ᠭᠦᠮᠤᠰ ᠤᠯᠠᠩᠬᠢ ᠳᠠᠭᠠᠨ ᠰᠠᠳᠬᠢᠯ ᠰᠠᠨᠠᠭ᠎ᠠ ᠳᠠᠪᠠ ᠦᠭᠡᠢ᠂ ᠠᠭᠤᠷᠯᠠᠵᠤ ᠪᠤᠬᠢᠨᠢᠳᠤᠭᠰᠠᠨ᠂ | ᠭᠤᠮᠤᠳᠠᠵᠤ ᠭᠠᠴᠢᠭᠳᠠᠭᠰᠠᠨ ᠦᠶ᠎ᠡ ᠳᠡᠭᠡᠨ ᠤᠬᠢᠯᠠᠳᠠᠭ ᠪᠤᠯᠬᠤᠷ ᠨᠢᠯᠪᠤᠰᠤ ᠶᠢ ᠭᠤᠤᠯᠳᠠᠭᠤ ᠪᠡᠷᠭᠡᠰᠢᠶᠠᠯ | ᠵᠤᠪᠠᠯᠠᠩ ᠲᠠᠢ ᠬᠤᠯᠪᠤᠨ ᠳᠦᠰᠦᠭᠡᠯᠡᠵᠤ᠂ ᠬᠠᠷᠢᠨ ᠢᠨᠢᠶᠠᠮᠰᠦᠭᠯᠡᠯ ᠢᠨᠢᠶᠠᠳᠤ ᠶᠢ ᠪᠠᠶᠠᠷ ᠪᠠᠶᠠᠰᠬᠤᠯᠠᠩ ᠲᠠᠢ | ᠬᠤᠯᠪᠤᠳᠠᠭ᠃ ᠶᠠᠷᠤᠨᠢ ᠤᠷᠮ᠎ᠡ ᠦᠭᠡᠢ ᠨᠢᠭᠡᠨ ᠢᠶᠠᠨ ︽ᠪᠠᠶᠠᠷ ᠲᠠᠢ ᠤᠴᠢᠷ ᠢᠶᠠᠨ ᠢᠯᠡᠭᠦᠭᠡᠨ ᠪᠤᠳᠤ︾᠂ ︽ᠭᠤᠨᠢᠭ | ᠵᠤᠪᠠᠯᠠᠩ ᠢᠶᠠᠨ ᠮᠠᠷᠳᠡ᠂ ᠢᠨᠢᠶᠠᠮᠰᠦᠭᠯᠡᠵᠤ ᠶᠠᠪᠤ︾ ᠭᠡᠮᠡᠨ ᠳᠠᠶᠢᠳᠬᠤᠷᠠᠭᠤᠯᠳᠠᠭ ᠠᠴᠠ ᠪᠢᠰᠢ ︽ᠤᠬᠢᠯᠠ᠂ ᠰᠠᠶᠢᠨ | ᠤᠬᠢᠯᠠᠭᠠᠷᠡᠢ︾ ᠭᠡᠳᠡᠭ ᠨᠢ ᠬᠤᠪᠤᠷ ᠪᠢᠵᠡ᠃ | ᠢᠨᠢᠶᠠᠮᠰᠦᠭᠯᠡᠯ ᠨᠢ ᠦᠪᠠᠷᠳᠡᠭᠡᠨ ᠢᠳᠡᠭᠡᠯ ᠲᠠᠢ᠂ ᠡᠷᠡᠭᠦᠯ ᠰᠠᠷᠠᠭᠤᠯ ᠪᠠᠶᠢᠬᠤ ᠶᠢ ᠢᠯᠡᠳᠭᠡᠳᠡᠭ᠃ | ᠳᠡᠷᠡᠴᠢᠯᠡᠨ ᠢᠨᠢᠶᠠᠮᠰᠦᠭᠯᠡᠭᠦ ᠳᠤ ᠡᠷᠬᠢᠭᠦ ᠬᠤᠯᠪᠤᠭᠠᠰᠤ ᠪᠠᠷ ᠳᠠᠷᠢᠬᠢᠨ ᠳᠤ ᠡᠶᠠᠷᠭᠦ ᠳᠤᠬᠢᠶᠡ ᠤᠴᠢᠵᠤ᠂ ᠴᠢᠨᠠᠭᠰᠢᠳᠠ | ᠪᠦᠭᠦ ᠪᠠᠶ᠎ᠡ ᠮᠠᠬᠠᠪᠤᠳ ᠨᠢ ︽ᠪᠤᠯᠵᠤ ᠪᠠᠶᠢᠨ᠎ᠡ︾ ᠭᠡᠰᠡᠨ ᠳᠤᠬᠢᠶᠡ ᠭᠦᠯᠢᠶᠠᠨ ᠠᠪᠤᠭᠰᠠᠨ ᠢᠶᠠᠷ ᠳᠠᠶᠢᠪᠤᠰᠢᠷᠡᠵᠤ᠂ | ᠴᠡᠪᠡᠷᠰᠢᠳᠡᠭ ᠭᠡᠨ᠎ᠡ᠃ ᠳᠠᠶᠢᠮᠤ ᠠᠴᠠ ᠤᠷᠮ᠎ᠡ ᠦᠭᠡᠢ ᠦᠶ᠎ᠡ ᠳᠡᠭᠡᠨ ᠢᠨᠢᠶᠠᠮᠰᠦᠭᠯᠡᠭᠦ ᠨᠢ ᠪᠠᠰᠠ ᠵᠤᠬᠢᠬᠤ | ᠭᠡᠮᠵᠢᠶᠠᠨ ᠳᠤ ᠳᠠᠶᠢᠳᠬᠤᠷᠠᠯ ᠤᠯᠳᠠᠭ᠃ ᠠᠳᠠᠯᠢ ᠪᠠᠷ ᠨᠢᠯᠪᠤᠰᠤ ᠴᠤ ᠭᠡᠰᠡᠨ ᠳᠠᠭ᠎ᠠ ᠦᠭᠡᠢ ᠵᠦᠢᠯᠡᠰ ᠢ | ᠠᠷᠢᠯᠭᠠᠨ ᠴᠠᠪᠠᠷᠯᠠᠵᠤ ᠴᠢᠳᠠᠳᠠᠭ ᠭᠡᠳᠡᠭ ᠢ ᠭᠦᠮᠤᠰ ᠳᠠᠳᠦ᠋ᠢᠯᠠ ᠮᠡᠳᠡᠳᠡᠭ ᠦᠭᠡᠢ᠃ ᠠᠮᠧᠷᠢᠺᠡ ᠶᠢᠨ | ᠰᠤᠳᠤᠯᠭᠠᠳᠠᠳ ᠨᠢᠯᠪᠤᠰᠤᠨ ᠤ ᠮᠤᠯᠧᠺᠦ᠋ᠯ ᠤᠨ ᠪᠦᠳᠤᠴᠠ ᠶᠢ ᠰᠤᠳᠤᠯᠵᠤ᠂ ᠭᠦᠮᠤᠨ ᠤ ᠪᠠᠶ᠎ᠡ ᠳᠤ ᠮᠠᠰᠢ | ᠭᠡᠷᠡᠭ ᠲᠠᠢ ᠬᠢᠮᠢ ᠶᠢᠨ ᠪᠤᠳᠠᠰ ᠤᠳ ᠠᠭᠤᠯᠤᠭᠳᠠᠵᠤ ᠪᠠᠶᠢᠬᠤ ᠶᠢ ᠮᠡᠳᠡᠵᠡᠢ᠃ ᠡᠭᠦᠨ ᠳᠤ᠂ ᠡᠪᠡᠳᠭᠦ ᠶᠢ ᠨᠠᠮᠳᠠᠭᠠᠬᠤ | ᠪᠤᠶᠤ ᠳᠠᠶᠢᠪᠤᠰᠢᠷᠠᠭᠤᠯᠬᠤ᠂ ᠪᠠᠺᠲᠧᠷᠢ ᠪᠠ ᠬᠤᠤᠷᠳᠤ ᠪᠤᠳᠠᠰ ᠢ ᠭᠠᠳᠠᠭᠰᠢᠯᠠᠭᠤᠯᠬᠤ᠂ ᠪᠠᠶ᠎ᠡ ᠮᠠᠬᠠᠪᠤᠳ ᠲᠤ ᠡᠶᠠᠷᠭᠦ | ᠨᠦᠯᠦᠭᠡ ᠦᠵᠡᠭᠦᠯᠭᠦ ᠡᠯᠧᠮᠧᠨ᠋ᠲ ᠨᠦᠭᠦᠳ ᠠᠭᠤᠯᠤᠭᠳᠠᠬᠤ ᠠᠴᠠ ᠭᠠᠳᠠᠨ᠎ᠡ ᠬᠠᠷᠠᠭᠤᠰᠤᠯ᠂ ᠭᠤᠮᠤᠳᠠᠬᠤ | ᠮᠡᠳᠡᠷᠡᠮᠵᠢ ᠳᠦᠷᠦᠭᠦᠯᠳᠡᠭ ᠪᠤᠳᠠᠰ ᠤᠳ ᠢ ᠨᠢᠯᠪᠤᠰᠤ ᠲᠠᠢ ᠬᠠᠮᠳᠤ ᠭᠦᠮᠤᠨ ᠤ ᠪᠠᠶ᠎ᠡ ᠠᠴᠠ | ᠭᠠᠳᠠᠭᠰᠢᠯᠠᠭᠤᠯᠳᠠᠭ ᠪᠠᠶᠢᠨ᠎ᠡ᠃ ᠦᠭᠡᠷ᠎ᠡ ᠪᠠᠷ ᠭᠡᠯᠡᠪᠠᠯ᠂ ᠨᠢᠯᠪᠤᠰᠤ ᠭᠦᠮᠤᠨ ᠤ ᠰᠠᠳᠬᠢᠯ ᠰᠠᠨᠠᠭ᠎ᠠ ᠶᠢ ᠴᠠᠪᠠᠷᠯᠠᠨ | ᠠᠷᠢᠭᠤᠳᠬᠠᠵᠤ ᠪᠦᠭᠦ ᠡᠪᠡᠳᠦᠯᠳᠠ᠂ ᠵᠤᠪᠠᠯᠠᠩ ᠳᠦᠭᠰᠢᠭᠦᠷᠢ ᠶᠢ ᠭᠠᠳᠠᠭᠰᠢᠯᠠᠭᠤᠯᠤᠭᠰᠠᠨ ᠢᠶᠠᠷ ᠭᠦᠮᠤᠨ ᠢ ᠢᠯᠡᠭᠦᠦ | ᠦᠵᠡᠰᠭᠦᠯᠡᠩ ᠲᠠᠢ ᠪᠦᠭᠡᠳ ᠦᠭᠡᠳᠡᠷᠭᠡᠭ ᠪᠤᠯᠭᠠᠳᠠᠭ᠃ | ᠳᠡᠯᠡᠭᠡᠢ ᠨᠡᠶᠢᠳᠠ ᠪᠠᠷ ᠬᠢᠭᠰᠡᠨ ᠰᠤᠳᠤᠯᠭᠠᠨ ᠠᠴᠠ ᠦᠵᠡᠪᠠᠯ ᠡᠮᠡᠭᠳᠡᠶᠢᠴᠤᠳ ᠡᠷᠡᠴᠤᠳ ᠠᠴᠠ | ᠳᠠᠪᠤ ᠳᠠᠬᠢᠨ ᠢᠯᠡᠭᠦᠦ ᠤᠬᠢᠯᠠᠳᠠᠭ ᠪᠦᠭᠡᠳ ᠳᠤᠮᠳᠠᠴᠢ ᠪᠠᠷ 7 ᠨᠡᠰᠤ ᠤᠷᠳᠤ ᠨᠡᠰᠤᠯᠠᠳᠠᠭ ᠭᠡᠵᠤ ᠪᠤᠢ᠃ | ᠡᠮᠡᠭᠳᠡᠶᠢᠴᠤᠳ ᠢᠯᠡᠭᠦᠦ ᠤᠷᠳᠤ ᠨᠡᠰᠤᠯᠠᠵᠤ ᠪᠠᠶᠢᠬᠤ ᠨᠢ ᠮᠡᠳᠡᠭᠡᠵᠢ ᠮᠠᠰᠢ ᠤᠯᠠᠨ ᠵᠦᠢᠯ ᠨᠦᠯᠦᠭᠡᠯᠡᠳᠡᠭ ᠴᠤ | ᠨᠢᠯᠪᠤᠰᠤ ᠪᠠᠷ ᠢᠶᠠᠨ ᠰᠠᠳᠬᠢᠯ ᠢᠶᠠᠨ ᠠᠭᠤᠳᠠᠯᠤᠨ᠂ ᠳᠠᠭ᠎ᠠ ᠦᠭᠡᠢ ᠵᠦᠢᠯ ᠠᠴᠠ ᠰᠠᠯᠵᠤ ᠴᠢᠳᠠᠳᠠᠭ ᠳᠠᠪᠠᠭᠤᠯᠢᠭ | ᠳᠠᠯ᠎ᠡ ᠨᠢ ᠵᠤᠬᠢᠬᠤ ᠭᠡᠮᠵᠢᠶ᠎ᠡ ᠪᠠᠷ ᠨᠦᠯᠦᠭᠡᠯᠡᠵᠤ ᠪᠠᠶᠢᠬᠤ ᠨᠢ ᠭᠠᠷᠴᠠᠭ᠎ᠠ ᠦᠭᠡᠢ᠃ ᠳᠡᠭᠡᠭᠦ ᠪᠠᠷ ᠰᠠᠳᠬᠢᠯ | ᠭᠦᠳᠡᠯᠭᠡᠭᠰᠡᠨ ᠨᠤᠮ ᠤᠩᠰᠢᠬᠤ᠂ ᠺᠢᠨᠣ᠋ ᠦᠵᠡᠭᠦ᠂ ᠳᠠᠭᠤᠤ ᠰᠤᠨᠤᠰᠬᠤ ᠳᠠᠭᠠᠨ ᠬᠠᠶᠠ ᠨᠢᠭᠡ ᠴᠤ ᠭᠡᠰᠡᠨ | ᠨᠢᠯᠪᠤᠰᠤ ᠳᠤᠰᠤᠯᠠᠭᠤᠯᠬᠤ ᠳᠤ ᠢᠴᠢᠭᠦ ᠵᠦᠢᠯ ᠤᠭᠳᠤ ᠦᠭᠡᠢ᠂ ᠬᠠᠷᠢᠨ ᠪᠠᠶ᠎ᠡ ᠰᠠᠳᠬᠢᠯ ᠳᠤ ᠴᠢᠨᠢ ᠴᠢᠮᠠᠯᠠᠰᠢ ᠦᠭᠡᠢ | ᠠᠴᠢ ᠳᠤᠰᠠ ᠲᠠᠢ ᠭᠡᠳᠡᠭ ᠢ ᠰᠠᠨᠠᠭᠠᠷᠡᠢ᠃ |