠠᠷᠤᠢ ᠲᠦᠬᠦᠷᠢᠭ ᠬᠦᠷᠴᠦ ᠪᠠᠶᠢᠬᠤ ᠳᠤ ᠳᠡᠳᠡᠨ ᠤ ᠰᠢᠮᠧᠨ᠋ᠲ᠋ᠠᠷ ᠲᠤᠭᠤᠯ ᠨᠢ ᠲᠤᠮᠳᠠᠴᠢ ᠪᠠᠷ  5000 ᠲᠦᠬᠦᠷᠢᠭ ᠢ ᠲᠠᠪᠠᠵᠦ ᠰᠠᠶᠢᠨ᠎ᠠ ᠶᠢᠨ ᠵᠤᠷᠢᠭ ᠢ ᠤᠯᠠᠮ ᠬᠦᠪᠴᠢᠯᠡᠪᠡ᠃                   ᠤᠳᠤ ᠰᠠᠶᠢᠨ᠎ᠠ ᠶᠢᠨ ᠬᠢ 60 ᠭᠠᠷᠤᠢ ᠰᠢᠮᠧᠨ᠋ᠲ᠋ᠠᠷ ᠦᠬᠡᠷ ᠲᠠᠢ ᠪᠤᠯᠵᠦ᠂ ᠦᠬᠡᠷ ᠤᠨ ᠡᠬᠦᠯᠳᠡᠷ  ᠰᠠᠶᠢᠵᠢᠷᠠᠭᠤᠯᠤᠯᠳᠠ ᠶᠢᠨ ᠨᠤᠷᠮ᠎ᠠ 99% ᠳᠤ ᠬᠦᠷᠴᠦ᠂ ᠲᠤᠰ ᠵᠢᠯ ᠳᠡᠭᠡᠨ ᠲᠦᠯ ᠢᠶᠠᠨ ᠪᠤᠷᠤᠯᠠᠭᠤᠯᠵᠦ ᠮᠠᠯ ᠤᠨ  ᠡᠷᠬᠢᠯᠳᠡ ᠶᠢ ᠲᠦᠷᠬᠡᠳᠬᠡᠭᠰᠡᠨ ᠢᠶᠠᠷ ᠪᠠᠷᠠᠬᠤ ᠦᠬᠡᠢ ᠤᠷᠤᠯᠭ᠎ᠠ ᠪᠠᠨ ᠴᠦ ᠲᠡᠬᠢᠨ ᠢᠯᠡᠬᠦᠦ ᠪᠠᠷ ᠨᠡᠮᠡᠭᠳᠡᠬᠦᠯᠵᠦ᠂  ᠵᠢᠯ ᠤᠨ ᠤᠷᠤᠯᠭ᠎ᠠ 20 ᠲᠦᠮᠡᠨ ᠲᠦᠬᠦᠷᠢᠭ ᠢ ᠲᠠᠪᠠᠵᠠᠢ᠃ ᠮᠠᠯᠴᠢᠨ ᠰᠠᠶᠢᠨ᠎ᠠ ᠶᠢᠨ ᠮᠠᠯ ᠢᠶᠠᠨ ᠴᠦᠬᠡᠳᠬᠡᠨ  ᠪᠡᠯᠴᠢᠬᠡᠷ ᠤᠨ ᠲᠠᠷᠤᠭᠠᠰᠦ ᠶᠢ ᠬᠦᠡᠭᠬᠡᠯᠡᠵᠦ᠂ ᠠᠵᠦ ᠠᠬᠤᠢ ᠶᠢᠨ ᠦᠷ᠎ᠡ ᠠᠰᠢᠭ ᠢᠶᠠᠨ ᠲᠡᠬᠡᠭᠰᠢᠯᠡᠬᠦᠯᠥᠭᠰᠡᠨ  ᠶᠠᠪᠤᠳᠠᠯ ᠨᠢ ᠨᠤᠳᠤᠭ ᠪᠡᠯᠴᠢᠬᠡᠷ ᠢᠶᠠᠨ ᠬᠠᠮᠠᠭᠠᠯᠠᠵᠦ ᠠᠮᠢ ᠠᠬᠤᠢ ᠪᠠᠨ ᠰᠠᠶᠢᠵᠢᠷᠠᠭᠤᠯᠬᠤ ᠳᠤ ᠠᠰᠢᠭᠳᠠᠢ ᠦᠢᠯᠡᠳᠥᠯ  ᠦᠵᠡᠬᠦᠯᠵᠦ ᠪᠠᠶᠢᠨ᠎ᠠ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号