ᠰᠢᠯᠢ ᠶᠢᠨ ᠬᠤᠳᠠ ᠶᠢᠨ ᠪᠤᠯᠠᠭᠠᠨ ᠰᠤᠮᠤᠨ ᠤ ᠰᠠᠷᠠᠭᠤᠯᠳᠠᠯ᠎ᠠ ᠭᠠᠴᠠᠭᠠᠨ ᠤ ᠮᠠᠯᠴᠢᠨ ᠰᠡᠴᠡᠨᠪᠢᠯᠢᠭ | ᠤᠯᠠᠭᠠᠨᠰᠤᠶᠤᠯ ᠤᠨ ᠵᠤᠷᠢᠭᠳᠠᠢ ᠬᠢᠭᠰᠡᠨ ᠰᠤᠩᠭᠤᠯᠳᠠ ᠨᠢ ᠡᠳᠡᠨᠡᠶᠢᠬᠢᠠ ᠤ ᠠᠮᠢᠳᠤᠷᠠᠯ ᠢᠶᠠᠨ ᠦᠭᠡᠳᠡᠯᠡᠭᠦᠯᠭᠦ ᠳᠤ | ᠨᠢᠭᠡᠨ ᠵᠦᠪ ᠠᠷᠭ᠎ᠠ ᠪᠤᠯᠤᠭᠰᠠᠨ ᠪᠠᠶᠢᠨ᠎ᠠ︕ | ᠰᠡᠴᠡᠨᠪᠢᠯᠢᠭ ᠤᠯᠠᠭᠠᠨᠰᠤᠶᠤᠯ ᠬᠤᠶᠠᠷ ᠢ ᠠᠩᠬ᠎ᠠ ᠬᠤᠳᠠ ᠤᠷᠤᠬᠤ ᠳᠤ ᠨᠢᠭᠡ ᠪᠦᠯᠦᠭ ᠭᠦᠮᠦᠰ ᠲᠡᠳᠡ | ᠬᠤᠶᠠᠭᠤᠯᠠ ᠶᠢ ᠶᠠᠭᠤ ᠴᠦ ᠦᠭᠡᠢ ᠪᠤᠯᠤᠭᠠᠳ ᠬᠤᠳᠠ ᠤᠷᠤᠭᠰᠠᠨ ᠭᠡᠮᠡᠨ ᠶᠠᠷᠢᠵᠠᠭᠠᠵᠦ ᠪᠠᠶᠢᠭᠰᠠᠨ ᠶᠤᠮ᠃ ᠡᠶᠢᠨᠭᠦ | ᠰᠤᠷᠪᠤᠯᠵᠢᠯᠠᠭᠴᠢ ᠲᠤᠰᠠᠬᠠᠶᠢᠯᠠᠨ ᠰᠡᠴᠡᠨᠪᠢᠯᠢᠭ ᠤᠨ ᠬᠢ ᠪᠠᠷ ᠭᠦᠷᠴᠦ ᠦᠨᠡᠨ ᠪᠠᠶᠢᠳᠠᠯ ᠢ ᠦᠢᠯᠠᠭᠠᠭᠰᠠᠨ ᠳᠤ ᠡᠳᠡ | ᠬᠤᠶᠠᠭᠤᠯᠠ ᠪᠠᠨ ᠴᠤᠬᠤᠮ ᠭᠦ ᠪᠤᠶᠠᠨ ᠭᠦᠮᠦᠷᠭᠡᠯᠡᠭᠰᠡᠨ ᠪᠤᠳᠤᠯᠭ᠎ᠠ ᠲᠠᠢ ᠬᠦᠮᠦᠰ ᠪᠠᠶᠢᠵᠤ ᠪᠢᠯᠡ᠃ | ᠰᠡᠴᠡᠨᠪᠢᠯᠢᠭ ᠤᠨ ᠬᠢ 2016 ᠤᠨ ᠠᠴᠠ 2017 ᠤᠨ ᠤ ᠬᠤᠭᠤᠷᠤᠨᠳᠦ ᠮᠠᠯᠵᠢᠬᠤ ᠦᠢᠯᠡᠳᠪᠦᠷᠢᠯᠡᠯ ᠳᠡᠭᠡᠨ | ᠨᠠᠭᠠᠳᠦ ᠵᠠᠬ᠎ᠠ ᠳᠠᠭᠠᠨ ᠠᠷᠪᠠᠨ ᠲᠦᠮᠡᠨ ᠲᠦᠭᠦᠷᠢᠭ ᠠᠷᠪᠢᠯᠠᠵᠦ᠂ 3 ᠠᠴᠠ 5 ᠲᠦᠮᠡᠨ ᠲᠦᠭᠦᠷᠢᠭ ᠤᠨ ᠴᠡᠪᠡᠷ | ᠤᠷᠤᠯᠭ᠎ᠠ ᠡᠭᠦᠳᠦᠭᠰᠡᠨ ᠨᠠᠷᠢᠨ ᠲᠠᠩᠰᠠ ᠨᠢ ᠲᠤᠪ ᠲᠤᠳᠤᠷᠬᠠᠢ ᠪᠠᠶᠢᠯ᠎ᠠ᠃ | 2016 ᠤᠨ ᠤ ᠵᠤᠨ ᠨᠠᠮᠤᠷ ᠤᠨ ᠤᠯᠠᠷᠢᠯ ᠳᠤ ᠰᠡᠴᠡᠨᠪᠢᠯᠢᠭ ᠤᠨ ᠬᠢᠨ ᠤ ᠨᠤᠳᠤᠭ ᠲᠤ ᠲᠤᠰᠤᠯ | ᠪᠤᠷᠤᠭᠠᠨ ᠤᠷᠤᠭᠰᠠᠨ ᠦᠭᠡᠢ ᠤᠴᠢᠷ ᠠᠴᠠ ᠨᠤᠳᠤᠭ ᠨᠢ ᠰᠦᠷᠡᠭᠡᠢ ᠭᠠᠨᠭ᠍ᠳᠠᠵᠦ ᠲᠠᠴᠢᠷᠰᠢᠵᠦ᠂ | ᠪᠡᠯᠴᠢᠭᠡᠷ ᠠᠴᠠ ᠪᠠᠨ ᠰᠢᠷᠭᠡᠭ ᠡᠪᠡᠰᠦ ᠴᠦ ᠠᠪᠤᠭᠰᠠᠨ ᠦᠭᠡᠢ ᠠᠴᠠ ᠡᠪᠦᠯᠵᠢᠭᠦᠯᠭᠦ ᠵᠤᠬᠢᠰᠳᠠᠢ ᠡᠭᠡ ᠮᠠᠯ ᠠᠴᠠ ᠪᠠᠨ | 200 ᠭᠠᠷᠤᠢ ᠬᠤᠨᠢ ᠢᠮᠠᠭ᠎ᠠ ᠯᠠ ᠦᠯᠡᠳᠡᠭᠡᠵᠦ᠂ ᠪᠤᠰᠤᠳ ᠢ ᠨᠢ 100 ᠠᠴᠠ 150 ᠲᠦᠭᠦᠷᠢᠭ ᠢᠶᠠᠷ | ᠪᠤᠰᠤᠳ ᠲᠤ ᠲᠠᠭᠠᠴᠢᠯᠠᠭᠤᠯᠴᠢᠬᠠᠭᠠᠳ ᠬᠤᠳᠠ ᠤᠷᠤᠭᠰᠠᠨ ᠪᠠᠶᠢᠯ᠎ᠠ᠃ ᠰᠡᠴᠡᠨᠪᠢᠯᠢᠭ᠄ ︽ᠮᠠᠯᠴᠢᠨ ᠭᠦᠮᠦᠨ ᠶᠠᠮᠠᠷ | ᠴᠦ ᠦᠵᠡᠯ ᠰᠠᠨᠠᠭᠠᠨ ᠤ ᠪᠡᠯᠡᠳᠭᠡᠯ ᠦᠭᠡᠢ᠂ ᠰᠢᠭᠤᠳ ᠬᠤᠳᠠ ᠤᠷᠤᠴᠢᠬᠠᠬᠤ ᠴᠢᠨᠢ ᠶᠡᠭᠡ ᠬᠢᠳᠡᠯ ᠠᠯᠳᠠᠳᠠᠭ ᠶᠤᠮ | ᠪᠠᠶᠢᠨ᠎ᠠ ᠯᠠᠢ︕ ᠲᠤᠬᠠᠢ ᠶᠢᠨ ᠦᠶ᠎ᠠ ᠳᠤ ᠭᠡᠳᠦᠨ ᠡᠳᠦᠷ ᠠᠵᠢᠯ ᠡᠷᠢᠭᠰᠡᠨ ᠪᠤᠯᠪᠠᠴᠤ ᠪᠦᠷ ᠯᠠ | ᠡᠯᠧᠺᠲᠷᠤᠨᠴᠢᠯᠠᠯ ᠤᠨ ᠴᠠᠭ ᠦᠶ᠎ᠠ ᠳᠤ ᠤᠷᠤᠴᠢᠬᠠᠭᠰᠠᠨ ᠤᠴᠢᠷ ᠠᠴᠠ ᠪᠢᠳᠡᠨ ᠤ ᠬᠢᠵᠦ ᠴᠢᠳᠠᠳᠠᠭ ᠠᠵᠢᠯ ᠨᠢ | ᠬᠢᠵᠠᠭᠠᠷ ᠲᠠᠢ᠂ ᠭᠡᠪᠡᠴᠦ ᠵᠦᠭᠡᠷ ᠰᠠᠭᠤᠵᠦ ᠡᠳᠦᠷ ᠬᠤᠨᠤᠭ ᠢ ᠦᠡᠭᠭᠡᠷᠡᠭᠦᠯᠵᠦ ᠪᠤᠯᠬᠤ ᠦᠭᠡᠢ᠃ ᠲᠡᠭᠡᠭᠡᠳ ᠪᠢᠳᠡ | ᠬᠤᠶᠠᠭᠤᠯᠠ ᠵᠦᠭᠡᠷ ᠰᠠᠭᠤᠭᠰᠠᠨ ᠠᠴᠠ ᠵᠦᠯᠭᠦᠵᠦ ᠰᠠᠭᠤ ᠭᠡᠳᠡᠭᠴᠢᠯᠠᠨ ᠬᠤᠳᠠ ᠳᠤ ᠢᠷᠡᠭᠡᠳ ︿ᠨᠦᠭᠦᠷᠯᠡᠯ﹀ | ᠰᠠᠭᠤᠭᠠᠯᠢ ᠲᠤᠭᠤᠷᠢᠭ ᠲᠤ ᠡᠨᠡᠭᠦ ᠲᠡᠷᠭᠡᠨ ᠭᠦᠮᠦᠷᠭᠡ ᠶᠢ ᠵᠢᠯ ᠳᠤ ᠨᠢᠭᠡ ᠲᠦᠮᠡᠨ ᠲᠦᠭᠦᠷᠢᠭ ᠢᠶᠠᠷ ᠲᠦᠷᠢᠶᠡᠰᠦᠯᠡᠨ | ᠂ ᠴᠤᠯ ᠪᠠᠶᠢᠭᠠᠯᠢᠯᠢᠭ ᠢᠶᠠᠷ ᠢᠶᠠᠨ ᠰᠦ ᠰᠠᠭᠠᠯᠢ ᠪᠠᠨ ᠡᠳ᠋ᠰᠢᠭᠦᠯᠦᠨ ᠪᠤᠯᠪᠠᠰᠤᠷᠠᠭᠤᠯᠵᠦ᠂ ᠨᠢᠳᠦᠨ ᠡᠮᠦᠨᠡᠬᠢ | ᠭᠦᠴᠢᠷᠳᠡᠯ ᠢᠶᠠᠨ ᠰᠢᠢᠳᠪᠦᠷᠢᠯᠡᠭᠦ ᠶᠢ ᠵᠤᠷᠢᠭᠰᠠᠨ ᠃ ᠶᠡᠷᠦ ᠨᠢ ᠡᠪᠡᠰᠦ ᠪᠤᠷᠳᠤᠭᠠᠨ ᠤ ᠦᠨ᠎ᠠ ᠬᠠᠨᠭ᠍ᠰᠢ ᠨᠡᠶᠢᠳᠡᠮ | ᠦᠰᠴᠦ᠂ ᠠᠮᠠᠷᠬᠠᠨ ᠰᠦ ᠤᠯᠳᠠᠬᠤ ᠦᠭᠡᠢ ᠤᠴᠢᠷ ᠠᠴᠠ ᠠᠩᠬᠠᠨ ᠳᠠᠭᠠᠨ ᠪᠢᠳᠡ ᠲᠠᠨᠢᠯ ᠢᠶᠠᠨ ᠡᠷᠢᠵᠦ᠂ 50 | ᠭᠠᠷᠤᠢ ᠵᠢᠩ ᠰᠦ ᠪᠠᠷ ᠡᠳᠦᠷ ᠲᠤ 4 ᠵᠢᠩ ᠢᠯᠡᠭᠦᠦ ᠬᠤᠷᠤᠳ᠂ 3 ᠵᠢᠩ ᠢᠯᠡᠭᠦᠦ ᠵᠦᠭᠡᠭᠡᠢ ᠭᠠᠷᠭᠠᠵᠦ | ᠪᠤᠷᠤᠯᠠᠭᠤᠯᠳᠠᠭ ᠴᠤ ᠡᠳᠦᠷ ᠪᠦᠷᠢ ᠶᠢᠨ ᠭᠡᠷ ᠤᠨ ᠲᠦᠷᠢᠶᠡᠰᠦ ᠪᠠ ᠢᠳᠡᠵᠦ ᠤᠤᠭᠤᠬᠤ ᠪᠠᠨ ᠬᠠᠨᠭ᠍ᠭᠠᠵᠦ | ᠬᠦᠢᠴᠡᠴᠢᠭᠡᠳᠡᠭ᠃ ᠤᠳᠤ ᠪᠤᠯᠬᠤ ᠳᠤ ᠮᠠᠨᠠᠶᠢᠬᠢᠨ ᠠᠴᠠ ᠴᠠᠭᠠᠨ ᠢᠳᠡᠭᠡᠨ ᠠᠪᠬᠤ ᠭᠦᠮᠦᠨ ᠤᠯᠠᠨ ᠪᠤᠯᠤᠭᠰᠠᠨ | ᠤᠴᠢᠷ ᠠᠴᠠ ᠡᠳᠦᠷ ᠪᠦᠷᠢ ᠡᠳ᠋ᠰᠢᠭᠦᠯᠭᠦ ᠰᠦ ᠪᠠᠨ ᠴᠦ ᠨᠡᠮᠡᠭᠳᠡᠭᠦᠯᠦᠭᠰᠡᠨ ᠶᠤᠮ᠃ ᠡᠭᠦᠨ ᠤ ᠲᠡᠭᠡᠷ᠎ᠠ ᠪᠠᠰᠠ | ᠮᠤᠩᠭᠤᠯ ᠪᠤᠤᠪᠤ ᠬᠠᠭᠠᠷᠢᠨ᠂ ᠪᠤᠤᠵᠠ ᠪᠠᠩᠰᠢ ᠬᠢᠵᠦ ᠬᠤᠳᠠᠯᠳᠤᠭᠠᠳ ᠤᠷᠤᠯᠭ᠎ᠠ ᠴᠦ ᠨᠡᠮᠡᠭᠳᠡᠭᠰᠡᠨ ᠶᠤᠮ︾ ᠭᠡᠮᠡᠨ | ᠤᠴᠢᠷᠯᠠᠨ᠎ᠠ᠃ | ᠮᠠᠯᠴᠢᠨ ᠭᠦᠮᠦᠨ ᠮᠠᠯ ᠠᠵᠤ ᠠᠬᠤᠢ ᠪᠠᠨ ᠡᠵᠡᠩᠨᠡᠭᠦ ᠳᠤ ᠲᠠᠩᠰᠠ ᠪᠤᠳᠤᠵᠦ ᠨᠠᠷᠢᠨ ᠲᠤᠭᠠᠴᠠᠭ᠎ᠠ ᠬᠢᠭᠦ ᠨᠢ | ᠲᠤᠩ ᠴᠢᠬᠤᠯᠠ ᠮᠦᠷᠳᠡᠭᠡᠨ ᠠᠵᠢᠯᠴᠢ ᠬᠤᠶᠠᠷ ᠭᠠᠷ ᠲᠠᠭᠠᠨ ᠲᠦᠰᠢᠭᠯᠡᠪᠡᠯ ᠬᠠᠮᠢᠭ᠎ᠠ ᠭᠠᠵᠠᠷ ᠭᠦᠷᠦᠭᠰᠡᠨ ᠴᠦ | ᠭᠦᠯ ᠲᠤᠭᠳᠠᠵᠦ ᠠᠮᠢᠳᠤᠷᠠᠯ ᠢᠶᠠᠨ ᠦᠭᠡᠳᠡᠯᠡᠭᠦᠯᠵᠦ ᠴᠢᠳᠠᠬᠤ ᠨᠢ ᠯᠠᠪᠳᠠᠢ᠃ ᠰᠡᠴᠡᠨᠪᠢᠯᠢᠭ ᠤᠯᠠᠭᠠᠨᠰᠤᠶᠤᠯ ᠰᠢᠭ᠋ | ᠭᠦᠳᠡᠭᠡ ᠨᠤᠳᠤᠭ ᠤᠨ ᠠᠮᠢ ᠠᠬᠤᠢ ᠮᠠᠭᠤᠳᠠᠭᠰᠠᠨ ᠪᠠᠶᠢᠳᠠᠯ ᠳᠤ ᠭᠠᠷ ᠢᠶᠠᠨ ᠨᠤᠬᠤᠯᠠᠨ ᠭᠠᠴᠢᠭᠳᠠᠵᠦ ᠰᠠᠭᠤᠭᠰᠠᠨ | ᠦᠭᠡᠢ᠂ ᠬᠠᠷᠢᠨ ᠠᠯᠢᠪᠠ ᠤᠷᠤᠯᠭ᠎ᠠ ᠵᠠᠷᠤᠯᠭ᠎ᠠ ᠪᠠᠨ ᠨᠠᠷᠢᠨ ᠲᠡᠮᠳᠡᠭᠯᠡᠵᠦ᠂ ᠬᠤᠳᠠ ᠤᠷᠤᠵᠦ ᠦᠪᠡᠷ ᠤᠨ ᠬᠢᠵᠦ | ᠴᠢᠳᠠᠳᠠᠭ ᠠᠵᠢᠯ ᠢᠶᠠᠷ ᠢᠶᠠᠨ ᠤᠷᠤᠯᠭ᠎ᠠ ᠡᠭᠦᠳᠴᠦ ᠶᠠᠭᠠᠷᠠᠯ᠎ᠠ᠃ ᠡᠶᠢᠮᠦ ᠠᠴᠠ ᠵᠠᠷᠢᠮ ᠨᠢᠭᠡ ᠪᠦᠯᠦᠭ ᠮᠠᠯᠵᠢᠬᠤ | ᠦᠢᠯᠡᠳᠪᠦᠷᠢᠯᠡᠯ ᠲᠡᠭᠡᠷ᠎ᠠ ᠪᠠᠨ ᠠᠷᠭ᠎ᠠ ᠳ᠋ᠦᠢ ᠪᠠᠨ ᠤᠯᠬᠤ ᠦᠭᠡᠢ᠂ ᠠᠮᠢᠳᠤᠷᠠᠯ ᠠᠬᠤᠢ ᠳᠠᠭᠠᠨ ᠵᠦᠳᠡᠷᠡᠵᠦ | ᠪᠠᠶᠢᠭ᠎ᠠ ᠮᠠᠯᠴᠢᠳ ᠮᠢᠨᠢ ᠰᠡᠴᠡᠨᠪᠢᠯᠢᠭ ᠤᠯᠠᠭᠠᠨᠰᠤᠶᠤᠯ ᠰᠢᠭ᠋ ᠨᠠᠷᠢᠨ ᠲᠤᠭᠠᠴᠠᠭ᠎ᠠ ᠬᠢᠵᠦ᠂ ᠲᠠᠩᠰᠠ ᠪᠤᠳᠤᠨ ᠮᠠᠯ | ᠠᠵᠤ ᠠᠬᠤᠢ ᠪᠠᠨ ᠵᠤᠬᠢᠴᠠᠭᠤᠯᠵᠦ᠂ ᠠᠵᠢᠯ ᠠᠮᠢᠳᠤᠷᠠᠯ ᠳᠠᠭᠠᠨ ᠱᠠᠯᠠᠮᠠᠭᠠᠶᠢᠯᠠᠵᠦ᠂ ᠠᠶᠢᠯ ᠡᠷᠦᠭᠡ ᠪᠠᠨ | ᠦᠭᠡᠳᠡ ᠨᠢ ᠲᠠᠳᠠᠵᠦ ᠪᠠᠶᠢᠭ᠎ᠠ ᠦᠯᠢᠭᠡᠷ ᠵᠢᠱᠢᠶ᠎ᠠ ᠠᠴᠠ ᠶᠠᠭᠤ ᠨᠢᠭᠡ ᠶᠢ ᠰᠡᠳᠬᠢᠭᠦᠰᠢᠳᠠᠢ ᠰᠠᠨᠠᠭᠳᠠᠨ᠎ᠠ︕ | ︵ᠤᠨᠴᠠ ᠤᠷᠢᠭᠰᠠᠨ ᠰᠤᠷᠪᠤᠯᠵᠢᠯᠠᠭᠴᠢ ᠲᠤ᠋ · ᠲᠦᠮᠡᠨᠪᠠᠶᠠᠷ︶ |