ᠨᠢᠵᠢᠬᠢᠷ ᠶᠠᠪᠤᠬᠳᠠᠬᠰᠠᠨ ᠬᠦᠬᠡᠬᠤᠳᠠ ᠦᠨᠳᠦᠰᠦᠳᠡᠨ ᠤ ᠳᠡᠬᠡᠳᠤ ᠰᠤᠷᠭᠠᠭᠤᠯᠢ ᠶᠢᠨ  ᠨᠠᠭᠠᠳᠤᠮ ᠰᠤᠶᠤᠯ ᠤᠨ ᠨᠠᠶᠢᠷ
ᠨᠡᠶᠢᠲᠡᠯᠡᠭᠰᠡᠨ ᠴᠠᠭ᠄
2017/6/12
            5 ᠰᠠᠷ᠎ᠠ ᠶᠢᠨ 25 ᠤ  ᠡᠳᠦᠷ᠂  ︽ᠡᠬᠡ  ᠪᠠᠶᠢᠭᠠᠯᠢ ᠪᠠᠨ  ᠳᠡᠬᠡᠳᠤᠯᠡᠵᠦ᠂ ᠠᠮᠢ ᠨᠠᠰᠤ ᠪᠠᠨ ᠬᠠᠶᠢᠷᠠᠯᠠᠵᠤ᠂ ᠡᠶ᠎ᠡ ᠵᠤᠬᠢᠴᠠᠩᠭᠤᠢ ᠪᠠᠷ ᠠᠮᠢᠳᠤᠷᠠᠬᠤ︾ ᠭᠤᠤᠯ ᠰᠡᠳᠦᠪᠳᠤ ᠬᠦᠬᠡᠬᠤᠳᠠ ᠦᠨᠳᠦᠰᠦᠳᠡᠨ ᠤ ᠳᠡᠬᠡᠳᠤ ᠰᠤᠷᠭᠠᠭᠤᠯᠢ ᠶᠢᠨ  ᠳᠤᠯᠤᠳᠤᠭᠠᠷ ᠬᠤᠭᠤᠴᠠᠭᠠᠨ ᠤ ᠨᠠᠭᠠᠳᠤᠮ ᠰᠤᠶᠤᠯ ᠤᠨ ᠨᠠᠶᠢᠷ ᠪᠤᠯᠪᠠ᠃ ᠳᠤᠰ ᠬᠤᠭᠤᠴᠠᠭᠠᠨ ᠤ ᠨᠠᠶᠢᠷ ᠲᠤ ᠶᠠᠪᠤᠬᠳᠠᠬᠰᠠᠨ ᠤᠷᠠᠨ ᠰᠠᠶᠢᠬᠠᠨ ᠤ ᠳᠤᠭᠯᠠᠯᠳᠠ᠂ ᠦᠨᠳᠦᠰᠦᠳᠡᠨ ᠤ ᠤᠯᠠᠮᠵᠢᠯᠠᠯᠳᠤ  ᠨᠠᠭᠠᠳᠤᠮ᠂  ᠮᠤᠩᠭᠤᠯ  ᠬᠤᠪᠴᠠᠰᠤ  ᠵᠠᠰᠠᠯ ᠤᠨ  ᠦᠵᠡᠬᠦᠯᠦᠯᠬᠡ᠂  ᠬᠢᠳᠠᠳ ᠵᠢᠷᠤᠭ ᠤᠨ ᠳᠡᠯᠬᠡᠨ ᠦᠵᠡᠬᠦᠯᠦᠯᠬᠡ ᠭᠠᠷᠭᠠᠵᠤ᠂ ᠪᠦᠬᠡ ᠪᠠᠷᠢᠯᠳᠤᠬᠤ᠂ ᠰᠤᠷ ᠬᠠᠷᠪᠤᠬᠤ᠂ ᠪᠢᠯᠠᠭᠤ ᠰᠢᠳᠡᠬᠦ᠂ ᠮᠤᠩᠭᠤᠯ  ᠰᠢᠳᠠᠷ᠎ᠠ᠂ ᠪᠤᠭᠤ ᠶᠢᠨ ᠵᠢᠷᠬᠢᠬᠡ᠂ ᠱᠠᠭ᠎ᠠ᠂ ᠱᠠᠭ᠎ᠠ ᠬᠠᠷᠪᠤᠭ᠎ᠠ᠂ ᠲᠠᠮᠤ ᠶᠢᠨ ᠴᠤᠤᠵᠢ ᠵᠡᠷᠬᠡ ᠦᠨᠳᠦᠰᠦᠳᠡᠨ ᠤ  ᠤᠯᠠᠮᠵᠢᠯᠠᠯᠳᠤ  ᠨᠠᠭᠠᠳᠤᠮ ᠨᠢ ᠬᠦᠮᠦᠰ ᠤᠨ ᠠᠩᠬᠠᠷᠤᠯ ᠢ ᠳᠠᠳᠠᠬᠤ ᠶᠢᠨ ᠵᠡᠷᠬᠡᠪᠡᠷ ᠰᠤᠶᠤᠯ ᠨᠠᠶᠢᠷ ᠤᠨ ᠨᠠᠭᠠᠳᠤᠮ ᠤᠨ ᠠᠭᠤᠯᠭ᠎ᠠ ᠪᠠᠨ ᠨᠡᠩ ᠪᠠᠶᠠᠯᠢᠭ ᠪᠤᠯᠭᠠᠭᠰᠠᠨ ᠪᠠᠶᠢᠨ᠎ᠠ᠃                       ᠡᠬᠢᠯᠡᠯᠳᠡ ᠶᠢᠨ ᠶᠤᠰᠤᠯᠠᠯ ᠳᠠᠭᠠᠨ᠂  ᠭᠠᠯ  ᠪᠠᠮᠪᠠᠷ  ᠳᠠᠮᠵᠢᠭᠤᠯᠬᠤ᠂  ᠭᠠᠯ  ᠳᠠᠬᠢᠬᠤ᠂  ᠦᠨᠳᠦᠰᠦᠳᠡᠨ ᠤ  ᠳᠠᠭᠤᠤ ᠪᠦᠵᠢᠭ ᠤᠨ  ᠳᠤᠭᠯᠠᠯᠳᠠ᠂  ᠭᠠᠷ  ᠤᠷᠠᠯᠠᠯ ᠤᠨ  ᠡᠳ᠋ ᠤᠨ   ᠳᠡᠯᠬᠡᠨ   ᠦᠵᠡᠬᠦᠯᠦᠯᠬᠡ   ᠵᠡᠷᠬᠡ  ᠤᠯᠠᠨ ᠠᠵᠢᠯᠯᠠᠭ᠎ᠠ ᠶᠢ ᠳᠤᠬᠢᠷᠠᠭᠤᠯᠤᠭᠰᠠᠨ ᠨᠢ ᠦᠨᠳᠦᠰᠦᠳᠡᠨ ᠤ ᠤᠨᠴᠠᠯᠢᠭ ᠢᠶᠠᠷ ᠤᠯᠠᠮ  ᠳᠤᠪᠤᠶᠢᠮ᠎ᠠ  ᠪᠤᠯᠵᠠᠢ᠃  ᠳᠤᠰ  ᠤᠳᠠᠭ᠎ᠠ ᠶᠢᠨ  ᠨᠠᠭᠠᠳᠤᠮ ᠰᠤᠶᠤᠯ ᠨᠢ ᠬᠦᠬᠡᠬᠤᠳᠠ ᠤᠷᠤᠨ ᠤ ᠶᠡᠭᠡ ᠳᠡᠬᠡᠳᠤ ᠰᠤᠷᠭᠠᠭᠤᠯᠢ ᠶᠢᠨ ᠳᠤᠳᠤᠷ᠎ᠠ ᠪᠠᠨ ᠬᠡᠪᠴᠢᠶ᠎ᠡ ᠪᠠᠷ ᠬᠠᠮᠤᠭ ᠤᠨ  ᠶᠡᠭᠡ  ᠨᠠᠶᠢᠷ ᠪᠤᠯᠵᠤ᠂ ᠦᠨᠳᠦᠰᠦᠳᠡᠨ ᠤ ᠤᠯᠠᠮᠵᠢᠯᠠᠯᠳᠤ ᠳᠠᠮᠢᠷ ᠤᠨ ᠤᠷᠤᠯᠳᠤᠭᠠᠨ ᠢ ᠬᠠᠮᠤᠭ ᠤᠨ ᠠᠷᠪᠢᠨ  ᠳᠤᠬᠢᠷᠠᠭᠤᠯᠤᠭᠰᠠᠨ  ᠪᠠᠶᠢᠨ᠎ᠠ᠃ ᠡᠬᠦᠨ ᠳᠤ ᠡᠨᠡ ᠵᠢᠯ ᠳᠠᠮᠤ ᠶᠢᠨ ᠴᠤᠤᠵᠢ ᠬᠡᠬᠦ ᠨᠠᠭᠠᠳᠤᠮ ᠢ ᠰᠢᠨ᠎ᠠ ᠪᠠᠷ ᠨᠡᠮᠡᠭᠰᠡᠨ ᠪᠠᠶᠢᠨ᠎ᠠ᠃                     ᠤᠢᠢᠯᠠᠭᠠᠭᠰᠠᠨ ᠢᠶᠠᠷ᠂ 2016 ᠤᠨ ᠳᠤ ᠦᠪᠦᠷ  ᠮᠤᠩᠭᠤᠯ ᠤᠨ  ᠦᠪᠡᠷᠳᠡᠬᠡᠨ  