ᠬᠡᠤᠭᠡᠳ ᠤᠨ ᠨᠠᠰᠤ ᠨᠡᠮᠡᠬᠦ ᠵᠤᠭᠤᠰ ᠢ ᠭᠡᠷᠬᠢᠨ ᠡᠵᠡᠮᠳᠡᠬᠦ ᠪᠤᠢ
ᠨᠡᠶᠢᠲᠡᠯᠡᠭᠰᠡᠨ ᠴᠠᠭ᠄
2018/3/9
               ᠴᠠᠭᠠᠨ ᠰᠠᠷ᠎ᠠ ᠳᠤ ᠭᠡᠤᠭᠡᠳ ᠲᠤ ᠨᠠᠰᠤ ᠨᠡᠮᠡᠬᠦ ᠵᠤᠭᠤᠰ ᠦᠭᠬᠦ ᠪᠤᠯ ᠤᠯᠠᠮᠵᠢᠯᠠᠯᠳᠤ ᠲᠠᠳᠬᠠᠯ ᠮᠦᠨ᠂ ᠴᠠᠭᠠᠨ ᠰᠠᠷ᠎ᠠ ᠶᠢᠨ ᠬᠤᠭᠤᠴᠠᠭᠠᠨ ᠳᠤ ᠭᠡᠤᠭᠡᠳ ᠤᠳ ᠨᠠᠰᠤ ᠨᠡᠮᠡᠬᠦ ᠵᠤᠭᠤᠰ ᠪᠠᠭ᠎ᠠ  ᠪᠤᠰᠤ  ᠤᠯᠳᠠᠭ᠃  ᠭᠡᠬᠦ   ᠳᠤ  ᠭᠡᠤᠭᠡᠳ   ᠤᠨ   ᠢᠶᠠᠨ ᠤᠯᠤᠭᠰᠠᠨ ᠨᠠᠰᠤ ᠨᠡᠮᠡᠬᠦ ᠵᠤᠭᠤᠰ ᠢ ᠬᠤᠷᠢᠶᠠᠨ ᠠᠪᠬᠤ ᠤᠤ ᠡᠰᠡᠬᠦᠯ᠎ᠠ ᠬᠤᠪᠢ ᠬᠥᠮᠤᠨ ᠢᠶᠠᠷ ᠨᠢ ᠬᠠᠮᠢᠶᠠᠷᠤᠭᠤᠯᠤᠨ᠎ᠠ ᠤᠤ ᠬᠡᠳᠡᠭ ᠨᠢ ᠭᠡᠷ ᠤᠨ ᠠᠬᠠᠮᠠᠳ ᠤᠨ ᠬᠤᠪᠢ ᠳᠤ ᠬᠥᠴᠢᠷ ᠠᠰᠠᠭᠤᠳᠠᠯ ᠪᠤᠯᠵᠤ᠂ ᠭᠡᠷᠬᠢᠨ ᠰᠢᠢᠳᠪᠤᠷᠢᠯᠡᠬᠦ ᠪᠠᠨ ᠮᠡᠳᠡᠬᠦ ᠦᠭᠡᠢ ᠪᠠᠶᠢᠨ᠎ᠠ᠃ ᠡᠬᠦᠨ ᠤ ᠲᠤᠬᠠᠢ ᠮᠠᠨ ᠤ ᠬᠤᠳᠠ ᠶᠢᠨ ᠴᠦᠭᠡᠨ ᠪᠤᠰᠤ ᠰᠤᠷᠭᠠᠨ ᠬᠥᠮᠤᠵᠢᠯ ᠤᠨ ᠮᠡᠷᠭᠡᠵᠢᠯᠳᠡᠨ ᠰᠠᠨᠠᠭᠤᠯᠬᠤ ᠳᠠᠭᠠᠨ᠄  ᠭᠡᠤᠭᠡᠳ ᠤᠨ ᠴᠠᠭᠠᠨ ᠰᠠᠷ᠎ᠠ ᠳᠤ ᠤᠯᠤᠭᠰᠠᠨ ᠨᠠᠰᠤ ᠨᠡᠮᠡᠬᠦ ᠵᠤᠭᠤᠰ ᠢ ᠭᠡᠷ ᠤᠨ ᠠᠬᠠᠮᠠᠳ ᠨᠢ ᠭᠡᠤᠭᠡᠳ ᠤᠨ ᠢᠶᠠᠨ ᠨᠠᠰᠤ ᠵᠢᠯ ᠢ ᠦᠵᠡᠵᠤ ᠪᠠᠶᠢᠭᠠᠳ ᠠᠳᠠᠯᠢ ᠪᠤᠰᠤ   ᠪᠠᠷ  ᠰᠢᠢᠳᠪᠤᠷᠢᠯᠡᠵᠤ᠂  ᠭᠡᠤᠭᠡᠳ   ᠲᠡᠭᠡᠨ  ᠨᠠᠰᠤ  ᠨᠡᠮᠡᠬᠦ  ᠵᠤᠭᠤᠰ   ᠤᠨ  ᠤᠴᠢᠷ  ᠤᠳᠬ᠎ᠠ   ᠢ ᠦᠢᠯᠠᠭᠠᠭᠤᠯᠵᠤ᠂ ᠬᠡᠤᠭᠡᠳ ᠤᠨ ᠢᠶᠠᠨ ᠵᠤᠭᠤᠰ ᠮᠦᠩᠬᠦ   ᠶᠢᠨ  ᠲᠤᠬᠠᠢ  ᠦᠵᠡᠯᠳᠡ  ᠪᠤᠯᠤᠨ  ᠵᠤᠭᠤᠰ  ᠮᠦᠩᠬᠦ  ᠬᠠᠮᠢᠶᠠᠷᠬᠤ ᠤᠬᠠᠮᠰᠠᠷ ᠢ ᠬᠥᠮᠤᠵᠢᠬᠦᠯᠵᠤ ᠪᠤᠯᠤᠨ᠎ᠠ ᠭᠡᠵᠠᠢ᠃                        ᠡᠩ ᠤᠨ ᠪᠠᠶᠢᠳᠠᠯ ᠳᠤ ᠠᠪᠴᠤ ᠬᠡᠯᠡᠪᠡᠯ᠂ ᠰᠤᠷᠬᠤ ᠨᠠᠰᠤᠨ ᠠᠴᠠ ᠡᠮᠤᠨᠡᠬᠢ ᠭᠡᠤᠭᠡᠳ ᠪᠤᠯ ᠵᠤᠭᠤᠰ ᠮᠦᠩᠬᠦ ᠨᠢ ᠶᠠᠭᠤ ᠪᠤᠯᠬᠤ ᠶᠢ ᠮᠡᠳᠡᠬᠦ ᠦᠭᠡᠢ ᠤᠴᠢᠷ ᠠᠴᠠ ᠭᠡᠷ ᠤᠨ ᠠᠬᠠᠮᠠᠳ ᠨᠢ ᠭᠡᠤᠭᠡᠳ ᠤᠨ ᠢᠶᠠᠨ ᠤᠯᠤᠭᠰᠠᠨ  ᠨᠠᠰᠤ  ᠨᠡᠮᠡᠬᠦ  ᠵᠤᠭᠤᠰ   ᠢ ᠪᠠᠩᠬᠢ ᠳᠤ ᠬᠠᠳᠠᠭᠠᠯᠠᠭᠤᠯᠤᠨ᠂ ᠭᠡᠤᠭᠡᠳ ᠤᠨ ᠡᠷᠡᠬᠦᠯ ᠮᠡᠨᠳᠤ ᠶᠢᠨ ᠰᠠᠭᠤᠷᠢ ᠮᠦᠩᠬᠦ ᠪᠤᠶᠤ ᠰᠤᠷᠭᠠᠨ ᠬᠥᠮᠤᠵᠢᠯ ᠤᠨ  ᠰᠠᠭᠤᠷᠢ ᠮᠦᠩᠬᠦ ᠪᠤᠯᠭᠠᠵᠤ ᠪᠤᠯᠤᠨ᠎ᠠ᠃ ᠭᠡᠤᠭᠡᠳ ᠪᠠᠭ᠎ᠠ ᠰᠤᠷᠭᠠᠭᠤᠯᠢ ᠳᠤ ᠰᠤᠷᠤᠯᠴᠠᠭᠠᠳ ᠵᠤᠭᠤᠰ ᠵᠠᠷᠤᠬᠤ ᠶᠢ ᠮᠡᠳᠡᠭᠰᠡᠨ ᠤ  ᠲᠠᠷᠠᠭ᠎ᠠ᠂ ᠨᠠᠰᠤ ᠨᠡᠮᠡᠬᠦ ᠵᠤᠭᠤᠰ ᠤᠨ ᠲᠤᠬᠠᠢ ᠭᠡᠷ ᠤᠨ ᠠᠬᠠᠮᠠᠳ ᠨᠢ ᠭᠡᠤᠭᠡᠳ ᠲᠠᠢ ᠪᠠᠨ ᠵᠦᠪᠳᠡᠯᠴᠡᠪᠡᠯ ᠬᠠᠮᠤᠭ ᠠᠴᠠ ᠰᠠᠶᠢᠨ᠂  ᠬᠠᠷᠢᠨ ᠰᠢᠭᠤᠳ ᠬᠤᠷᠢᠶᠠᠨ ᠠᠪᠤᠭᠠᠳ ᠪᠠᠩᠬᠢ ᠳᠤ ᠬᠠᠳᠠᠭᠠᠯᠠᠭᠤᠯᠬᠤ ᠦᠭᠡᠢ ᠪᠠᠶᠢᠪᠠᠯ ᠵᠤᠬᠢᠨ᠎ᠠ᠃ ᠭᠡᠤᠭᠡᠳ ᠴᠢᠨᠢ  ᠬᠠᠳᠠᠭᠠᠯᠠᠬᠤ   ᠶᠢ ᠬᠥᠰᠡᠵᠤ ᠪᠠᠶᠢᠪᠠᠯ ᠭᠡᠤᠭᠡᠳ ᠲᠠᠢ ᠪᠠᠨ ᠬᠠᠮᠳᠤ ᠪᠠᠩᠬᠢ ᠳᠤ ᠤᠴᠢᠵᠤ ᠲᠠᠩᠰᠠ  ᠪᠠᠶᠢᠭᠤᠯᠵᠤ᠂  ᠭᠡᠤᠭᠡᠳ   ᠲᠡᠭᠡᠨ  ᠵᠤᠭᠤᠰ   ᠢ ᠶᠠᠭᠠᠬᠢᠵᠤ  ᠬᠠᠮᠢᠶᠠᠷᠬᠤ᠂  ᠪᠠᠩᠬᠢ   ᠳᠤ   ᠶᠠᠭᠠᠬᠢᠵᠤ   ᠬᠠᠳᠠᠭᠠᠯᠠᠭᠤᠯᠬᠤ᠂   ᠬᠡᠳᠤᠢ   ᠵᠤᠭᠤᠰ   ᠬᠠᠳᠠᠭᠠᠯᠠᠭᠤᠯᠤᠭᠰᠠᠨ   ᠢ ᠦᠢᠯᠠᠭᠠᠭᠤᠯᠤᠨ᠎ᠠ᠃ ᠬᠡᠷᠪᠡ ᠭᠡᠤᠭᠡᠳ ᠴᠢᠨᠢ ᠦᠪᠡᠷ ᠤᠨ ᠲᠤᠷ᠎ᠠ ᠪᠠᠬ᠎ᠠ ᠲᠠᠢ ᠪᠤᠶᠤ ᠬᠡᠷᠡᠭᠴᠡᠭᠡ   ᠲᠠᠢ  ᠶᠠᠭᠤᠮ᠎ᠠ  ᠠᠪᠬᠤ   ᠶᠢ ᠬᠥᠰᠡᠵᠤ ᠪᠠᠶᠢᠪᠠᠯ᠂ ᠭᠡᠤᠭᠡᠳ ᠲᠡᠭᠡᠨ ᠨᠠᠰᠤ ᠨᠡᠮᠡᠬᠦ ᠵᠤᠭᠤᠰ ᠠᠴᠠ ᠨᠢᠭᠡ ᠬᠡᠰᠡᠭ ᠢ ᠦᠯᠡᠳᠡᠭᠡᠨ  ᠭᠠᠷᠭᠠᠵᠤ᠂  ᠬᠤᠪᠢ  ᠬᠥᠮᠤᠨ ᠢᠶᠠᠷ ᠨᠢ ᠬᠠᠮᠢᠶᠠᠷᠤᠭᠤᠯᠵᠤ ᠪᠤᠯᠤᠨ᠎ᠠ᠂ ᠢᠩᠬᠢᠪᠡᠯ ᠬᠥᠨᠳᠤᠳᠭᠡᠭᠳᠡᠵᠤ ᠪᠠᠶᠢᠨ᠎ᠠ ᠭᠡᠳᠡᠭ ᠢ ᠤᠯᠵᠤ ᠮᠡᠳᠡᠬᠦ ᠪᠦᠭᠡᠳ ᠵᠤᠭᠤᠰ   ᠢᠶᠠᠨ ᠶᠠᠭᠠᠬᠢᠵᠤ ᠵᠠᠷᠤᠬᠤ ᠲᠤᠬᠠᠢ ᠠᠩᠬ᠎ᠠ ᠠᠯᠬᠤᠮ ᠤᠨ ᠲᠦᠯᠤᠪᠯᠡᠭᠡ ᠲᠠᠢ ᠪᠤᠯᠵᠤ ᠴᠢᠳᠠᠨ᠎ᠠ᠃                        ᠭᠡᠤᠭᠡᠳ ᠴᠢᠨᠢ ᠪᠠᠭ᠎ᠠ ᠰᠤᠷᠭᠠᠭᠤᠯᠢ ᠶᠢᠨ ᠲᠠᠪᠤᠳᠤᠭᠠᠷ ᠵᠢᠷᠭᠤᠳᠤᠭᠠᠷ ᠤᠨ ᠳᠤ ᠰᠤᠷᠤᠯᠴᠠᠵᠤ ᠪᠠᠶᠢᠪᠠᠯ ᠬᠢᠴᠢᠶᠡᠯ   ᠤᠨ ᠭᠠᠳᠠᠭᠤᠷᠬᠢ ᠨᠤᠮ ᠪᠢᠴᠢᠭ ᠢ ᠨᠡᠩ ᠤᠯᠠᠨ ᠬᠡᠷᠡᠭᠰᠡᠳᠡᠭ ᠪᠦᠭᠡᠳ ᠵᠠᠷᠢᠮ ᠡᠯᠧᠺᠲᠷᠤᠨ ᠦᠢᠯᠡᠳᠬᠦᠨ ᠳᠤ ᠴᠦ  ᠰᠤᠨᠢᠷᠬᠠᠯ   ᠲᠠᠢ ᠪᠤᠯᠬᠤ ᠪᠤᠯᠤᠨ᠎ᠠ᠂ ᠢᠩᠬᠢᠪᠡᠯ ᠡᠴᠢᠭᠡ ᠡᠭᠡ ᠳᠡᠭᠡᠨ ᠨᠠᠰᠤ ᠨᠡᠮᠡᠬᠦ ᠵᠤᠭᠤᠰ  ᠢᠶᠠᠨ ᠦᠪᠡᠷ ᠢᠶᠠᠨ ᠬᠠᠮᠢᠶᠠᠷᠤᠨ ᠡᠵᠡᠮᠳᠡᠬᠦ ᠰᠠᠨᠠᠯ ᠢᠶᠠᠨ ᠰᠢᠭᠤᠳ ᠬᠡᠯᠡᠵᠤ ᠭᠠᠷᠭᠠᠳᠠᠭ᠃ ᠡᠨᠡ ᠦᠶ᠎ᠠ ᠳᠤ ᠭᠡᠷ ᠤᠨ ᠠᠬᠠᠮᠠᠳ ᠨᠢ ᠶᠠᠭᠤ ᠪᠤᠯ ᠴᠢᠬᠤᠯᠠ ᠬᠡᠷᠡᠭᠴᠡᠭᠡᠨ ᠤ ᠵᠦᠢᠯ  ᠪᠤᠯᠬᠤ ᠬᠡᠳᠡᠭ ᠢ ᠭᠡᠤᠭᠡᠳ ᠲᠡᠭᠡᠨ ᠬᠡᠯᠡᠵᠤ ᠦᠭᠴᠤ ᠪᠤᠯᠤᠨ᠎ᠠ᠃ ᠵᠢᠱᠢᠶᠡᠯᠡᠪᠡᠯ ᠭᠡᠤᠭᠡᠳ ᠴᠢᠨᠢ ᠡᠳᠤᠢ ᠲᠡᠳᠤᠢ ᠶᠠᠭᠤᠮ᠎ᠠ ᠠᠪᠬᠤ  ᠭᠡᠵᠤ ᠪᠠᠶᠢᠪᠠᠯ ᠲᠡᠬᠦᠨ ᠢᠶᠠᠷ ᠨᠢᠭᠡ ᠨᠢᠭᠡ ᠪᠠᠷ ᠵᠢᠬᠰᠠᠭᠠᠯᠭᠠᠬᠤ ᠶᠢᠨ ᠬᠠᠮᠳᠤ ᠬᠤᠵᠢᠮ ᠤᠨ ᠠᠵᠢᠯᠯᠠᠭ᠎ᠠ ᠳᠤ ᠬᠡᠷᠡᠭᠰᠡᠬᠦ ᠪᠡᠯᠡ ᠮᠦᠩᠬᠦ ᠶᠢ ᠴᠦ ᠬᠠᠮᠳᠤ  ᠳᠤᠨᠢ ᠪᠤᠳᠤᠨ ᠤᠷᠤᠭᠤᠯᠵᠤ ᠪᠤᠯᠤᠨ᠎ᠠ᠃ ᠢᠩᠬᠢᠪᠡᠯ ᠭᠡᠤᠭᠡᠳ ᠴᠢᠨᠢ ᠦᠪᠡᠷ ᠢ ᠪᠠᠨ ᠬᠢᠵᠠᠭᠠᠷᠯᠠᠬᠤ ᠲᠠᠳᠬᠠᠯ   ᠲᠠᠢ ᠪᠤᠯᠵᠤ᠂ ᠦᠪᠡᠷ ᠤᠨ ᠦᠰᠤᠯᠳᠡ᠂ ᠬᠥᠰᠡᠯ᠂ ᠲᠦᠯᠤᠪᠯᠡᠭᠡ ᠵᠡᠷᠭᠡ ᠪᠠᠨ ᠵᠤᠭᠤᠰ ᠮᠦᠩᠬᠦ   ᠲᠠᠢ  ᠬᠤᠯᠪᠤᠬᠳᠠᠭᠤᠯᠵᠤ᠂  ᠵᠤᠭᠤᠰ ᠤᠨ ᠴᠢᠬᠤᠯᠠ ᠴᠢᠨᠠᠷ ᠢ ᠦᠢᠯᠠᠭᠠᠵᠤ ᠴᠢᠳᠠᠬᠤ ᠪᠦᠭᠡᠳ ᠦᠪᠡᠷ ᠢ ᠪᠠᠨ ᠡᠵᠡᠮᠳᠡᠬᠦ ᠴᠢᠳᠠᠪᠤᠷᠢ ᠪᠤᠯᠤᠨ  ᠲᠦᠯᠤᠪᠯᠡᠬᠦ  ᠴᠢᠳᠠᠪᠤᠷᠢ ᠪᠠᠨ ᠴᠦ ᠪᠤᠯᠪᠠᠰᠤᠷᠠᠭᠤᠯᠵᠤ ᠴᠢᠳᠠᠨ᠎ᠠ᠃                        ᠠᠩᠬ᠎ᠠ ᠲᠤᠮᠳᠠᠳᠤ ᠦᠨᠳᠤᠷ ᠲᠤᠮᠳᠠᠳᠤ ᠳᠤ ᠰᠤᠷᠤᠯᠴᠠᠵᠤ ᠪᠠᠶᠢᠭ᠎ᠠ ᠭᠡᠤᠭᠡᠳ   ᠲᠤ  ᠠᠪᠴᠤ  ᠬᠡᠯᠡᠪᠡᠯ᠂  ᠭᠡᠷ   ᠤᠨ ᠠᠬᠠᠮᠠᠳ ᠨᠢ ᠲᠡᠳᠡᠨ ᠤ ᠰᠠᠨᠠᠭᠠᠴᠢᠯᠠᠭ᠎ᠠ ᠠᠴᠠ ᠪᠠᠨ ᠵᠤᠭᠤᠰ ᠬᠠᠳᠠᠭᠠᠯᠠᠬᠤ ᠤᠬᠠᠮᠰᠠᠷ ᠢ ᠨᠢ ᠬᠥᠮᠤᠵᠬᠦᠯᠵᠤ᠂  ᠬᠡᠷᠡᠭᠴᠡᠭᠡ   ᠪᠠᠨ ᠦᠨᠳᠤᠰᠤᠯᠡᠨ ᠨᠠᠰᠤ ᠨᠡᠮᠡᠬᠦ ᠵᠤᠭᠤᠰ ᠢᠶᠠᠨ ᠠᠳᠠᠯᠢ ᠪᠤᠰᠤ ᠬᠡᠳᠤᠨ ᠬᠡᠰᠡᠭ ᠲᠤ ᠬᠤᠪᠢᠶᠠᠵᠤ᠂ ᠶᠠᠭᠠᠬᠢᠵᠤ  ᠬᠤᠪᠢᠶᠠᠷᠢᠯᠠᠬᠤ   ᠪᠠᠨ ᠬᠤᠪᠢ ᠬᠥᠮᠤᠨ ᠢᠶᠠᠷ ᠨᠢ ᠲᠤᠬᠳᠠᠭᠠᠯᠭᠠᠵᠤ ᠪᠤᠯᠤᠨ᠎ᠠ᠃ ᠭᠡᠷ ᠤᠨ ᠠᠬᠠᠮᠠᠳ ᠨᠢ ᠬᠢᠨᠠᠯᠳᠠ ᠲᠠᠯᠪᠢᠬᠤ ᠪᠤᠶᠤ ᠰᠠᠨᠠᠭᠤᠯᠭ᠎ᠠ ᠦᠭᠴᠤ ᠪᠤᠯᠤᠨ᠎ᠠ᠂ ᠭᠡᠪᠡᠴᠤ ᠶᠡᠬᠡᠪᠡᠷ ᠭᠠᠷ ᠲᠦᠷᠦᠭᠰᠡᠨ ᠤ ᠬᠡᠷᠡᠭ ᠦᠭᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号