ᠠᠪᠠᠭ᠎ᠠ ᠬᠤᠰᠢᠭᠤᠨ ᠤ ᠬᠤᠨᠭ᠍ᠭᠤᠷᠭᠤᠤᠯ ᠪᠠᠯᠭᠠᠰᠤᠨ ᠤ ᠠᠯᠳᠠᠨᠳᠦ᠋ᠭᠦᠷᠢᠭ ᠭᠠᠴᠠᠭ᠎ᠠ ᠶᠢᠨ ᠮᠠᠯᠴᠢᠨ ᠲᠠᠪᠬᠤᠷᠪᠠᠶᠠᠷ
ᠨᠡᠶᠢᠲᠡᠯᠡᠭᠰᠡᠨ ᠴᠠᠭ᠄
2017/6/19
              ᠲᠠᠪᠬᠤᠷᠪᠠᠶᠠᠷ ᠤᠨ ᠬᠢᠨ ᠢ ᠭᠠᠳᠠᠨ᠎ᠠ ᠠᠴᠠ ᠨᠢ ᠬᠠᠷᠠᠬᠤ ᠳᠤ ᠰᠢᠨ᠎ᠠ ᠪᠠᠷ ᠪᠠᠷᠢᠭᠰᠠᠨ ᠭᠡᠷ ᠪᠠᠶᠢᠰᠢᠩ᠂ ᠫᠸᠡᠭ  ᠬᠤᠷᠤᠭ᠎ᠠ᠂ ᠮᠠᠰᠢᠨ ᠲᠦᠭᠦᠭᠡᠷᠦᠮᠵᠢ ᠢᠵᠢ ᠪᠦᠷᠢᠨ ᠪᠠᠶᠢᠵᠤ ᠠᠵᠢᠯᠴᠢ ᠭᠦᠳᠡᠯᠮᠤᠷᠢᠴᠢ ᠠᠶᠢᠯ ᠭᠡᠳᠡᠭ ᠨᠢ ᠢᠯᠡᠭᠡᠨ᠃  ᠲᠡᠳᠡᠨ ᠤ ᠬᠢᠨ 9400 ᠮᠦ ᠨᠤᠳᠤᠭ ᠪᠡᠯᠴᠢᠭᠡᠷ ᠲᠡᠭᠡᠷ᠎ᠠ ᠪᠠᠨ ᠦᠭᠡᠷ ᠭᠤᠤᠯᠳᠠᠢ ᠮᠠᠯᠵᠢᠵᠦ ᠂ ᠪᠡᠯᠴᠢᠭᠡᠷ ᠢᠶᠠᠨ ᠵᠤᠨ  ᠂ ᠨᠠᠮᠤᠷ᠂ ᠡᠪᠦᠯ᠂ ᠬᠠᠪᠤᠷ ᠤᠨ ᠲᠤᠤᠷ ᠭᠡᠮᠡᠨ ᠬᠤᠪᠢᠶᠠᠵᠦ ᠦᠯᠡᠳᠡᠭᠰᠡᠨ ᠭᠡᠰᠡᠭ ᠢᠶᠠᠨ ᠮᠠᠯ ᠤᠷᠤᠭᠤᠯᠬᠤ ᠦᠭᠡᠢ  ᠭᠦᠷᠢᠶᠡᠯᠡᠵᠦ ᠨᠡᠶᠢᠳᠡ ᠲᠠᠪᠤᠨ ᠭᠡᠰᠡᠭ ᠬᠤᠪᠢᠶᠠᠵᠦ ᠮᠠᠯ ᠠᠵᠤ ᠠᠬᠤᠢ ᠪᠠᠨ ᠡᠵᠡᠩᠨᠡᠵᠦ ᠪᠠᠶᠢᠳᠠᠭ᠃ ᠲᠡᠷᠡ᠄ ︽ ᠦᠡᠭᠭᠡᠷᠡᠭᠰᠡᠨ ᠳᠤ ᠮᠠᠨ ᠤ ᠬᠢᠨ ᠬᠤᠨᠢ ᠮᠠᠯᠵᠢᠵᠦ ᠪᠠᠶᠢᠬᠤ ᠳᠠᠭᠠᠨ ᠪᠡᠯᠴᠢᠭᠡᠷ ᠢᠶᠠᠨ ᠨᠢᠭᠡ ᠯᠠ ᠵᠠᠷᠤᠭᠠᠳ ᠰᠢᠭᠤᠳ  ᠪᠡᠯᠴᠢᠭᠡᠴᠢᠭᠡᠳᠡᠭ ᠪᠠᠶᠢᠭᠰᠠᠨ᠃ 2000 ᠤᠨ ᠤ ᠦᠶᠡᠰ ᠢᠶᠠᠷ ᠠᠮᠢ ᠠᠬᠤᠢ ᠮᠠᠭᠤᠳᠠᠭᠰᠠᠨ ᠤ ᠲᠡᠭᠡᠷ᠎ᠠ  ᠪᠡᠯᠴᠢᠭᠡᠷ ᠢᠶᠠᠨ ᠵᠦᠢ ᠵᠤᠬᠢᠰᠳᠠᠢ ᠠᠰᠢᠭᠯᠠᠬᠰᠠᠨ ᠦᠭᠡᠢ ᠠᠴᠠ ᠪᠤᠯᠵᠦ ᠶᠡᠭᠡ ᠭᠡᠮᠵᠢᠶ᠎ᠠ ᠪᠠᠷ ᠲᠠᠴᠢᠷᠰᠢᠵᠦ ᠪᠠᠷᠤᠭ  ᠪᠦᠷ ᠤᠯᠠᠭᠠᠨ ᠬᠠᠯᠴᠠᠭᠠᠢ ᠪᠤᠯᠵᠦ ᠤᠳᠤᠷ ᠶᠠᠪᠤᠬᠤ ᠭᠡᠮᠵᠢᠶᠡᠨ ᠳᠤ ᠭᠦᠷᠦᠭᠰᠡᠨ ᠪᠠᠶᠢᠨ᠎ᠠ᠃ ᠲᠡᠭᠡᠭᠡᠳ ᠬᠤᠶᠠᠷ ᠵᠢᠯ  ᠨᠤᠳᠤᠭ ᠪᠡᠯᠴᠢᠭᠡᠷ ᠢᠶᠠᠨ ᠪᠢᠳᠡᠭᠦᠮᠵᠢᠯᠡᠨ ᠡᠳᠡᠭᠡᠷᠡᠭᠦᠯᠦᠭᠰᠡᠨ ᠬᠤᠶᠢᠨ᠎ᠠ ᠭᠤᠷᠪᠠᠳᠤᠭᠠᠷ ᠵᠢᠯ ᠠᠴᠠ ᠨᠢ ᠡᠬᠢᠯᠡᠵᠦ ᠪᠠᠭ᠎ᠠ  ᠪᠠᠭ᠎ᠠ ᠪᠠᠷ ᠬᠠᠳᠤᠭᠰᠠᠨ ᠶᠤᠮ᠃ ᠤᠳᠤ ᠮᠠᠨ ᠤ ᠪᠡᠯᠴᠢᠭᠡᠷ ᠨᠤᠳᠤᠭ ᠪᠠᠷᠤᠭ 100% ᠪᠠᠷ ᠡᠳᠡᠭᠡᠷᠡᠭᠰᠡᠨ ᠪᠠᠶᠢᠨ᠎ᠠ︾ ᠭᠡᠵᠦ ᠲᠠᠨᠢᠯᠴᠠᠭᠤᠯᠤᠯ᠎ᠠ᠃               2007 ᠤᠨ ᠠᠴᠠ ᠲᠠᠪᠬᠤᠷᠪᠠᠶᠠᠷ ᠬᠤᠨᠢ ᠪᠠᠨ ᠴᠦᠭᠡᠳᠭᠡᠵᠦ ᠰᠢᠮᠧᠨ᠋ᠲ᠋ᠠᠷ ᠦᠭᠡᠷ ᠭᠤᠤᠯᠳᠠᠢ ᠮᠠᠯᠵᠢᠵᠦ᠂ ᠢᠴᠡᠭᠡᠯ  ᠦᠷ ᠎ᠡ ᠶᠢᠨ ᠭᠡᠭᠡᠯᠳᠦᠭᠦᠯᠭᠡ ᠬᠢᠵᠦ ᠶᠡᠭᠡᠳᠡ ᠦᠷ᠎ᠠ ᠠᠰᠢᠭ ᠤᠯᠤᠭᠰᠠᠨ ᠪᠠᠶᠢᠨ᠎ᠠ᠃ ᠡᠶᠢᠨᠭᠦ ᠦᠭᠡᠷ ᠮᠠᠯᠵᠢᠵᠦ  ᠡᠬᠢᠯᠡᠭᠰᠡᠨ ᠴᠠᠭ ᠠᠴᠠ ᠪᠡᠯᠴᠢᠭᠡᠷ ᠨᠤᠳᠤᠭ ᠢᠶᠠᠨ ᠵᠤᠬᠢᠰᠳᠠᠢ ᠠᠰᠢᠭᠯᠠᠬᠤ ᠪᠠᠷ ᠪᠡᠯᠴᠢᠭᠡᠷ ᠢᠶᠠᠨ ᠭᠡᠰᠡᠭᠯᠡᠵᠦ ᠪᠢᠯᠠ᠃  ︽ᠪᠡᠯᠴᠢᠭᠡᠷ ᠢᠶᠠᠨ ᠭᠡᠰᠡᠭᠯᠡᠵᠦ ᠠᠰᠢᠭᠯᠠᠬᠤ ᠨᠢ ᠭᠦᠷᠦᠰᠦᠨ ᠳᠤ ᠶᠡᠭᠡ ᠭᠠᠮᠳᠠᠢ᠂ ᠤᠯᠠᠷᠢᠯ ᠢᠶᠠᠷ ᠨᠢ ᠪᠡᠯᠴᠢᠭᠡᠷ  ᠰᠤᠯᠢᠬᠤ ᠤᠴᠢᠷ ᠠᠴᠠ ᠪᠡᠯᠴᠢᠭᠡᠷ ᠤᠨ ᠡᠳᠡᠭᠡᠷᠡᠯᠳᠡ ᠳᠤ ᠶᠡᠭᠡ ᠠᠰᠢᠭᠳᠠᠢ᠃ ᠨᠢᠭᠡ ᠭᠦᠷᠢᠶ᠎ᠠ ᠶᠢ ᠨᠢ ᠢᠳᠡᠭᠡᠳ  ᠠᠶᠠᠳᠠᠬᠤ ᠪᠠᠷ ᠨᠦᠭᠦᠭᠡ ᠭᠦᠷᠢᠶ᠎ᠠ ᠤᠷᠤᠭᠤ ᠰᠢᠯᠵᠢᠴᠢᠭᠡᠭᠦ ᠤᠴᠢᠷ ᠠᠴᠠ ᠬᠠᠯᠴᠠᠭᠠᠶᠢᠷᠠᠬᠤ ᠠᠴᠠ ᠠᠶᠤᠬᠤ ᠤᠴᠢᠷ  ᠦᠭᠡᠢ︾ ᠭᠡᠵᠦ ᠲᠠᠪᠬᠤᠷᠪᠠᠶᠠᠷ ᠶᠠᠷᠢᠨ᠎ᠠ᠃               ᠲᠠᠪᠬᠤᠷᠪᠠᠶᠠᠷ ᠤᠨ ᠬᠢᠨ ᠤᠷᠴᠢᠮ ᠤᠨ ᠵᠢᠯ ᠤᠳ ᠲᠤ ᠭᠠᠳᠠᠨ᠎ᠠ ᠠᠴᠠ ᠶᠡᠷᠦ ᠨᠢ ᠡᠪᠡᠰᠦ ᠬᠤᠳᠠᠯᠳᠤᠵᠦ ᠠᠪᠤᠭᠰᠠᠨ  ᠦᠭᠡᠢ᠂ 2014 ᠤᠨ ᠤ ᠨᠦᠭᠡᠴᠡᠯᠡᠭᠰᠡᠨ ᠡᠪᠡᠰᠦ ᠨᠢ ᠴᠤ ᠦᠯᠡᠳᠡᠭᠰᠡᠭᠡᠷ ᠠᠵᠢ᠃ ᠲᠡᠷᠡ ᠮᠦᠷᠳᠡᠭᠡᠨ 2015  ᠤᠨ ᠳᠤ ᠦᠪᠡᠷ ᠤᠨ ᠢᠶᠠᠨ ᠪᠡᠯᠴᠢᠭᠡᠷ ᠠᠴᠠ ᠬᠠᠳᠤᠭᠰᠠᠨ ᠡᠪᠡᠰᠦ ᠪᠠᠨ ᠭᠠᠳᠠᠭᠰᠢ ᠪᠤᠷᠤᠯᠠᠭᠤᠯᠵᠦ 15 ᠲᠦᠮᠡᠨ  ᠲᠦᠭᠦᠷᠢᠭ ᠤᠨ ᠤᠷᠤᠯᠭ᠎ᠠ ᠡᠭᠦᠳᠦᠭᠰᠡᠨ ᠪᠠᠶᠢᠯ᠎ᠠ᠃ ᠤᠶᠢᠯᠠᠭᠠᠭᠰᠠᠨ ᠢᠶᠠᠷ᠂ ᠲᠠᠪᠬᠤᠷᠪᠠᠶᠠᠷ ᠤᠨ ᠬᠢᠨ ᠨᠤᠳᠤᠭ  ᠪᠡᠯᠴᠢᠭᠡᠷ ᠢᠶᠠᠨ ᠡᠳᠡᠭᠡᠷᠡᠭᠦᠯᠭᠦ ᠠᠷᠭ᠎ᠠ ᠭᠡᠮᠵᠢᠶ᠎ᠠ ᠠᠪᠤᠭᠰᠠᠨ ᠠᠴᠠ ᠬᠤᠶᠢᠰᠢ 2005 ᠤᠨ ᠠᠴᠠ ᠡᠬᠢᠯᠡᠵᠦ  ᠬᠠᠳᠤᠯᠠᠩ ᠢᠶᠠᠨ ᠵᠢᠯ ᠦᠨᠵᠢᠵᠦ ᠬᠠᠳᠤᠬᠤ ᠪᠤᠯᠤᠭᠰᠠᠨ ᠪᠠᠶᠢᠨ᠎ᠠ᠃ ᠢᠡᠭᠭᠢᠵᠦ ᠬᠠᠳᠤᠬᠤ ᠨᠢ ᠪᠡᠯᠴᠢᠭᠡᠷ ᠡᠪᠡᠰᠦ  ᠤᠯᠠᠮ ᠵᠢᠭᠳᠡ ᠦᠳᠭᠡᠨ ᠤᠷᠭᠤᠬᠤ ᠪᠠᠷ ᠪᠠᠷᠠᠬᠤ ᠦᠭᠡᠢ ᠡᠪᠡᠰᠦᠨ ᠤ ᠲᠦᠷᠦᠯ ᠵᠦᠢᠯ ᠴᠦ ᠨᠡᠩ ᠤᠯᠠᠨ ᠪᠤᠯᠵᠦ  ᠴᠢᠳᠠᠳᠠᠭ᠃ ᠤᠳᠤ ᠡᠳᠡᠨᠡᠶᠢᠬᠢᠨ ᠨᠠᠶᠠᠭᠠᠳ ᠰᠢᠮᠧᠨ᠋ᠲ᠋ᠠᠷ ᠦᠬᠡᠷ ᠲᠠᠢ᠂ ᠵᠢᠯ ᠤᠨ ᠭᠤᠴᠢ ᠭᠠᠷᠤᠢ ᠲᠦᠮᠡᠨ  ᠲᠦᠭᠦᠷᠢᠭ ᠤᠨ ᠴᠡᠪᠡᠷ ᠤᠷᠤᠯᠭ᠎ᠠ ᠲᠠᠢ ᠬᠢᠯᠠᠷᠠᠭᠤᠯᠵᠦ ᠶᠠᠪᠤᠨ᠎ᠠ᠃               ᠨᠤᠳᠤᠭ ᠪᠡᠯᠴᠢᠭᠡᠷ ᠢᠶᠠᠨ ᠰᠢᠨᠵᠢᠯᠡᠭᠦ ᠤᠬᠠᠭᠠᠨᠴᠢ ᠪᠠᠷ ᠠᠰᠢᠭᠯᠠᠵᠦ ᠴᠢᠳᠠᠭᠰᠠᠨ ᠲᠠᠪᠬᠤᠷᠪᠠᠶᠠᠷ ᠤᠨ ᠮᠠᠯᠴᠢ ᠤᠬᠠᠭᠠᠨ  ᠪᠢᠳᠡᠨ ᠳᠤ ᠶᠠᠭᠤ ᠨᠢᠭᠡ ᠶᠢ ᠭᠦᠦᠷᠨᠢᠨ᠎ᠠ᠃ ᠠᠵᠢᠯᠴᠢ ᠭᠦᠳᠡᠯᠮᠤᠷᠢᠴᠢ ᠮᠠᠯᠴᠢᠨ ᠲᠦᠮᠡᠨ ᠮᠠᠨᠢ ᠮᠠᠯ ᠠᠵᠤ  ᠠᠬᠤᠢ ᠪᠠᠨ ᠡᠵᠡᠩᠨᠡᠭᠦ ᠳᠡᠭᠡᠨ ᠰᠢᠨᠵᠢᠯᠡᠭᠦ ᠤᠬᠠᠭᠠᠨᠴᠢ ᠮᠠᠯᠵᠢᠯ ᠤᠨ ᠤᠬᠠᠭᠠᠨ ᠢ ᠡᠷᠬᠢᠮᠯᠡᠪᠠᠯ ᠠᠮᠵᠢᠯᠳᠠ ᠳᠤ ᠭᠦᠷᠴᠦ  ᠴᠢᠳᠠᠨ᠎ᠠ ᠭᠡᠰᠡᠨ ᠢ ᠮᠡᠳᠡᠯᠳᠠᠢ︕                                                  ᠰᠤᠷᠪᠤᠯᠵᠢᠯᠠᠭᠴᠢ ᠤᠶᠠᠬᠠᠨ
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号