ᠥᠪᠥᠷ ᠮᠤᠩᠭᠤᠯ ᠤᠨ ᠴᠠᠬᠠᠷ ᠰᠤᠶᠤᠯ ᠤᠨ ᠰᠤᠳᠤᠯᠭᠠᠨ ᠤ ᠨᠡᠶᠢᠭᠡᠮᠯᠢᠭ ᠪᠠᠶᠢᠭᠤᠯᠤᠭᠳᠠᠪᠠ
ᠨᠡᠶᠢᠲᠡᠯᠡᠭᠰᠡᠨ ᠴᠠᠭ᠄
2018/3/16
            2017 ᠤᠨ ᠤ 6 ᠰᠠᠷ᠎ᠠ ᠶᠢᠨ 18᠎ ᠤ ᠡᠳᠥᠷ᠂ ᠥᠪᠥᠷ ᠮᠤᠩᠭᠤᠯ ᠤᠨ ᠴᠠᠬᠠᠷ ᠰᠤᠶᠤᠯ ᠤᠨ   ᠰᠤᠳᠤᠯᠭᠠᠨ ᠤ ᠨᠡᠶᠢᠭᠡᠮᠯᠢᠭ ᠪᠠᠶᠢᠭᠤᠯᠤᠭᠳᠠᠬᠤ ᠬᠤᠷᠠᠯ ᠵᠢᠴᠢ ᠨᠡᠶᠢᠭᠡᠮᠯᠢᠭ ᠤᠨ ᠨᠢᠭᠡᠳᠦᠭᠡᠷ ᠬᠤᠭᠤᠴᠠᠭᠠᠨ ᠤ   ᠭᠡᠰᠢᠭᠦᠳ ᠤᠨ ᠶᠡᠭᠡ ᠬᠤᠷᠠᠯ ᠬᠥᠬᠡᠬᠤᠲᠠ ᠳᠤ ᠶᠠᠪᠤᠭᠳᠠᠪᠠ᠃                                 ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠤᠬᠠᠭᠤᠯᠬᠤ  ᠬᠡᠯᠲᠡᠰ᠂  ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠨᠡᠶᠢᠭᠡᠮ ᠤᠨ ᠰᠢᠨᠵᠢᠯᠡᠬᠦ ᠤᠬᠠᠭᠠᠨ ᠤ  ᠬᠥᠷᠢᠶᠡᠯᠡᠩ᠂  ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠨᠡᠶᠢᠭᠡᠮ ᠤᠨ ᠰᠢᠨᠵᠢᠯᠡᠬᠦ ᠤᠬᠠᠭᠠᠨ ᠤ  ᠬᠤᠯᠪᠤᠭᠠᠲᠥ ᠬᠤᠷᠠᠯ  ᠂ ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠠᠷᠠᠳ ᠤᠨ ᠶᠠᠪᠤᠳᠠᠯ ᠤᠨ  ᠲᠢᠩᠬᠢᠮ ᠵᠡᠷᠭᠡ ᠪᠠᠶᠢᠭᠤᠯᠭ᠎ᠠ  ᠨᠢᠭᠡᠴᠡ ᠶᠢᠨ ᠬᠠᠮᠢᠶ᠎ᠠ ᠪᠦᠬᠦᠢ ᠤᠳᠤᠷᠢᠳᠤᠯᠭ᠎ᠠ ᠬᠤᠷᠠᠯ ᠳᠤ ᠰᠠᠭᠠᠲᠠᠪᠠ᠃                               ᠬᠤᠷᠠᠯ ᠳᠤ ᠤᠯᠠᠭᠠᠨᠴᠠᠪ ᠬᠤᠲᠠ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂  ᠤᠬᠠᠭᠤᠯᠬᠤ ᠬᠡᠯᠲᠡᠰ ᠤᠨ ᠳᠠᠷᠤᠭ᠎ᠠ ᠼᠤᠤ ᠰᠧ ᠶᠠᠩ᠂ ᠤᠯᠠᠭᠠᠨᠴᠠᠪ ᠬᠤᠲᠠ ᠶᠢᠨ ᠵᠠᠰᠠᠭ ᠤᠨ ᠤᠷᠳᠤᠨ ᠤ ᠳᠡᠳ᠋  ᠳᠠᠷᠤᠭ᠎ᠠ ᠢᠥᠢ ᠬᠠᠢ ᠢᠥᠢ ᠤᠷᠤᠯᠴᠠᠪᠠ᠃                           ᠦᠪᠦᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠬᠠᠮᠢᠶ᠎ᠠ ᠪᠥᠬᠦᠢ ᠰᠠᠯᠠᠭ᠎ᠠ ᠮᠥᠴᠢᠷ ᠤᠨ  ᠤᠳᠤᠷᠢᠳᠤᠯᠭ᠎ᠠ᠂ ᠮᠤᠩᠭᠤᠯ ᠤᠯᠤᠰ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠶᠡᠭᠡ ᠰᠤᠷᠭᠠᠭᠤᠯᠢ᠂  ᠥᠪᠥᠷ ᠮᠤᠩᠭᠤᠯ ᠤᠨ ᠡᠯ᠎ᠡ ᠶᠡᠭᠡ ᠲᠡᠭᠡᠲᠥ ᠰᠤᠷᠭᠠᠭᠤᠯᠢ᠂ ᠤᠯᠠᠭᠠᠨᠴᠨᠪ᠂ ᠰᠢᠯᠢ ᠶᠢᠨ ᠭᠤᠤᠯ᠂ ᠬᠦᠬᠡᠬᠤᠲᠠ᠂  ᠰᠢᠨᠵᠢᠶᠠᠩ ᠤᠨ ᠪᠤᠷᠤᠲᠠᠯ᠎ᠠ ᠶᠢᠨ ᠮᠤᠩᠭᠤᠯ ᠥᠨᠳᠥᠰᠥᠲᠡᠨ ᠤ ᠥᠪᠡᠷᠲᠡᠭᠡᠨ ᠵᠠᠰᠠᠬᠤ ᠵᠸᠤ᠂ ᠾᠧᠪᠸᠢ ᠮᠤᠵᠢ ᠶᠢᠨ  ᠴᠢᠭᠤᠯᠤᠯᠲᠥ ᠬᠠᠭᠠᠯᠭ᠎ᠠ᠂ ᠾᠧᠨᠠᠨ ᠮᠤᠵᠢ ᠶᠢᠨ ᠺᠠᠶᠢᠹᠧᠩ ᠬᠤᠲᠠ ᠵᠡᠷᠭᠡ ᠭᠠᠵᠠᠷ ᠤᠷᠤᠨ ᠤ ᠰᠤᠶᠤᠯ ᠲᠡᠥᠬᠡ ᠶᠢᠨ  ᠡᠷᠳᠡᠮᠲᠡᠳ᠂ ᠴᠠᠬᠠᠷ ᠰᠤᠶᠤᠯ ᠤᠨ ᠰᠤᠳᠤᠯᠭᠠᠲᠠᠳ᠂ ᠬᠠᠮᠢᠶ᠎ᠠ ᠪᠥᠬᠦᠢ ᠰᠤᠶᠤᠯ ᠤᠨ ᠠᠵᠤ ᠥᠢᠯᠡᠰᠵᠢᠯᠲᠡ ᠶᠢᠨ  ᠠᠵᠤ ᠠᠬᠤᠢᠢᠯᠠᠯ ᠤᠨ ᠲᠥᠯᠥᠭᠡᠯᠡᠭᠴᠢ᠂ ᠬᠠᠮᠢᠶ᠎ᠠ ᠪᠥᠬᠦᠢ ᠪᠥᠯᠬᠦᠮ ᠨᠡᠶᠢᠭᠡᠮᠯᠢᠭ ᠤᠨ ᠬᠢᠨ ᠲᠤᠰ ᠤᠳᠠᠭᠠᠨ ᠤ  ᠬᠤᠷᠠᠯ ᠳᠤ ᠤᠷᠤᠯᠴᠠᠭᠰᠠᠨ ᠪᠠᠶᠢᠨ᠎ᠠ᠃                           ᠦᠳᠡ ᠶᠢᠨ ᠡᠮᠦᠨ᠎ᠡ᠂ ᠴᠠᠬᠠᠷ ᠰᠤᠶᠤᠯ ᠤᠨ ᠰᠤᠳᠤᠯᠭᠠᠨ ᠤ ᠨᠡᠶᠢᠭᠡᠮᠯᠢᠭ ᠤᠨ ᠠᠩᠬᠠᠳᠤᠭᠠᠷ  ᠬᠤᠭᠤᠴᠠᠭᠠᠨ ᠤ ᠭᠡᠰᠢᠭᠦᠳ ᠤᠨ ᠶᠡᠭᠡ ᠬᠤᠷᠠᠯ ᠬᠤᠷᠠᠯᠳᠤᠵᠤ᠂ ᠡᠯ᠎ᠡ ᠵᠦᠢᠯ ᠤᠨ ᠬᠢᠨᠠᠨ ᠵᠥᠪᠯᠡᠬᠦ ᠲᠥᠰᠥᠯ ᠢᠶᠠᠨ  ᠭᠥᠢᠴᠡᠳᠭᠡᠵᠤ᠂ ᠫᠠᠨ ᠰᠢᠶᠤᠤ ᠫᠢᠩ ᠨᠡᠶᠢᠭᠡᠮᠯᠢᠭ ᠤᠨ ᠳᠠᠷᠤᠭ᠎ᠠ ᠪᠠᠷ ᠰᠤᠩᠭᠤᠭᠳᠠᠵᠤ᠂ ᠤᠯᠠᠭᠠᠨ᠂ ᠰᠤᠳᠤᠪᠢᠯᠢᠭ᠌᠂  ᠭᠠᠨᠭ᠍ᠲᠡᠮᠦᠷ᠂ ᠵᠠᠭᠠᠷ᠂ ᠨᠤᠮᠢᠨᠳᠠᠯᠠᠢ᠂ ᠵᠠᠩ ᠯᠢ ᠫᠢᠩ᠂ ᠨᠠᠮᠵᠢᠯᠰᠡᠷᠡᠩ᠂ ᠲᠤᠳᠤᠪᠠᠶᠠᠷ᠂ ᠵᠠᠩ ᠵᠢᠶᠠᠨ ᠬᠤᠸᠠ᠂  ᠤᠶᠤᠨᠪᠠᠳᠤ᠂ ᠸᠠᠩ ᠯᠢ ᠲᠢᠶᠠᠨ᠂ ᠪᠤᠤ ᠮᠧᠢ ᠬᠤᠸᠠ ᠨᠠᠷ ᠨᠡᠶᠢᠭᠡᠮᠯᠢᠭ ᠤᠨ ᠳᠡᠳ᠋ ᠲᠡᠷᠢᠭᠦᠯᠡᠭᠴᠢ ᠪᠠᠷ  ᠰᠤᠩᠭᠤᠭᠳᠠᠵᠤ᠂ ᠤᠯᠠᠭᠠᠨ ᠨᠠᠷᠢᠨ ᠪᠢᠴᠢᠭ ᠤᠨ ᠳᠠᠷᠤᠭ᠎ᠠ ᠪᠠᠷ ᠰᠤᠩᠭᠤᠭᠳᠠᠪᠠ᠃ ᠸᠧᠢ ᠰᠢᠤᠸᠠᠨ ᠢ ᠨᠡᠶᠢᠭᠡᠮᠯᠢᠭ ᠤᠨ  ᠨᠡᠷ᠎ᠡ ᠬᠥᠨᠳᠥᠲᠥ ᠳᠠᠷᠤᠭ᠎ᠠ ᠪᠠᠷ᠂ ᠲᠡᠷᠢᠭᠦᠨ᠂ ᠵᠤᠤ ᠱᠢ ᠯᠢᠶᠠᠩ ᠢ ᠨᠡᠶᠢᠭᠡᠮᠯᠢᠭ ᠤᠨ ᠨᠡᠷ᠎ᠡ ᠬᠥᠨᠳᠥᠲᠥ ᠳᠡᠳ᠋  ᠳᠠᠷᠤᠭ᠎ᠠ ᠪᠠᠷ ᠤᠷᠢᠨ ᠲᠤᠮᠢᠯᠠᠵᠤ᠂ ᠰᠢᠶᠠ ᠮᠢᠩ ᠰᠢᠩ ᠢ ᠨᠡᠶᠢᠭᠡᠮᠯᠢᠭ ᠤᠨ ᠳᠡᠳ᠋ ᠳᠠᠷᠤᠭ᠎ᠠ ᠪᠠᠷ ᠤᠨᠴᠠ ᠤᠷᠢᠪᠠ᠃  ᠭᠠᠨᠭ᠍ᠲᠡᠮᠥᠷ ᠢ ᠴᠠᠬᠠᠷ ᠰᠤᠶᠤᠯ ᠤᠨ ᠰᠤᠳᠤᠯᠭᠠᠨ ᠤ ᠲᠤᠰᠬᠠᠢ ᠮᠡᠷᠭᠡᠵᠢᠯᠲᠡᠨ ᠢᠶᠠᠷ ᠲᠤᠮᠢᠯᠠᠵᠤ᠂ ᠪᠤᠶᠠᠨᠬᠦᠥ᠂ ᠫᠠᠨ ᠵᠤᠤ  ᠳ᠋ᠥᠩ᠂ ᠱ᠊ · ᠲᠥᠩᠰᠢᠭ᠂ ᠨᠠᠳᠮᠢᠳ᠂ ᠴᠤ᠋ · ᠷᠠᠪᠵᠠᠢ᠂ ᠷᠠᠰᠢᠨᠢᠮ᠎ᠠ᠂ ᠠᠷᠲᠠᠢ᠂ ᠯᠢᠭᠳᠡᠨ᠂ ᠭᠤ · ᠷᠠᠰᠢᠵᠠᠪ ᠨᠠᠷ ᠢ  ᠴᠠᠬᠠᠷ ᠰᠤᠶᠤᠯ ᠤᠨ ᠰᠤᠳᠤᠯᠭᠠᠨ ᠤ ᠨᠡᠶᠢᠭᠡᠮᠯᠢᠭ ᠤᠨ ᠡᠷᠳᠡᠮ ᠰᠢᠨᠵᠢᠯᠡᠭᠡᠨ ᠤ ᠵᠥᠪᠯᠡᠭᠴᠢ ᠪᠠᠷ ᠤᠷᠢᠭᠰᠠᠨ ᠪᠠᠶᠢᠨ᠎ᠠ᠃                             ᠬᠤᠷᠠᠯ ᠲᠡᠭᠡᠷ᠎ᠡ᠂ ︽ᠴᠠᠬᠠᠷ ᠰᠤᠶᠤᠯ ᠤᠨ ᠰᠤᠳᠤᠯᠭᠠᠨ ᠤ ᠨᠡᠶᠢᠭᠡᠮᠯᠢᠭ ᠤᠨ ᠳᠦᠷᠢᠮ︾᠎ ᠢ  ᠪᠠᠳᠤᠯᠠᠵᠤ᠂ ᠤᠳᠤᠷᠢᠳᠬᠤ ᠪᠠᠭ ᠢ ᠰᠤᠩᠭᠤᠨ ᠭᠠᠷᠭᠠᠵᠤ᠂ ︽ᠦᠪᠦᠷ ᠮᠤᠩᠭᠤᠯ ᠤᠨ ᠴᠠᠬᠠᠷ ᠰᠤᠶᠤᠯ ᠤᠨ  ᠰᠤᠳᠤᠯᠭᠠᠨ ᠤ ᠨᠡᠶᠢᠭᠡᠮᠯᠢᠭ ᠤᠨ ᠠᠵᠢᠯ ᠤᠨ ᠳᠦᠷᠢᠮ︾ ᠪᠤᠯᠤᠨ ︽ᠦᠪᠦᠷ ᠮᠤᠩᠭᠤᠯ ᠤᠨ ᠴᠠᠬᠠᠷ ᠰᠤᠶᠤᠯ ᠤᠨ  ᠰᠤᠳᠤᠯᠭᠠᠨ ᠤ ᠨᠡᠶᠢᠭᠡᠮᠯᠢᠭ ᠤᠨ ᠱᠠᠩᠨᠠᠵᠤ ᠬᠦᠬᠢᠭᠦᠯᠬᠦ ᠠᠷᠭ᠎ᠠ︾᠎ ᠶᠢ ᠨᠡᠶᠢᠳᠡᠯᠡᠪᠡ᠃                           ᠬᠤᠷᠠᠯ ᠠᠴᠠ ᠬᠤᠶᠢᠰᠢᠳᠠ ᠶᠢᠨ ᠭᠤᠤᠯ ᠠᠵᠢᠯ ᠤᠨ ᠡᠭᠦᠷᠭᠡ ᠶᠢ ᠲᠤᠷᠠᠳᠴᠦ ᠲᠤᠳᠤᠷᠬᠠᠢ  ᠱᠠᠭᠠᠷᠳᠠᠯᠭ᠎ᠠ ᠲᠠᠯᠪᠢᠵᠠᠢ᠃ ᠨᠢᠭᠡ ᠳᠤ᠂ ᠤᠨᠤᠯ ᠤᠨ ᠰᠤᠳᠤᠯᠭᠠᠨ ᠢ ᠭᠦᠨᠵᠡᠭᠡᠶᠢᠷᠡᠭᠦᠯᠵᠦ᠂ ᠤᠶᠤᠨᠲᠤ ᠬᠦᠮᠦᠷᠭᠡ ᠶᠢᠨ  ᠦᠢᠯᠡᠳᠦᠯ ᠢ ᠪᠠᠳᠠᠷᠠᠭᠤᠯᠬᠤ ᠬᠡᠷᠡᠭᠲᠠᠢ᠃ ᠬᠤᠶᠠᠷ ᠲᠤ᠂ ᠡᠯ᠎ᠡ ᠲᠠᠯ᠎ᠠ ᠶᠢᠨ ᠤᠶᠤᠨ ᠤᠬᠠᠭᠠᠨ ᠢ ᠨᠢᠭᠲᠠᠷᠠᠭᠤᠯᠵᠤ᠂  ᠦᠷ᠎ᠡ ᠪᠦᠲᠦᠭᠡᠯ ᠢᠶᠠᠨ ᠠᠵᠤ ᠦᠢᠯᠡᠰᠵᠢᠭᠦᠯᠬᠦ ᠶᠢ ᠠᠬᠢᠭᠤᠯᠬᠤ ᠬᠡᠷᠡᠭᠲᠠᠢ᠃ ᠭᠤᠷᠪᠠ ᠳᠤ᠂ ᠡᠷᠳᠡᠮ ᠰᠢᠨᠵᠢᠯᠡᠭᠡᠨ ᠤ  ᠰᠤᠯᠢᠯᠴᠠᠭᠠᠨ ᠢ ᠴᠢᠩᠭᠠᠳᠬᠠᠵᠤ᠂ ᠭᠠᠳᠠᠭᠰᠢ ᠨᠦᠯᠦᠭᠡ ᠪᠠᠨ ᠦᠷᠭᠡᠳᠭᠡᠬᠦ ᠬᠡᠷᠡᠭᠲᠡᠢ᠃ ᠳᠦᠷᠪᠡ ᠳᠤ᠂  ᠬᠤᠯᠪᠤᠭᠠᠯᠠᠨ ᠠᠵᠢᠯᠯᠠᠬᠤ ᠲᠤᠭᠲᠠᠴᠠ ᠶᠢ ᠪᠦᠷᠢᠯᠳᠦᠭᠦᠯᠵᠦ᠂ ᠬᠠᠯᠠᠭᠤᠨ ᠳᠤᠯᠠᠭᠠᠨ ᠰᠤᠶᠤᠯ ᠤᠨ ᠤᠷᠴᠢᠨ ᠢ  ᠴᠤᠭᠴᠠᠯᠠᠬᠤ ᠬᠡᠷᠡᠭᠲᠡᠢ᠃                           ᠤᠢᠢᠯᠠᠭᠠᠭᠰᠠᠨ ᠢᠶᠠᠷ᠂ ᠴᠠᠬᠠᠷ ᠰᠤᠶᠤᠯ ᠤᠨ ᠰᠤᠳᠤᠯᠭᠠᠨ ᠤ ᠨᠡᠶᠢᠭᠡᠮᠯᠢᠭ ᠨᠢ ᠡᠷᠳᠡᠮ  ᠰᠢᠨᠵᠢᠯᠡᠭᠡᠨ ᠤ ᠵᠥᠪᠯᠡᠯ᠂ ᠰᠤᠶᠤᠯ ᠤᠨ ᠠᠵᠤ ᠥᠢᠯᠡᠰᠵᠢᠯᠲᠡ ᠶᠢ ᠲᠥᠯᠬᠢᠨ ᠠᠬᠢᠭᠤᠯᠬᠤ ᠵᠥᠪᠯᠡᠯ᠂ ᠴᠠᠬᠠᠷ  ᠤᠶᠤᠨᠲᠥ ᠬᠥᠮᠥᠷᠭᠡ ᠵᠡᠷᠭᠡ ᠭᠤᠷᠪᠠᠨ ᠰᠢᠭᠤᠳ ᠬᠠᠷᠢᠶ᠎ᠠ ᠪᠠᠶᠢᠭᠤᠯᠤᠮᠵᠢ ᠲᠠᠢ᠃ ᠲᠤᠰ ᠨᠡᠶᠢᠭᠡᠮᠯᠢᠭ ᠤᠨ  ᠪᠠᠶᠢᠭᠤᠯᠤᠭᠳᠠᠭᠰᠠᠨ ᠨᠢ ᠥᠪᠥᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠡᠲᠡᠭᠡᠳ ᠤᠨ ᠨᠢᠭᠡᠨ  ᠪᠠᠶᠠᠷᠯᠠᠭᠤᠰᠢᠲᠠᠢ ᠲᠤᠮᠤ ᠶᠠᠪᠤᠳᠠᠯ ᠪᠥᠭᠡᠳ ᠪᠥᠬᠦ ᠤᠷᠤᠨ ᠤ ᠥᠨᠳᠥᠰᠥᠲᠡᠨ ᠤ ᠰᠤᠶᠤᠯ ᠤᠨ ᠰᠤᠳᠤᠯᠭᠠᠨ ᠤ ᠪᠠᠳᠠᠷᠠᠯ  ᠬᠥᠭᠵᠢᠯ ᠳᠤ ᠯᠤᠳᠤ ᠶᠡᠭᠡ ᠲᠥᠯᠬᠢᠴᠡ ᠥᠢᠯᠡᠳᠥᠯ ᠦᠵᠡᠭᠦᠯᠬᠦ ᠮᠦᠷᠳᠡᠭᠡᠨ ᠠᠯᠤᠰ ᠬᠡᠲᠥ ᠶᠢᠨ ᠲᠡᠥᠬᠡ ᠶᠢᠨ ᠠᠴᠢ  ᠬᠤᠯᠪᠤᠭᠳᠠᠯ ᠲᠠᠢ ᠪᠤᠯᠬᠤ ᠨᠢ ᠲᠠᠮᠵᠢᠭ ᠦᠭᠡᠢ᠃
 
ᠢᠷᠡᠯᠲᠡ᠄ ᠤᠯᠠᠭᠠᠨᠴᠠᠪ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号