ᠰᠢᠨ᠎ᠡ ᠡᠷᠡᠨ ᠤ ᠰᠤᠳᠤᠨ ᠮᠠᠯᠴᠢᠨ | — ᠵᠡᠬᠦᠨ ᠦᠵᠦᠮᠤᠴᠢᠨ ᠬᠤᠰᠢᠭᠤᠨ ᠤ ᠡᠵᠢᠨᠠᠭᠤᠷ | ᠪᠠᠯᠭᠠᠰᠤ ᠶᠢᠨ ᠬᠠᠷᠠᠭᠤᠪᠢ ᠭᠠᠴᠠᠭᠠᠨ ᠤ ᠮᠠᠯᠴᠢᠨ ᠬᠤᠪᠢᠰᠬᠠᠯᠲᠤ | | ᠭᠠᠴᠠᠭᠠᠨ ᠤ ᠪᠠᠨ ᠮᠠᠯᠴᠢᠨ ᠳᠦᠮᠡᠨ ᠢ ᠳᠠᠶᠢᠴᠢᠯᠠᠨ ᠬᠤᠷᠰᠢᠨ ᠬᠠᠮᠵᠢᠯᠴᠠᠵᠤ ᠬᠠᠮᠳᠤᠪᠠᠷ | ᠪᠠᠶᠠᠵᠢᠬᠤ ᠶᠢ ᠵᠤᠷᠢᠭᠰᠠᠨ ᠪᠠᠶᠠᠵᠢᠯ ᠤᠨ ᠳᠠᠭᠠᠭᠤᠯᠤᠭᠴᠢ ᠬᠤᠪᠢᠰᠠᠬᠯᠳᠤ ᠪᠤᠯ ᠭᠦᠭᠵᠢᠯᠳᠡ ᠶᠢᠨ ᠠᠷᠭ᠎ᠠ | ᠭᠡᠯᠪᠠᠷᠢ ᠪᠠᠨ ᠬᠤᠪᠢᠷᠠᠭᠤᠯᠬᠤ ᠶᠢᠨ ᠴᠢᠬᠤᠯᠠ ᠴᠢᠨᠠᠷ ᠢ ᠠᠯᠢ ᠡᠷᠳᠡ ᠤᠬᠠᠭᠠᠷᠠᠭᠰᠠᠨ ᠨᠢᠭᠡᠨ ᠠᠵᠢ᠃ | ᠳᠡᠷᠡᠪᠡᠷ ᠠᠩᠬ᠎ᠠ 2003 ᠤᠨ ᠳᠤ᠂ ᠭᠠᠴᠠᠭᠠᠨ ᠤ ᠪᠠᠨ ᠭᠡᠳᠤᠨ ᠰᠠᠶᠢᠨ ᠳᠤᠷᠠᠴᠤᠳ ᠲᠠᠢ ᠰᠠᠨᠠᠯ | ᠨᠢᠭᠡᠳᠤᠨ ᠬᠠᠷᠠᠭᠤᠪᠢ ᠮᠠᠯ ᠠᠵᠤ ᠠᠬᠤᠢ ᠶᠢᠨ ᠨᠡᠶᠢᠭᠡᠮᠯᠢᠭ ᠪᠠᠶᠢᠭᠤᠯᠵᠤ ᠪᠠᠶᠢᠭᠰᠠᠨ ᠪᠤᠯ ᠡᠨᠡ ᠨᠢ ᠤᠯᠠᠮ ᠢᠶᠠᠷ | ᠦᠷᠭᠡᠵᠢᠨ ᠪᠤᠵᠠᠭᠠᠶᠢᠷᠠᠵᠤ ᠬᠠᠷᠠᠭᠤᠪᠢ ᠮᠠᠯ ᠠᠵᠤ ᠠᠬᠤᠢ ᠶᠢᠨ ᠳᠤᠰᠬᠠᠢ ᠬᠤᠷᠰᠢᠶᠡᠵᠢᠯ ᠪᠤᠯᠵᠤ ᠭᠦᠭᠵᠢᠭᠰᠡᠨ | ᠪᠠᠶᠢᠨ᠎ᠡ᠃ ᠳᠤᠰ ᠬᠤᠷᠰᠢᠶᠡᠵᠢᠯ ᠨᠢ 30 ᠭᠠᠷᠤᠢ ᠭᠡᠰᠢᠭᠦᠨ ᠡᠷᠤᠭᠡ ᠲᠠᠢ᠃ ᠦᠵᠤᠮᠤᠴᠢᠨ ᠦᠷ᠎ᠡ ᠶᠢᠨ ᠮᠡᠯ ᠢ | ᠳᠡᠵᠢᠭᠡᠨ ᠦᠷᠡᠵᠢᠭᠦᠯᠭᠦ ᠪᠠᠷ ᠭᠤᠤᠯᠳᠠᠨ᠂ ᠠᠮᠢᠳᠤ ᠮᠠᠯ ᠤᠨ ᠰᠤᠯᠢᠯᠴᠠᠭᠠᠨ ᠤ ᠵᠠᠬ᠎ᠠ᠂ ᠭᠠᠮᠰᠢᠭ ᠠᠴᠠ ᠰᠠᠷᠭᠡᠶᠢᠯᠡᠭᠦ | ᠡᠪᠡᠰᠤᠨ ᠤ ᠨᠦᠭᠡᠴᠡ᠂ ᠬᠤᠨᠢᠨ ᠮᠢᠬ᠎ᠠ ᠭᠦᠯᠳᠡᠭᠡᠵᠤ ᠭᠦᠮᠤᠷᠭᠡᠯᠡᠭᠦ ᠦᠢᠯᠡᠴᠢᠯᠡᠭᠡᠨ ᠤ ᠭᠠᠵᠠᠷ ᠲᠠᠢ᠃ ᠪᠠᠰᠠ | ᠨᠠᠷᠢᠯᠢᠬ ᠡᠳ᠋ᠰᠢᠭᠦᠯᠭᠦ ᠪᠠᠭᠠᠵᠢ ᠳᠦᠭᠦᠭᠡᠷᠦᠮᠵᠢ ᠢᠵᠢ ᠪᠦᠷᠢᠨ ᠪᠠᠶᠢᠵᠤ᠂ ᠮᠠᠯᠴᠢᠳ ᠤᠤᠯ ᠨᠢ ᠮᠠᠯ ᠢᠶᠠᠨ | ᠡᠭᠦᠳᠠᠨ ᠠᠴᠠ ᠪᠠᠨ ᠠᠮᠢᠳᠤ ᠪᠠᠷ ᠨᠢ ᠬᠤᠳᠠᠯᠳᠤᠳᠠᠭ ᠪᠠᠶᠢᠭᠰᠠᠨ ᠪᠤᠯ ᠤᠳᠤ ᠡᠭᠦᠳᠡᠨ ᠳᠡᠭᠡᠨ ᠨᠠᠷᠢᠯᠢᠬ ᠡᠳ᠋ᠰᠢᠭᠦᠯᠭᠦ | ᠨᠦᠭᠦᠴᠡᠯ ᠪᠤᠯᠤᠮᠵᠢ ᠶᠢ ᠪᠦᠷᠢᠯᠳᠦᠭᠦᠯᠵᠡᠢ᠃ ᠤᠶᠢᠷ᠎ᠡ ᠶᠢᠨ ᠵᠢᠯ ᠠᠴᠠ ᠬᠤᠨᠢᠨ ᠮᠢᠬᠠᠨ ᠤ ᠦᠨ᠎ᠡ ᠬᠠᠩᠰᠢ | ᠪᠠᠭᠤᠷᠠᠵᠤ᠂ ᠮᠠᠨᠡᠶᠢᠬᠢᠨ ᠤ ᠪᠤᠬᠢᠷᠳᠤᠯ ᠦᠭᠡᠢ ᠴᠠᠪᠠᠷ ᠪᠠᠶᠢᠭᠠᠯᠢᠯᠢᠬ ᠤᠯᠠᠭᠠᠨ ᠢᠳᠡᠭᠡᠨ ᠵᠠᠬ᠎ᠠ ᠳᠡᠯᠭᠡᠭᠦᠷ ᠤᠨ | ᠰᠢᠬᠠᠯᠳᠠ ᠳᠤ ᠤᠴᠠᠷᠠᠵᠤ ᠪᠠᠶᠢᠭ᠎ᠠ ᠪᠠᠶᠢᠳᠠᠯ ᠳᠤᠤᠷ᠎ᠡ ᠴᠤ ᠳᠤᠰ ᠬᠤᠷᠰᠢᠶᠡᠵᠢᠯ ᠨᠢ ᠮᠦᠨ ᠠᠰᠢᠭ ᠤᠷᠤᠯᠭ᠎ᠠ ᠪᠠᠨ | ᠪᠠᠳᠤᠯᠠᠭᠰᠠᠭᠠᠷ ᠪᠠᠶᠢᠭ᠎ᠠ ᠶᠤᠮ᠃ ᠡᠨᠡ ᠨᠢ ᠬᠠᠷᠠᠭᠤᠪᠢ ᠮᠠᠯ ᠠᠵᠤ ᠠᠬᠤᠢ ᠶᠢᠨ ᠬᠤᠷᠰᠢᠶᠠᠵᠢᠯ ᠤᠨ ᠭᠡᠷᠡᠭ | ᠮᠡᠳᠡᠭᠴᠢᠳ ᠤᠨ ᠳᠠᠷᠤᠭ᠎ᠠ ᠬᠤᠪᠢᠰᠬᠠᠯᠳᠤ ᠶᠢᠨ ᠮᠠᠯ ᠤᠨ ᠡᠭᠦᠯᠳᠡᠷ ᠰᠠᠶᠢᠵᠢᠷᠠᠭᠤᠯᠤᠯᠳᠠ ᠶᠢ ᠭᠤᠤᠯᠴᠢᠯᠠᠨ | ᠠᠳᠬᠤᠵᠤ᠂ ᠮᠠᠯ ᠤᠨ ᠪᠤᠳᠠᠭᠠᠯᠢ ᠪᠠᠶ᠎ᠡ ᠶᠢᠨ ᠭᠠᠷᠤᠯᠳᠠ ᠶᠢ ᠨᠡᠮᠡᠭᠳᠡᠭᠦᠯᠭᠦ ᠶᠢ ᠴᠢᠬᠤᠯᠠᠴᠢᠯᠠᠭᠰᠠᠨ ᠳᠤ ᠭᠤᠤᠯ | ᠤᠴᠢᠷ ᠤᠷᠤᠰᠢᠨ᠎ᠡ᠃ ᠲᠡᠳᠡ ᠪᠠᠰᠠ ᠬᠤᠨᠢᠨ ᠤ ᠪᠠᠨ ᠡᠭᠦᠯᠳᠡᠷ ᠢ ᠰᠠᠶᠢᠵᠢᠷᠠᠭᠤᠯᠵᠤ᠂ ᠬᠤᠷᠠᠭ᠎ᠠ ᠪᠠᠨ ᠠᠯᠢ | ᠪᠤᠯᠬᠤ ᠪᠠᠷ ᠰᠠᠶᠢᠨ ᠡᠭᠦᠯᠳᠡᠷ ᠤᠨ ᠬᠤᠴᠠ ᠪᠤᠶᠤ ᠰᠠᠶᠢᠨ ᠡᠭᠦᠯᠳᠡᠷ ᠤᠨ ᠡᠮ᠎ᠡ ᠬᠤᠨᠢ ᠪᠠᠷ ᠬᠤᠳᠠᠯᠳᠤᠬᠤ ᠠᠴᠠ | ᠪᠢᠰᠢ᠂ ᠮᠢᠬᠠᠨ ᠤ ᠬᠤᠨᠢ ᠪᠠᠷ ᠬᠤᠳᠠᠯᠳᠤᠳᠠᠭ ᠦᠭᠡᠢ᠃ ᠳᠡᠷᠡᠴᠢᠯᠡᠨ 2015 ᠤᠨ ᠳᠤ ᠭᠦᠢᠳᠡᠨ ᠭᠦᠮᠤᠷᠭᠡ | ᠪᠠᠶᠢᠭᠤᠯᠵᠤ᠂ ᠪᠦᠭᠡᠮ ᠢᠶᠠᠷ ᠬᠤᠳᠠᠯᠳᠤᠬᠤ ᠨᠦᠭᠦᠴᠡᠯ ᠢ ᠪᠦᠷᠢᠯᠳᠤᠭᠦᠯᠭᠦ ᠵᠡᠷᠭᠡ ᠤᠯᠠᠮᠵᠢᠯᠠᠯᠳᠤ ᠮᠠᠯᠵᠢᠯ ᠤᠨ | ᠠᠷᠭ᠎ᠠ ᠪᠠᠷ ᠮᠠᠯᠵᠢᠵᠤ᠂ ᠤᠯᠠᠮᠵᠢᠯᠠᠯᠳᠤ ᠠᠷᠭ᠎ᠠ ᠪᠠᠷ ᠠᠯᠠᠵᠤ ᠨᠢᠳᠤᠯᠤᠭᠰᠠᠨ ᠤᠨᠴᠠᠯᠢᠭᠳᠤ ᠳᠠᠪᠠᠭᠤᠯᠢᠭ ᠪᠠ | ᠮᠠᠯᠵᠢᠯ ᠤᠨ ᠰᠤᠶᠤᠯ ᠢᠶᠠᠨ ᠢᠳᠡᠪᠬᠢᠳᠠᠢ ᠳᠠᠨᠢᠯᠴᠠᠭᠤᠯᠬᠤ ᠶᠢ ᠴᠢᠬᠤᠯᠠᠴᠢᠯᠠᠪᠠ᠃ ᠳᠤᠬᠠᠶᠢᠯᠠᠪᠠᠯ ᠠᠷᠠᠯᠵᠢᠶᠠᠴᠢᠨ ᠢ | ᠤᠷᠢᠳᠠᠪᠠᠷ ᠪᠡᠯᠴᠢᠭᠡᠷ ᠢᠶᠠᠷ ᠢᠶᠠᠨ ᠳᠠᠭᠠᠭᠤᠯᠤᠨ ᠭᠦᠷᠴᠤ᠂ ᠤᠰᠤᠨ ᠤ ᠳᠤᠩᠭᠠᠯᠠᠭ ᠡᠪᠡᠰᠤᠨ ᠤ ᠰᠤᠷᠭᠤᠭ ᠢᠶᠠᠨ | ᠦᠵᠡᠭᠦᠯᠵᠤ᠂ ᠠᠯᠢ ᠴᠠᠭ ᠲᠤ ᠶᠠᠮᠠᠷ ᠡᠪᠡᠰᠤ ᠢᠳᠡᠭᠦᠯᠵᠤ᠂ ᠠᠯᠢ ᠴᠠᠭ ᠲᠤᠨᠢ ᠤᠰᠤᠨ ᠳᠠᠷᠭᠤ ᠠᠪᠤᠭᠤᠯᠵᠤ᠂ | ᠠᠯᠢ ᠴᠠᠭ ᠲᠤ ᠳᠤᠰᠤᠨ ᠳᠠᠷᠭᠤ ᠠᠪᠤᠭᠤᠯᠳᠠᠭ ᠵᠡᠷᠭᠡ ᠪᠠᠨ ᠳᠠᠨᠢᠯᠴᠠᠭᠤᠯᠳᠠᠭ ᠪᠠᠶᠢᠨ᠎ᠡ᠃ ᠢᠩᠬᠢᠭᠡᠳ | ᠳᠠᠨᠢᠯᠴᠠᠭᠤᠯᠭ᠎ᠠ ᠶᠢ ᠰᠤᠨᠤᠰᠴᠤ ᠪᠡᠯᠴᠢᠭᠡᠷ ᠢᠶᠠᠷ ᠳᠤᠭᠤᠷᠢᠭᠰᠠᠨ ᠠᠷᠠᠯᠵᠢᠶᠠᠴᠢᠳ ᠨᠢ ᠬᠤᠷᠰᠢᠶᠠᠵᠢᠯ ᠤᠨ | ᠳᠤᠭᠳᠠᠭᠰᠠᠨ ᠦᠨ᠎ᠡ ᠶᠢ ᠪᠠᠷᠤᠭ ᠦᠨ᠎ᠡ ᠬᠠᠶᠠᠯᠴᠠᠯ ᠦᠭᠡᠢ ᠪᠠᠷ ᠭᠦᠯᠢᠶᠠᠨ ᠠᠪᠳᠠᠭ᠃ ᠡᠭᠦᠨ ᠠᠴᠠ ᠭᠠᠳᠠᠨ᠎ᠡ | ᠬᠤᠨᠢᠨ ᠤ ᠠᠷᠠᠰᠤ᠂ ᠰᠠᠭᠦᠯ ᠢ ᠴᠤ ᠡᠳ᠋ᠰᠢᠭᠦᠯᠦᠨ ᠪᠤᠯᠪᠠᠰᠤᠷᠠᠭᠤᠯᠵᠤ ᠮᠠᠰᠢ ᠰᠠᠶᠢᠨ ᠪᠤᠳᠠᠳᠤ ᠦᠷ᠎ᠡ ᠠᠰᠢᠭ | ᠤᠯᠤᠭᠰᠠᠨ ᠶᠤᠮ᠃ | ᠤᠳᠤ ᠬᠠᠷᠠᠭᠤᠪᠢ ᠮᠠᠯ ᠠᠵᠤ ᠠᠬᠤᠢ ᠶᠢᠨ ᠬᠤᠷᠰᠢᠶᠠᠵᠢᠯ ᠨᠢ ︽ᠪᠦᠭᠦ ᠤᠯᠤᠰ ᠤᠨ ᠮᠠᠯᠴᠢᠨ | ᠳᠠᠷᠢᠶᠠᠴᠢᠨ ᠤ ᠳᠤᠰᠬᠠᠢ ᠬᠤᠷᠰᠢᠶᠡᠵᠢᠯ ᠤᠨ ᠵᠢᠱᠢᠶ᠎ᠡ ᠦᠵᠡᠭᠦᠯᠭᠦ ᠴᠡᠭ︾᠂ ︽ᠦᠪᠡᠷᠳᠡᠭᠡᠨ ᠵᠠᠰᠠᠬᠤ ᠤᠷᠤᠨ ᠤ | ᠮᠠᠯᠴᠢᠨ ᠳᠠᠷᠢᠶᠠᠴᠢᠨ ᠤ ᠳᠤᠰᠬᠠᠢ ᠬᠤᠷᠰᠢᠶᠡᠵᠢᠯ ᠤᠨ ᠵᠢᠱᠢᠶ᠎ᠡ ᠦᠵᠡᠭᠦᠯᠭᠦ ᠴᠡᠭ︾ ᠭᠡᠮᠡᠨ ᠤᠯᠠᠨᠡ ᠰᠤᠷᠤᠯᠴᠠᠬᠤ | ᠳᠠᠭᠤᠷᠢᠶᠠᠯ ᠪᠤᠯᠵᠤ ᠪᠤᠢ᠃ ᠳᠤᠰ ᠬᠤᠷᠰᠢᠶᠠᠵᠢᠯ ᠨᠢ ᠪᠠᠶᠢᠭᠠᠯᠢ ᠶᠢᠨ ᠭᠠᠮᠰᠢᠬ ᠪᠠ ᠵᠠᠬ᠎ᠠ ᠳᠡᠯᠭᠡᠭᠦᠷ ᠤᠨ ᠠᠵᠤ | ᠠᠬᠤᠢ ᠶᠢᠨ ᠬᠤᠷᠴᠠ ᠰᠢᠷᠤᠭᠦᠨ ᠦᠷᠢᠰᠦᠯᠳᠤᠭᠡᠨ ᠤ ᠡᠮᠤᠨ᠎ᠡ᠂ ᠪᠦᠯᠭᠦᠮᠳᠠᠨ ᠨᠢᠭᠳᠠᠷᠠᠵᠤ ᠬᠤᠯᠪᠤᠭᠠᠯᠠᠨ | ᠡᠵᠡᠩᠨᠡᠭᠦ ᠪᠠᠷ ᠳᠡᠮᠵᠢᠨ᠂ ᠳᠠᠯ᠎ᠡ ᠨᠤᠳᠤᠭ ᠢᠶᠠᠨ ᠬᠠᠮᠠᠭᠠᠯᠠᠬᠤ ᠪᠠ ᠠᠰᠢᠭ ᠤᠷᠤᠯᠭ᠎ᠠ ᠪᠠᠨ ᠨᠡᠮᠡᠭᠳᠡᠭᠦᠯᠭᠦ ᠬᠤᠤᠰ | ᠬᠠᠷᠠᠯᠳᠠ ᠶᠢ ᠪᠠᠶᠠᠯᠡᠭᠦᠯᠵᠤ᠂ ᠤᠳᠤ ᠦᠶ᠎ᠡ ᠶᠢᠨ ᠪᠡᠯᠴᠢᠭᠡᠷ ᠤᠨ ᠮᠠᠯ ᠠᠵᠤ ᠠᠬᠤᠢ ᠶᠢᠨ ᠡᠵᠡᠩᠨᠡᠯᠳᠡ ᠶᠢᠨ ᠭᠡᠪ | ᠵᠠᠭᠪᠤᠷ ᠢ ᠡᠭᠦᠳᠭᠦ ᠬᠠᠶᠢᠯᠳᠠ ᠳᠤᠮᠳᠠ ᠠᠰᠢᠭᠳᠠᠢ ᠰᠦᠪᠡᠭᠴᠢᠯᠡᠯᠳᠡ ᠬᠢᠵᠤ ᠶᠠᠪᠤᠨ᠎ᠡ᠃ | ᠰᠤᠷᠪᠤᠯᠵᠢᠯᠠᠭᠴᠢ ᠵᠤᠯᠠ |