ᠭᠦᠳᠡᠭᠡ ᠨᠤᠳᠤᠭ ᠲᠤ ᠡᠭᠦᠰᠦᠭᠰᠡᠨ ᠦᠨᠡᠨ ᠤᠴᠢᠷ ᠶᠠᠭᠤ ᠰᠢᠪᠡᠨᠡᠨ᠎ᠠ⁈
ᠨᠡᠶᠢᠲᠡᠯᠡᠭᠰᠡᠨ ᠴᠠᠭ᠄
2017/6/8
         ᠰᠢᠯᠢ ᠶᠢᠨ ᠬᠤᠳᠠ ᠶᠢᠨ ᠪᠤᠯᠠᠭᠠᠨ ᠰᠤᠮᠤᠨ ᠤ ᠰᠠᠷᠠᠭᠤᠯᠳᠠᠯ᠎ᠠ ᠭᠠᠴᠠᠭᠠᠨ ᠤ ᠮᠠᠯᠴᠢᠨ ᠰᠡᠴᠡᠨᠪᠢᠯᠢᠭ  ᠤᠯᠠᠭᠠᠨᠰᠤᠶᠤᠯ ᠤᠨ ᠵᠤᠷᠢᠭᠳᠠᠢ ᠬᠢᠭᠰᠡᠨ ᠰᠤᠩᠭᠤᠯᠳᠠ ᠨᠢ ᠡᠳᠡᠨᠡᠶᠢᠬᠢᠠ ᠤ ᠠᠮᠢᠳᠤᠷᠠᠯ ᠢᠶᠠᠨ ᠦᠭᠡᠳᠡᠯᠡᠭᠦᠯᠭᠦ ᠳᠤ  ᠨᠢᠭᠡᠨ ᠵᠦᠪ ᠠᠷᠭ᠎ᠠ ᠪᠤᠯᠤᠭᠰᠠᠨ ᠪᠠᠶᠢᠨ᠎ᠠ︕          ᠰᠡᠴᠡᠨᠪᠢᠯᠢᠭ ᠤᠯᠠᠭᠠᠨᠰᠤᠶᠤᠯ ᠬᠤᠶᠠᠷ ᠢ ᠠᠩᠬ᠎ᠠ ᠬᠤᠳᠠ ᠤᠷᠤᠬᠤ ᠳᠤ ᠨᠢᠭᠡ ᠪᠦᠯᠦᠭ ᠭᠦᠮᠦᠰ ᠲᠡᠳᠡ  ᠬᠤᠶᠠᠭᠤᠯᠠ ᠶᠢ ᠶᠠᠭᠤ ᠴᠦ ᠦᠭᠡᠢ ᠪᠤᠯᠤᠭᠠᠳ ᠬᠤᠳᠠ ᠤᠷᠤᠭᠰᠠᠨ ᠭᠡᠮᠡᠨ ᠶᠠᠷᠢᠵᠠᠭᠠᠵᠦ ᠪᠠᠶᠢᠭᠰᠠᠨ ᠶᠤᠮ᠃ ᠡᠶᠢᠨᠭᠦ  ᠰᠤᠷᠪᠤᠯᠵᠢᠯᠠᠭᠴᠢ ᠲᠤᠰᠠᠬᠠᠶᠢᠯᠠᠨ ᠰᠡᠴᠡᠨᠪᠢᠯᠢᠭ ᠤᠨ ᠬᠢ ᠪᠠᠷ ᠭᠦᠷᠴᠦ ᠦᠨᠡᠨ ᠪᠠᠶᠢᠳᠠᠯ ᠢ ᠦᠢᠯᠠᠭᠠᠭᠰᠠᠨ ᠳᠤ ᠡᠳᠡ  ᠬᠤᠶᠠᠭᠤᠯᠠ ᠪᠠᠨ ᠴᠤᠬᠤᠮ ᠭᠦ ᠪᠤᠶᠠᠨ ᠭᠦᠮᠦᠷᠭᠡᠯᠡᠭᠰᠡᠨ ᠪᠤᠳᠤᠯᠭ᠎ᠠ ᠲᠠᠢ ᠬᠦᠮᠦᠰ ᠪᠠᠶᠢᠵᠤ ᠪᠢᠯᠡ᠃  ᠰᠡᠴᠡᠨᠪᠢᠯᠢᠭ ᠤᠨ ᠬᠢ 2016 ᠤᠨ ᠠᠴᠠ 2017 ᠤᠨ ᠤ ᠬᠤᠭᠤᠷᠤᠨᠳᠦ ᠮᠠᠯᠵᠢᠬᠤ ᠦᠢᠯᠡᠳᠪᠦᠷᠢᠯᠡᠯ ᠳᠡᠭᠡᠨ  ᠨᠠᠭᠠᠳᠦ ᠵᠠᠬ᠎ᠠ ᠳᠠᠭᠠᠨ ᠠᠷᠪᠠᠨ ᠲᠦᠮᠡᠨ ᠲᠦᠭᠦᠷᠢᠭ ᠠᠷᠪᠢᠯᠠᠵᠦ᠂ 3 ᠠᠴᠠ 5 ᠲᠦᠮᠡᠨ ᠲᠦᠭᠦᠷᠢᠭ ᠤᠨ ᠴᠡᠪᠡᠷ  ᠤᠷᠤᠯᠭ᠎ᠠ ᠡᠭᠦᠳᠦᠭᠰᠡᠨ ᠨᠠᠷᠢᠨ ᠲᠠᠩᠰᠠ ᠨᠢ ᠲᠤᠪ ᠲᠤᠳᠤᠷᠬᠠᠢ ᠪᠠᠶᠢᠯ᠎ᠠ᠃         2016 ᠤᠨ ᠤ ᠵᠤᠨ ᠨᠠᠮᠤᠷ ᠤᠨ ᠤᠯᠠᠷᠢᠯ ᠳᠤ ᠰᠡᠴᠡᠨᠪᠢᠯᠢᠭ ᠤᠨ ᠬᠢᠨ ᠤ ᠨᠤᠳᠤᠭ ᠲᠤ ᠲᠤᠰᠤᠯ ᠪᠤᠷᠤᠭᠠᠨ  ᠤᠷᠤᠭᠰᠠᠨ ᠦᠭᠡᠢ ᠤᠴᠢᠷ ᠠᠴᠠ ᠨᠤᠳᠤᠭ ᠨᠢ ᠰᠦᠷᠡᠭᠡᠢ ᠭᠠᠨᠭ᠍ᠳᠠᠵᠦ ᠲᠠᠴᠢᠷᠰᠢᠵᠦ᠂ ᠪᠡᠯᠴᠢᠭᠡᠷ ᠠᠴᠠ ᠪᠠᠨ ᠰᠢᠷᠭᠡᠭ  ᠡᠪᠡᠰᠦ ᠴᠦ ᠠᠪᠤᠭᠰᠠᠨ ᠦᠭᠡᠢ ᠠᠴᠠ ᠡᠪᠦᠯᠵᠢᠭᠦᠯᠭᠦ ᠵᠤᠬᠢᠰᠳᠠᠢ ᠡᠭᠡ ᠮᠠᠯ ᠠᠴᠠ ᠪᠠᠨ 200 ᠭᠠᠷᠤᠢ ᠬᠤᠨᠢ ᠢᠮᠠᠭ᠎ᠠ  ᠯᠠ ᠦᠯᠡᠳᠡᠭᠡᠵᠦ᠂ ᠪᠤᠰᠤᠳ ᠢ ᠨᠢ 100 ᠠᠴᠠ 150 ᠲᠦᠭᠦᠷᠢᠭ ᠢᠶᠠᠷ ᠪᠤᠰᠤᠳ ᠲᠤ ᠲᠠᠭᠠᠴᠢᠯᠠᠭᠤᠯᠴᠢᠬᠠᠭᠠᠳ  ᠬᠤᠳᠠ ᠤᠷᠤᠭᠰᠠᠨ ᠪᠠᠶᠢᠯ᠎ᠠ᠃ ᠰᠡᠴᠡᠨᠪᠢᠯᠢᠭ᠄ ︽ᠮᠠᠯᠴᠢᠨ ᠭᠦᠮᠦᠨ ᠶᠠᠮᠠᠷ ᠴᠦ ᠦᠵᠡᠯ ᠰᠠᠨᠠᠭᠠᠨ ᠤ ᠪᠡᠯᠡᠳᠭᠡᠯ  ᠦᠭᠡᠢ᠂ ᠰᠢᠭᠤᠳ ᠬᠤᠳᠠ ᠤᠷᠤᠴᠢᠬᠠᠬᠤ ᠴᠢᠨᠢ ᠶᠡᠭᠡ ᠬᠢᠳᠡᠯ ᠠᠯᠳᠠᠳᠠᠭ ᠶᠤᠮ ᠪᠠᠶᠢᠨ᠎ᠠ ᠯᠠᠢ︕ ᠲᠤᠬᠠᠢ ᠶᠢᠨ  ᠦᠶ᠎ᠠ ᠳᠤ ᠭᠡᠳᠦᠨ ᠡᠳᠦᠷ ᠠᠵᠢᠯ ᠡᠷᠢᠭᠰᠡᠨ ᠪᠤᠯᠪᠠᠴᠤ ᠪᠦᠷ ᠯᠠ ᠡᠯᠧᠺᠲᠷᠤᠨᠴᠢᠯᠠᠯ ᠤᠨ ᠴᠠᠭ ᠦᠶ᠎ᠠ ᠳᠤ  ᠤᠷᠤᠴᠢᠬᠠᠭᠰᠠᠨ ᠤᠴᠢᠷ ᠠᠴᠠ ᠪᠢᠳᠡᠨ ᠤ ᠬᠢᠵᠦ ᠴᠢᠳᠠᠳᠠᠭ ᠠᠵᠢᠯ ᠨᠢ ᠬᠢᠵᠠᠭᠠᠷ ᠲᠠᠢ᠂ ᠭᠡᠪᠡᠴᠦ ᠵᠦᠭᠡᠷ ᠰᠠᠭᠤᠵᠦ  ᠡᠳᠦᠷ ᠬᠤᠨᠤᠭ ᠢ ᠦᠡᠭᠭᠡᠷᠡᠭᠦᠯᠵᠦ ᠪᠤᠯᠬᠤ ᠦᠭᠡᠢ᠃ ᠲᠡᠭᠡᠭᠡᠳ ᠪᠢᠳᠡ ᠬᠤᠶᠠᠭᠤᠯᠠ ᠵᠦᠭᠡᠷ ᠰᠠᠭᠤᠭᠰᠠᠨ ᠠᠴᠠ  ᠵᠦᠯᠭᠦᠵᠦ ᠰᠠᠭᠤ ᠭᠡᠳᠡᠭᠴᠢᠯᠠᠨ ᠬᠤᠳᠠ ᠳᠤ ᠢᠷᠡᠭᠡᠳ ︿ᠨᠦᠭᠦᠷᠯᠡᠯ﹀ ᠰᠠᠭᠤᠭᠠᠯᠢ ᠲᠤᠭᠤᠷᠢᠭ ᠲᠤ ᠡᠨᠡᠭᠦ ᠲᠡᠷᠭᠡᠨ  ᠭᠦᠮᠦᠷᠭᠡ ᠶᠢ ᠵᠢᠯ ᠳᠤ ᠨᠢᠭᠡ ᠲᠦᠮᠡᠨ ᠲᠦᠭᠦᠷᠢᠭ ᠢᠶᠠᠷ ᠲᠦᠷᠢᠶᠡᠰᠦᠯᠡᠨ ᠂ ᠴᠤᠯ ᠪᠠᠶᠢᠭᠠᠯᠢᠯᠢᠭ ᠢᠶᠠᠷ ᠢᠶᠠᠨ ᠰᠦ  ᠰᠠᠭᠠᠯᠢ ᠪᠠᠨ ᠡᠳ᠋ᠰᠢᠭᠦᠯᠦᠨ ᠪᠤᠯᠪᠠᠰᠤᠷᠠᠭᠤᠯᠵᠦ᠂ ᠨᠢᠳᠦᠨ ᠡᠮᠦᠨᠡᠬᠢ ᠭᠦᠴᠢᠷᠳᠡᠯ ᠢᠶᠠᠨ ᠰᠢᠢᠳᠪᠦᠷᠢᠯᠡᠭᠦ ᠶᠢ ᠵᠤᠷᠢᠭᠰᠠᠨ  ᠃ ᠶᠡᠷᠦ ᠨᠢ ᠡᠪᠡᠰᠦ ᠪᠤᠷᠳᠤᠭᠠᠨ ᠤ ᠦᠨ᠎ᠠ ᠬᠠᠨᠭ᠍ᠰᠢ ᠨᠡᠶᠢᠳᠡᠮ ᠦᠰᠴᠦ᠂ ᠠᠮᠠᠷᠬᠠᠨ ᠰᠦ ᠤᠯᠳᠠᠬᠤ ᠦᠭᠡᠢ  ᠤᠴᠢᠷ ᠠᠴᠠ ᠠᠩᠬᠠᠨ ᠳᠠᠭᠠᠨ ᠪᠢᠳᠡ ᠲᠠᠨᠢᠯ ᠢᠶᠠᠨ ᠡᠷᠢᠵᠦ᠂ 50 ᠭᠠᠷᠤᠢ ᠵᠢᠩ ᠰᠦ ᠪᠠᠷ ᠡᠳᠦᠷ ᠲᠤ 4 ᠵᠢᠩ  ᠢᠯᠡᠭᠦᠦ ᠬᠤᠷᠤᠳ᠂ 3 ᠵᠢᠩ ᠢᠯᠡᠭᠦᠦ ᠵᠦᠭᠡᠭᠡᠢ ᠭᠠᠷᠭᠠᠵᠦ ᠪᠤᠷᠤᠯᠠᠭᠤᠯᠳᠠᠭ ᠴᠤ ᠡᠳᠦᠷ ᠪᠦᠷᠢ ᠶᠢᠨ ᠭᠡᠷ ᠤᠨ  ᠲᠦᠷᠢᠶᠡᠰᠦ ᠪᠠ ᠢᠳᠡᠵᠦ ᠤᠤᠭᠤᠬᠤ ᠪᠠᠨ ᠬᠠᠨᠭ᠍ᠭᠠᠵᠦ ᠬᠦᠢᠴᠡᠴᠢᠭᠡᠳᠡᠭ᠃ ᠤᠳᠤ ᠪᠤᠯᠬᠤ ᠳᠤ ᠮᠠᠨᠠᠶᠢᠬᠢᠨ ᠠᠴᠠ  ᠴᠠᠭᠠᠨ ᠢᠳᠡᠭᠡᠨ ᠠᠪᠬᠤ ᠭᠦᠮᠦᠨ ᠤᠯᠠᠨ ᠪᠤᠯᠤᠭᠰᠠᠨ ᠤᠴᠢᠷ ᠠᠴᠠ ᠡᠳᠦᠷ ᠪᠦᠷᠢ ᠡᠳ᠋ᠰᠢᠭᠦᠯᠭᠦ ᠰᠦ ᠪᠠᠨ ᠴᠦ  ᠨᠡᠮᠡᠭᠳᠡᠭᠦᠯᠦᠭᠰᠡᠨ ᠶᠤᠮ᠃ ᠡᠭᠦᠨ ᠤ ᠲᠡᠭᠡᠷ᠎ᠠ ᠪᠠᠰᠠ ᠮᠤᠩᠭᠤᠯ ᠪᠤᠤᠪᠤ ᠬᠠᠭᠠᠷᠢᠨ᠂ ᠪᠤᠤᠵᠠ ᠪᠠᠩᠰᠢ ᠬᠢᠵᠦ  ᠬᠤᠳᠠᠯᠳᠤᠭᠠᠳ ᠤᠷᠤᠯᠭ᠎ᠠ ᠴᠦ ᠨᠡᠮᠡᠭᠳᠡᠭᠰᠡᠨ ᠶᠤᠮ︾ ᠭᠡᠮᠡᠨ ᠤᠴᠢᠷᠯᠠᠨ᠎ᠠ᠃         ᠮᠠᠯᠴᠢᠨ ᠭᠦᠮᠦᠨ ᠮᠠᠯ ᠠᠵᠤ ᠠᠬᠤᠢ ᠪᠠᠨ ᠡᠵᠡᠩᠨᠡᠭᠦ ᠳᠤ ᠲᠠᠩᠰᠠ ᠪᠤᠳᠤᠵᠦ ᠨᠠᠷᠢᠨ ᠲᠤᠭᠠᠴᠠᠭ᠎ᠠ ᠬᠢᠭᠦ ᠨᠢ ᠲᠤᠩ  ᠴᠢᠬᠤᠯᠠ ᠮᠦᠷᠳᠡᠭᠡᠨ ᠠᠵᠢᠯᠴᠢ ᠬᠤᠶᠠᠷ ᠭᠠᠷ ᠲᠠᠭᠠᠨ ᠲᠦᠰᠢᠭᠯᠡᠪᠡᠯ ᠬᠠᠮᠢᠭ᠎ᠠ ᠭᠠᠵᠠᠷ ᠭᠦᠷᠦᠭᠰᠡᠨ ᠴᠦ ᠭᠦᠯ  ᠲᠤᠭᠳᠠᠵᠦ ᠠᠮᠢᠳᠤᠷᠠᠯ ᠢᠶᠠᠨ ᠦᠭᠡᠳᠡᠯᠡᠭᠦᠯᠵᠦ ᠴᠢᠳᠠᠬᠤ ᠨᠢ ᠯᠠᠪᠳᠠᠢ᠃ ᠰᠡᠴᠡᠨᠪᠢᠯᠢᠭ ᠤᠯᠠᠭᠠᠨᠰᠤᠶᠤᠯ ᠰᠢᠭ᠋ ᠭᠦᠳᠡᠭᠡ  ᠨᠤᠳᠤᠭ ᠤᠨ ᠠᠮᠢ ᠠᠬᠤᠢ ᠮᠠᠭᠤᠳᠠᠭᠰᠠᠨ ᠪᠠᠶᠢᠳᠠᠯ ᠳᠤ ᠭᠠᠷ ᠢᠶᠠᠨ ᠨᠤᠬᠤᠯᠠᠨ ᠭᠠᠴᠢᠭᠳᠠᠵᠦ ᠰᠠᠭᠤᠭᠰᠠᠨ ᠦᠭᠡᠢ᠂  ᠬᠠᠷᠢᠨ ᠠᠯᠢᠪᠠ ᠤᠷᠤᠯᠭ᠎ᠠ ᠵᠠᠷᠤᠯᠭ᠎ᠠ ᠪᠠᠨ ᠨᠠᠷᠢᠨ ᠲᠡᠮᠳᠡᠭᠯᠡᠵᠦ᠂ ᠬᠤᠳᠠ ᠤᠷᠤᠵᠦ ᠦᠪᠡᠷ ᠤᠨ ᠬᠢᠵᠦ ᠴᠢᠳᠠᠳᠠᠭ  ᠠᠵᠢᠯ ᠢᠶᠠᠷ ᠢᠶᠠᠨ ᠤᠷᠤᠯᠭ᠎ᠠ ᠡᠭᠦᠳᠴᠦ ᠶᠠᠭᠠᠷᠠᠯ᠎ᠠ᠃ ᠡᠶᠢᠮᠦ ᠠᠴᠠ ᠵᠠᠷᠢᠮ ᠨᠢᠭᠡ ᠪᠦᠯᠦᠭ ᠮᠠᠯᠵᠢᠬᠤ ᠦᠢᠯᠡᠳᠪᠦᠷᠢᠯᠡᠯ  ᠲᠡᠭᠡᠷ᠎ᠠ ᠪᠠᠨ ᠠᠷᠭ᠎ᠠ ᠳ᠋ᠦᠢ ᠪᠠᠨ ᠤᠯᠬᠤ ᠦᠭᠡᠢ᠂ ᠠᠮᠢᠳᠤᠷᠠᠯ ᠠᠬᠤᠢ ᠳᠠᠭᠠᠨ ᠵᠦᠳᠡᠷᠡᠵᠦ ᠪᠠᠶᠢᠭ᠎ᠠ ᠮᠠᠯᠴᠢᠳ ᠮᠢᠨᠢ  ᠰᠡᠴᠡᠨᠪᠢᠯᠢᠭ ᠤᠯᠠᠭᠠᠨᠰᠤᠶᠤᠯ ᠰᠢᠭ᠋ ᠨᠠᠷᠢᠨ ᠲᠤᠭᠠᠴᠠᠭ᠎ᠠ ᠬᠢᠵᠦ᠂ ᠲᠠᠩᠰᠠ ᠪᠤᠳᠤᠨ ᠮᠠᠯ ᠠᠵᠤ ᠠᠬᠤᠢ ᠪᠠᠨ  ᠵᠤᠬᠢᠴᠠᠭᠤᠯᠵᠦ᠂ ᠠᠵᠢᠯ ᠠᠮᠢᠳᠤᠷᠠᠯ ᠳᠠᠭᠠᠨ ᠱᠠᠯᠠᠮᠠᠭᠠᠶᠢᠯᠠᠵᠦ᠂ ᠠᠶᠢᠯ ᠡᠷᠦᠭᠡ ᠪᠠᠨ ᠦᠭᠡᠳᠡ ᠨᠢ ᠲᠠᠳᠠᠵᠦ ᠪᠠᠶᠢᠭ᠎ᠠ  ᠦᠯᠢᠭᠡᠷ ᠵᠢᠱᠢᠶ᠎ᠠ ᠠᠴᠠ ᠶᠠᠭᠤ ᠨᠢᠭᠡ ᠶᠢ ᠰᠡᠳᠬᠢᠭᠦᠰᠢᠳᠠᠢ ᠰᠠᠨᠠᠭᠳᠠᠨ᠎ᠠ︕                ︵ᠤᠨᠴᠠ ᠤᠷᠢᠭᠰᠠᠨ ᠰᠤᠷᠪᠤᠯᠵᠢᠯᠠᠭᠴᠢ ᠲᠤ᠋ · ᠲᠦᠮᠡᠨᠪᠠᠶᠠᠷ︶  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号