ᠵᠠᠰᠬᠠᠤ  ᠤᠷᠤᠨ ᠠᠴᠠ ᠳᠤᠰ ᠰᠤᠷᠭᠠᠭᠤᠯᠢ ᠶᠢᠨ ᠰᠤᠶᠤᠯ ᠤᠨ ᠨᠠᠶᠢᠷ ᠢ ᠶᠡᠭᠡ ᠳᠡᠬᠡᠳᠤ ᠰᠤᠷᠭᠠᠭᠤᠯᠢ ᠶᠢᠨ ᠰᠤᠷᠭᠠᠭᠤᠯᠢ ᠶᠢᠨ ᠬᠦᠷᠢᠶᠡᠨ ᠤ ᠰᠤᠩᠭᠤᠳᠠᠭ ᠲᠦᠷᠦᠯ ᠵᠦᠢᠯ ᠢᠶᠠᠷ ᠨᠡᠷᠠᠶᠢᠳᠪᠡ᠃                     ᠳᠠᠭᠠᠯᠳᠠ ᠤᠩᠰᠢᠪᠤᠷᠢ᠄                     ᠲᠡᠮᠦ ᠶᠢᠨ ᠴᠣᠣᠵᠢ ᠪᠣᠯ ᠮᠠᠨ ᠤ  ᠮᠣᠩᠭᠤᠯ  ᠦᠨᠳᠦᠰᠦᠳᠡᠨ ᠤ  ᠰᠢᠷ᠎ᠠ ᠶᠢᠨ  ᠱᠠᠰᠢᠨ ᠲᠠᠢ  ᠠᠩᠬ᠎ᠠ  ᠲᠠᠨᠢᠯᠴᠠᠭᠰᠠᠨ ᠴᠠᠭ ᠠᠴᠠ  ᠡᠬᠢᠯᠡᠭᠰᠡᠨ᠂  ᠣᠢ  ᠣᠬᠠᠭᠠᠨ ᠢ  ᠵᠠᠷᠣᠴᠠᠭᠤᠯᠣᠭᠰᠠᠨ᠂  ᠵᠣᠬᠢᠬᠤ  ᠰᠢᠨᠵᠢᠯᠡᠭᠦ  ᠣᠬᠠᠭᠠᠨ ᠤ  ᠶᠣᠰᠣ   ᠤᠴᠢᠷ ᠢ ᠬᠠᠷᠠᠭᠤᠯᠣᠭᠰᠠᠨ ᠨᠠᠭᠠᠳᠣᠮ ᠪᠠᠶᠢᠵᠣ᠂ ᠣᠳᠣᠬᠠᠨ ᠳᠤ  ᠪᠠᠷᠤᠭ  ᠮᠣᠩᠭᠤᠯ  ᠨᠣᠳᠤᠭ ᠲᠤ  ᠳᠡᠮᠡᠢ  ᠨᠠᠭᠠᠳᠬᠤ ᠪᠠᠨ  ᠪᠤᠯᠢᠬᠰᠠᠨ ᠪᠠᠶᠢᠨ᠎ᠠ᠃ ᠲᠡᠷᠡ ᠨᠢ ᠶᠢᠰᠦᠨ ᠴᠠᠭᠠᠷᠢᠭ ᠢ ᠶᠢᠰᠦᠨ  ᠪᠠᠭᠠᠨ᠎ᠠ ᠶᠢᠨ  ᠦᠵᠦᠭᠦᠷ ᠲᠤ  ᠲᠣᠭᠤᠢ  ᠭᠠᠷᠭᠠᠨ  ᠡᠯᠭᠦᠵᠣ  ᠬᠠᠪᠳᠠᠭᠠᠢ ᠲᠡᠮᠦᠷ ᠢᠶᠠᠷ ᠰᠣᠯᠠ ᠪᠠᠬᠢᠯᠡᠵᠣ᠂ ᠨᠢᠭᠡ ᠪᠢᠳᠡᠭᠦᠣ ᠣᠷᠲᠦ ᠲᠡᠮᠦᠷ ᠭᠤᠭᠴᠣᠭᠠᠨ ᠳᠡᠭᠡᠷ᠎ᠡ ᠭᠡᠯᠬᠢᠵᠣ ᠪᠠᠶᠢᠳᠠᠭ᠃  ᠨᠠᠭᠠᠳᠬᠤ ᠳᠠᠭᠠᠨ ᠶᠢᠰᠦ ᠶᠢᠰᠦ ᠨᠠᠶᠠᠨ ᠨᠢᠭᠡ ᠶᠢᠨ ᠲᠡᠭᠢᠯᠳᠡ ᠦᠢᠯᠡ ᠶᠠᠪᠣᠳᠠᠯ ᠢ ᠦᠩᠭᠡᠷᠡᠭᠡᠵᠣ  ᠪᠠᠶᠢᠭᠠᠳ  ᠣᠭᠰᠠᠷᠠᠭᠤᠯᠬᠤ  ᠪᠣᠶᠣ  ᠭᠠᠷᠭᠠᠵᠣ ᠴᠢᠳᠠᠳᠠᠭ᠃ ᠭᠡᠨ ᠭᠡᠷᠪᠡ ᠣᠷᠢᠳᠡᠪᠡᠷ ᠭᠠᠷᠭᠠᠵᠣ᠂ ᠣᠭᠰᠠᠷᠠᠭᠤᠯᠵᠣ ᠴᠢᠳᠠᠪᠠᠯ ᠲᠡᠷᠡ ᠨᠢ ᠢᠯᠠᠭᠴᠢ ᠪᠣᠯᠬᠤ ᠶᠣᠰᠣᠲᠠᠢ᠃  ᠡᠷᠳᠡ ᠤᠵᠠᠭᠤᠷ ᠤᠨ ᠲᠣᠮᠤᠭ ᠲᠤ᠂ ᠨᠢᠭᠡ ᠦᠭᠦᠯ ᠤᠨ ᠴᠠᠭᠠᠵᠠ ᠳᠤ ᠣᠷᠣᠭᠰᠠᠨ ᠶᠠᠯᠠᠳᠠᠨ ᠳᠤ᠂ ᠶᠢᠰᠦᠨ ᠴᠣᠣᠵᠢ ᠶᠢ ᠨᠠᠶᠠᠨ  ᠨᠢᠭᠡᠨ ᠲᠦᠯᠬᠢᠭᠦᠷ ᠢᠶᠠᠷ ᠨᠢᠭᠡ ᠮᠦᠴᠡ ᠶᠢᠨ  ᠲᠣᠳᠣᠷ᠎ᠠ  ᠨᠡᠭᠡᠭᠡᠵᠣ  ᠴᠢᠳᠠᠪᠠᠯ  ᠠᠯᠠᠬᠤ  ᠶᠠᠯ᠎ᠠ ᠠᠴᠠ  ᠬᠡᠯᠲᠦᠷᠢᠭᠦᠯᠭᠦ  ᠭᠡᠰᠡᠨ  ᠬᠠᠭᠠᠨ ᠡᠵᠡᠨ ᠠᠴᠠ ᠵᠠᠷᠯᠢᠭ ᠪᠠᠭᠤᠯᠭᠠᠯ᠎ᠠ ᠭᠡᠳᠡᠭ᠃ ᠮᠠᠨ ᠤ ᠮᠣᠩᠭᠤᠯ ᠤᠨ ᠦᠭᠡᠨ ᠳᠤ ᠲᠠᠮᠦ ᠶᠢᠨ ᠴᠣᠣᠵᠢ ᠶᠢ ᠨᠡᠭᠡᠭᠡᠵᠣ ᠴᠢᠳᠠᠪᠠᠯ ᠡᠨᠡ ᠨᠠᠰᠣᠨ ᠤ ᠲᠠᠮᠦ ᠵᠣᠪᠠᠯᠠᠩ ᠢᠶᠠᠨ ᠦᠭᠡᠶᠢᠰᠭᠡᠵᠣ ᠵᠣᠯ ᠵᠢᠷᠭᠠᠯ ᠲᠠᠢ ᠰᠠᠶᠢᠬᠠᠨ  ᠠᠮᠢᠳᠣᠷᠠᠵᠣ  ᠴᠢᠳᠠᠳᠠᠭ  ᠭᠡᠰᠡᠨ ᠬᠡᠯᠡᠯᠭᠡ ᠲᠠᠢ᠃ ᠲᠠᠮᠦ ᠶᠢᠨ  ᠴᠣᠣᠵᠢ ᠨᠢ  ᠬᠦᠮᠦᠨ ᠤ  ᠤᠶᠤᠨ  ᠤᠬᠠᠭᠠᠨ ᠢ  ᠰᠤᠷᠢᠬᠤ  ᠤᠶᠤᠨ ᠤ  ᠳᠤᠭᠯᠠᠭᠠᠮ   ᠪᠤᠯᠬᠤᠷ ᠨᠢ   ᠭᠡᠣᠭᠡᠳ ᠪᠠᠭᠠᠴᠣᠳ ᠲᠠᠭᠠᠨ ᠵᠢᠭᠠᠵᠣ ᠣᠯᠠᠮᠵᠢᠯᠠᠵᠣ ᠪᠤᠯᠬᠤ ᠶᠤᠮ᠃  
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号