5 ᠶᠡᠭᠡ ᠰᠢᠮ᠎ᠠ ᠲᠡᠵᠢᠭᠡᠯ ᠤᠨ ᠡᠳ᠋ ᠨᠢ ᠡᠭᠡᠯᠢᠯᠡᠬᠦ ᠴᠢᠳᠠᠯ ᠢ ᠲᠡᠭᠡᠭᠰᠢᠯᠡᠬᠦᠯᠤᠨ᠎ᠠ
ᠨᠡᠶᠢᠲᠡᠯᠡᠭᠰᠡᠨ ᠴᠠᠭ᠄
2018/5/14
          ᠢᠳᠡᠭᠡᠨ ᠤᠮᠳᠠᠭᠠᠨ ᠪᠤᠯ ᠡᠭᠡᠯᠢᠯᠡᠬᠦ ᠴᠢᠳᠠᠯ ᠢ ᠰᠠᠶᠢᠵᠢᠷᠠᠭᠤᠯᠬᠤ ᠴᠢᠬᠤᠯᠠ ᠬᠠᠪᠰᠤᠷᠤᠭᠴᠢ ᠮᠦᠨ᠃ ᠠᠮᠢᠳᠤᠷᠠᠯ ᠤᠨ ᠲᠤᠮᠳᠠ᠂ ᠤᠯᠠᠨ ᠢᠶᠠᠷ ᠢᠶᠠᠨ ᠲᠤᠤᠷᠡᠬᠢ ᠴᠢᠬᠤᠯᠠ ᠰᠢᠮ᠎ᠠ ᠲᠡᠵᠢᠭᠡᠯ ᠤᠨ ᠡᠳ᠋ ᠢ  ᠢᠯᠡᠬᠦᠭᠡᠨ  ᠰᠢᠩᠭᠡᠭᠡᠬᠦ  ᠎ ᠶᠢ  ᠤᠨᠴᠠᠭᠠᠶᠢᠯᠠᠨ ᠠᠩᠬᠠᠷᠪᠠᠯ ᠵᠤᠬᠢᠨ᠎ᠠ᠃                   ᠤᠭᠤᠷᠠᠭ ᠪᠤᠯ ᠡᠰᠡᠷᠬᠦᠴᠡᠭᠴᠢ ᠶᠢ ᠪᠤᠢ ᠪᠤᠯᠭᠠᠬᠤ《ᠰᠠᠭᠤᠷᠢᠯᠠᠭᠴᠢ》 ᠮᠦᠨ᠃ ᠬᠥᠮᠤᠨ  ᠎ ᠤ  ᠪᠡᠶ᠎ᠡ  ᠭᠠᠳᠠᠭᠠᠳᠤ ᠤᠷᠴᠢᠨ ᠲᠠᠢ ᠲᠡᠮᠡᠴᠡᠯᠳᠤᠵᠤ ᠡᠭᠡᠯᠢᠯᠡᠬᠦ ᠴᠢᠳᠠᠯ ᠢᠶᠠᠨ ᠬᠠᠮᠠᠭᠠᠯᠠᠬᠤ ᠶᠠᠪᠤᠴᠠ ᠳᠤ ᠡᠰᠡᠷᠬᠦᠴᠡᠭᠴᠢ ᠪᠤᠯ ᠲᠤᠳᠠᠭᠳᠠᠵᠤ  ᠪᠤᠯᠤᠰᠢ ᠦᠭᠡᠢ ᠵᠡᠪᠰᠡᠭ ᠮᠦᠨ᠃ ᠤᠭᠤᠷᠠᠭ ᠪᠤᠯ ᠡᠰᠡᠷᠬᠦᠴᠡᠭᠴᠢ ᠶᠢ  ᠪᠤᠢ  ᠪᠤᠯᠭᠠᠬᠤ  ᠰᠠᠭᠤᠷᠢ  ᠮᠦᠨ᠂  ᠤᠭᠤᠷᠠᠭ  ᠲᠤᠳᠠᠭᠳᠠᠪᠠᠯ ᠡᠰᠡᠷᠬᠦᠴᠡᠭᠴᠢ ᠶᠢᠨ ᠨᠡᠶᠢᠯᠡᠯ ᠢ ᠰᠢᠭᠤᠳ ᠨᠦᠯᠤᠭᠡᠯᠡᠳᠡᠭ᠂ ᠡᠨᠡ ᠨᠢ ᠶᠠᠭ ᠪᠠᠶᠢᠯᠳᠤᠬᠤ ᠳᠠᠭᠠᠨ  ᠫᠤᠤ  ᠵᠡᠪᠰᠡᠭ  ᠦᠭᠡᠢ  ᠎ ᠲᠠᠢ ᠠᠳᠠᠯᠢ ᠶᠤᠮ᠃ ᠤᠭᠤᠷᠠᠭ ᠡᠯᠪᠡᠭ ᠠᠭᠤᠯᠤᠬᠳᠠᠬᠤ ᠢᠳᠡᠭᠡᠨ ᠮᠠᠰᠢ ᠤᠯᠠᠨ ᠪᠠᠶᠢᠳᠠᠭ᠂ ᠦᠨᠢᠶᠡᠨ ᠰᠦ᠂ ᠲᠠᠬᠢᠶᠠᠨ  ᠦᠨᠳᠡᠭᠡ᠂ ᠬᠠᠷ᠎ᠠ ᠮᠢᠬ᠎ᠠ᠂ ᠰᠢᠷ᠎ᠠ ᠪᠤᠷᠴᠠᠭ ᠵᠡᠷᠭᠡ ᠳᠤ ᠴᠦᠮ ᠴᠢᠨᠠᠷ ᠰᠠᠶᠢᠳᠠᠢ ᠤᠭᠤᠷᠠᠭ ᠡᠯᠪᠡᠭ ᠠᠭᠤᠯᠤᠭᠳᠠᠵᠤ ᠪᠠᠶᠢᠳᠠᠭ᠃                   ᠸᠢᠲ᠋ᠠᠮᠢᠨ C ᠪᠤᠯ ᠡᠰᠡᠷᠬᠦᠴᠡᠭᠴᠢ ᠶᠢ ᠪᠤᠢ ᠪᠤᠯᠭᠠᠬᠤ《ᠲᠦᠷᠭᠡᠳᠭᠡᠬᠦᠷ》 ᠮᠦᠨ᠃ ᠢᠰᠤᠯᠳᠤᠬᠦ ᠶᠢ  ᠲᠠᠭᠠᠭᠠᠬᠤ ᠪᠤᠳᠡᠰ ᠸᠢᠲ᠋ᠠᠮᠢᠨ C᠎ ᠨᠢ ᠭᠠᠳᠠᠭᠠᠳᠤ ᠤᠷᠴᠢᠨ ᠤ ᠬᠥᠮᠤᠨ ᠤ ᠪᠡᠶ᠎ᠡ ᠶᠢᠨ ᠡᠰ ᠤᠨ ᠲᠡᠩᠴᠡᠬᠦᠷᠢᠰᠢᠯ ᠳᠤ ᠦᠵᠡᠬᠦᠯᠬᠦ ᠬᠠᠷᠰᠢᠯᠠᠯ ᠢ ᠪᠠᠭᠠᠰᠬᠠᠵᠤ᠂ ᠡᠰᠡᠷᠬᠦᠴᠡᠭᠴᠢ ᠶᠢᠨ ᠪᠤᠢ ᠪᠤᠯᠬᠤ ᠶᠢ ᠠᠬᠢᠭᠤᠯᠤᠨ᠂ ᠭᠡᠪ ᠤᠨ ᠡᠭᠡᠯᠢᠯᠡᠬᠦ ᠴᠢᠳᠠᠯ ᠢ  ᠬᠠᠮᠠᠭᠠᠯᠠᠳᠠᠭ᠃  ᠰᠢᠨ᠎ᠠ ᠰᠤᠷᠭᠤᠭ ᠵᠢᠮᠢᠰ ᠨᠤᠭᠤᠭ᠎ᠠ ᠳᠤ ᠸᠢᠲ᠋ᠠᠮᠢᠨ C ᠪᠠᠶᠠᠯᠢᠭ ᠠᠭᠤᠯᠤᠭᠳᠠᠵᠤ ᠪᠠᠶᠢᠳᠠᠭ᠂ ᠵᠢᠱᠢᠶᠡᠯᠡᠪᠡᠯ ᠢᠳᠡᠰᠢᠨ ᠨᠤᠭᠤᠭ᠎ᠠ  ᠎ ᠳᠠᠬᠢ ᠨᠤᠭᠤᠭᠠᠨ ᠴᠡᠴᠡᠭᠳᠤ ᠴᠠᠭᠠᠨ ᠨᠤᠭᠤᠭ᠎ᠠ᠂ ᠴᠠᠭᠠᠨ ᠨᠤᠭᠤᠭ᠎ᠠ᠂ ᠲᠦᠪᠡᠳ ᠬᠠᠰᠢ ᠵᠡᠷᠭᠡ ᠳᠤ ᠸᠢᠲ᠋ᠠᠮᠢᠨ C  ᠴᠦᠮ  ᠨᠡᠯᠢᠶᠡᠳ ᠠᠷᠪᠢᠨ ᠠᠭᠤᠯᠤᠬᠳᠠᠵᠤ ᠪᠠᠶᠢᠳᠠᠭ︔ ᠵᠢᠮᠢᠰ ᠳᠠᠬᠢ ᠲᠤᠯᠤᠨᠤ᠂ ᠲᠤᠰᠢᠯᠤᠭ᠂ ᠭᠠᠳᠢᠷ᠎ᠠ᠂  ᠬᠥᠵᠡᠯᠵᠡᠭᠡᠨ᠎ᠠ  ᠵᠡᠷᠭᠡ  ᠎ ᠳᠤ  ᠪᠠᠰᠠ ᠸᠢᠲ᠋ᠠᠮᠢᠨ C ᠨᠡᠯᠢᠶᠡᠳ ᠠᠷᠪᠢᠨ ᠠᠭᠤᠯᠤᠬᠳᠠᠵᠤ ᠪᠠᠶᠢᠨ᠎ᠠ᠃ ᠭᠡᠬᠦ ᠳᠡᠭᠡᠨ ᠠᠩᠬᠠᠷᠬᠤ ᠴᠢᠬᠤᠯᠠᠳᠠᠢ ᠵᠦᠢᠯ  ᠭᠡᠪᠡᠯ᠂  ᠸᠢᠲ᠋ᠠᠮᠢᠨ C᠎ ᠨᠢ ᠮᠠᠰᠢ ᠬᠡᠪᠡᠷᠡᠭ ᠪᠤᠯᠬᠤᠷ ᠤᠷᠳᠤ ᠬᠤᠭᠤᠴᠠᠭ᠎ᠠ ᠪᠠᠷ ᠬᠠᠯᠠᠭᠠᠪᠠᠯ ᠠᠮᠠᠷᠬᠠᠨ  ᠡᠪᠳᠡᠭᠳᠡᠳᠡᠭ᠂  ᠡᠶᠢᠮᠤ  ᠎ ᠠᠴᠠ  ᠬᠠᠭᠤᠷᠴᠤ ᠬᠠᠭᠠᠷᠢᠬᠤ ᠎ ᠳᠠᠭᠠᠨ ᠤᠰᠤ ᠪᠠᠷ ᠪᠤᠷᠤᠯᠠᠭᠤᠯᠵᠤ᠂ ᠲᠦᠷᠭᠡᠨ ᠬᠠᠭᠤᠷᠪᠠᠯ ᠬᠠᠮᠤᠭ ᠤᠨ ᠰᠠᠶᠢᠨ᠃                   ᠸᠢᠲ᠋ᠠᠮᠢᠨ A ᠪᠤᠯ  ᠨᠢᠭᠡᠳᠤᠭᠡᠷ  ᠰᠡᠷᠭᠡᠶᠢᠯᠡᠯᠳᠡ  ᠎ ᠶᠢᠨ  ᠱᠤᠭᠤᠮ  ᠎ ᠤᠨ《ᠪᠠᠳᠤᠯᠠᠨ  ᠬᠠᠮᠠᠭᠠᠯᠠᠭᠴᠢ》  ᠮᠦᠨ᠃ ᠸᠢᠲ᠋ᠠᠮᠢᠨ A ᠲᠤᠳᠠᠭᠳᠠᠪᠠᠯ ᠠᠮᠠᠷᠬᠠᠨ ᠢᠶᠠᠷ ᠠᠮᠢᠰᠬᠤᠯ ᠤᠨ ᠵᠠᠮ ᠤᠨ ᠰᠠᠯᠢᠰᠤᠳᠤ ᠪᠦᠷᠬᠦᠪᠴᠢ ᠲᠡᠭᠡᠷᠡᠬᠢ ᠠᠷᠠᠰᠤᠨ ᠤ ᠡᠰ  ᠎ ᠢ ᠠᠪᠴᠢᠭᠤᠯᠵᠤ᠂ ᠰᠤᠷᠮᠤᠤᠰᠤᠯᠢᠭ ᠦᠰᠤ ᠶᠢᠨ ᠬᠡᠮᠵᠢᠶ᠎ᠡ ᠶᠢ ᠪᠠᠭᠠᠰᠬᠠᠳᠠᠭ᠂ ᠢᠩᠬᠢᠪᠡᠯ ᠬᠥᠮᠤᠨ  ᠎ ᠤ  ᠪᠡᠶ᠎ᠡ  ᠎ ᠶᠢᠨ  ᠭᠠᠳᠠᠭᠠᠳᠤ ᠤᠷᠴᠢᠨ ᠠᠴᠠ ᠰᠡᠷᠭᠡᠶᠢᠯᠡᠬᠦ ᠨᠢᠭᠡᠳᠤᠭᠡᠷ ᠰᠡᠷᠭᠡᠶᠢᠯᠡᠯᠳᠡ ᠶᠢᠨ ᠱᠤᠭᠤᠮ ᠨᠢ ᠰᠠᠶᠢᠨ ᠠᠵᠢᠯᠯᠠᠵᠤ ᠴᠢᠳᠠᠬᠤ ᠦᠭᠡᠢ  ᠪᠤᠯᠬᠤ  ᠎ ᠶᠢᠨ ᠤᠯᠠᠮ ᠠᠴᠠ ᠡᠪᠡᠳᠴᠢᠨ ᠤ ᠪᠠᠺᠲ᠋ᠧᠷᠢ ᠪᠡᠶ᠎ᠡ ᠳᠤ ᠬᠠᠯᠳᠠᠪᠤᠷᠢᠯᠠᠳᠠᠭ᠃ ᠸᠢᠲ᠋ᠠᠮᠢᠨ A᠎ ᠨᠢ  ᠠᠮᠢᠳᠡᠡ  ᠎ ᠤ  ᠪᠡᠶ᠎ᠡ  ᠎ ᠳᠤ  ᠠᠷᠪᠢᠨ ᠠᠭᠤᠯᠤᠭᠳᠠᠳᠠᠭ᠂ ᠵᠢᠱᠢᠶᠡᠯᠡᠪᠠᠯ ᠠᠮᠢᠳᠠᠨ ᠤ ᠡᠯᠢᠭᠡ᠂ ᠵᠢᠭᠠᠰᠤᠨ ᠡᠯᠢᠭᠡᠨ ᠤ ᠲᠤᠰᠤ ᠳᠤ ᠠᠷᠪᠢᠨ ᠠᠭᠤᠯᠤᠭᠳᠠᠳᠠᠭ᠃ ᠸᠢᠲ᠋ᠠᠮᠢᠨ A᠎ ᠶᠢᠨ ᠤᠷᠭᠤᠮᠠᠯ ᠳᠠᠬᠢ ᠠᠭᠤᠯᠤᠭᠳᠠᠬᠤᠨ ᠨᠢ ᠲᠡᠬᠦᠨ ᠤ ᠦᠩᠭᠡ ᠲᠠᠢ ᠵᠤᠬᠢᠬᠤ ᠬᠤᠯᠪᠤᠭ᠎ᠠ ᠲᠠᠢ ᠪᠠᠶᠢᠳᠠᠭ᠂  ᠶᠡᠷᠤ  ᠎ ᠳᠡᠭᠡᠨ ᠤᠯᠠᠪᠳᠤᠷ ᠰᠢᠷ᠎ᠠ ᠦᠩᠭᠡ ᠪᠤᠶᠤ ᠬᠠᠷᠠᠪᠳᠤᠷ ᠨᠤᠭᠤᠭᠠᠨ ᠦᠩᠭᠡ ᠲᠠᠢ ᠨᠤᠭᠤᠭ᠎ᠠ ᠵᠢᠮᠢᠰ  ︵ᠰᠢᠷ᠎ᠠ  ᠯᠤᠤᠪᠠᠩ᠂  ᠯᠠᠩᠭᠤᠸᠠ᠂ ᠨᠤᠭᠤᠭᠠᠨ ᠴᠡᠴᠡᠭᠳᠤ ᠴᠠᠭᠠᠨ ᠨᠤᠭᠤᠭ᠎ᠠ᠂ ᠦᠷᠭᠡᠰᠤᠳᠤ ᠨᠤᠭᠤᠭ᠎ᠠ︶᠎ ᠤᠨ ᠬᠠᠩᠭᠠᠬᠤ  β  ᠰᠢᠷ᠎ᠠ  ᠯᠤᠤᠪᠠᠩ  ᠎ ᠤᠨ  ᠡᠳ᠋  ᠎ ᠨᠢ ᠬᠥᠮᠤᠨ ᠤ ᠪᠡᠶ᠎ᠡ ᠳᠤ ᠸᠢᠲ᠋ᠠᠮᠢᠨ ᠪᠤᠯᠵᠤ ᠬᠤᠪᠢᠷᠠᠳᠠᠭ᠃                   ᠴᠠᠶᠢᠷ ᠪᠤᠯ ᠡᠭᠡᠯᠢᠯᠡᠬᠦ ᠴᠢᠳᠠᠯ ᠢ ᠲᠤᠬᠢᠷᠠᠭᠤᠯᠬᠤ《ᠰᠠᠶᠢᠨ ᠬᠠᠪᠰᠤᠷᠤᠭᠴᠢ》 ᠮᠦᠨ᠃ ᠴᠠᠶᠢᠷ ᠪᠤᠯ  ᠬᠥᠮᠤᠨ  ᠎ ᠤ ᠪᠡᠶ᠎ᠡ ᠳᠠᠬᠢ 100 ᠭᠠᠷᠤᠢ ᠵᠦᠢᠯ ᠤᠨ ᠢᠰᠭᠡᠬᠦᠷ ᠤᠨ ᠪᠦᠷᠢᠯᠳᠤᠬᠦᠨ ᠭᠡᠰᠢᠬᠦᠨ ᠮᠦᠨ᠂ ᠢᠯᠠᠩᠭᠤᠶ᠎ᠠ  ᠡᠭᠡᠯᠢᠯᠡᠬᠦ  ᠰᠢᠰᠲ᠋ᠧᠮ ᠤᠨ ᠪᠤᠶᠢᠵᠢᠯᠳᠠ ᠪᠠ ᠬᠡᠪ ᠤᠨ ᠡᠭᠡᠯᠢᠯᠡᠬᠦ ᠴᠢᠳᠠᠮᠵᠢ ᠪᠠᠨ  ᠪᠠᠳᠤᠯᠠᠬᠤ  ᠎ ᠳᠤ  ᠤᠮᠳᠤᠭᠠᠶᠢᠯᠠᠵᠤ  ᠪᠤᠯᠤᠰᠢ  ᠦᠭᠡᠢ  ᠦᠢᠯᠡᠳᠤᠯ ᠦᠵᠡᠬᠦᠯᠳᠡᠭ᠃ ᠴᠠᠶᠢᠷ ᠡᠯᠪᠡᠭ ᠠᠭᠤᠯᠤᠭᠳᠠᠳᠠᠭ ᠢᠳᠡᠭᠡᠨ ᠤ ᠵᠦᠢᠯ ᠳᠤ ᠭᠤᠤᠯᠳᠠᠭᠤ ᠬᠤᠶᠠᠷ ᠶᠡᠭᠡ ᠲᠦᠷᠤᠯ  ᠪᠤᠢ᠄  ᠲᠠᠯᠠᠢ ᠶᠢᠨ ᠭᠠᠷᠤᠯᠳᠠ ᠳᠠᠬᠢ ᠬᠢᠰᠤᠭ᠎ᠠ ᠶᠢᠨ ᠵᠦᠢᠯ ᠪᠠ ᠮᠦᠬᠦ ᠶᠢᠨ ᠲᠦᠷᠤᠯ᠂ ᠡᠬᠦᠨ ᠠᠴᠠ ᠭᠠᠳᠠᠨ᠎ᠠ ᠠᠮᠢᠳᠠᠨ ᠤ  ᠡᠯᠢᠭᠡ᠂  ᠬᠠᠷ᠎ᠠ ᠮᠢᠬ᠎ᠠ᠂ ᠬᠠᠭᠠᠷᠬᠠᠢ ᠬᠤᠰᠢᠭ᠎ᠠ ᠵᠡᠷᠭᠡ ᠢᠳᠡᠭᠡᠨ ᠳᠤ ᠪᠠᠰᠠ ᠨᠡᠯᠢᠶᠡᠳ ᠡᠯᠪᠡᠭ ᠠᠭᠤᠯᠤᠭᠳᠠᠵᠤ ᠪᠠᠶᠢᠳᠠᠭ᠃                   ᠲᠡᠮᠤᠷ ᠪᠤᠯ ᠡᠰᠡᠷᠬᠦᠴᠡᠭᠴᠢ ᠶᠢ ᠪᠤᠢ ᠪᠤᠯᠭᠠᠬᠤ ᠬᠥᠴᠤᠳᠠᠢ ᠲᠦᠰᠢᠭ ᠮᠦᠨ᠃ ᠲᠡᠮᠤᠷ ᠲᠤᠳᠠᠭᠳᠠᠪᠠᠯ ᠡᠭᠡᠯᠢᠯᠡᠭᠡ ᠶᠢᠨ ᠡᠰ ᠤᠨ ᠲᠤᠭ᠎ᠠ ᠶᠢ ᠪᠠᠭᠠᠰᠬᠠᠬᠤ ᠶᠢᠨ ᠤᠯᠠᠮ ᠠᠴᠠ ᠡᠰᠡᠷᠬᠦᠴᠡᠭᠴᠢ ᠶᠢᠨ ᠪᠤᠢ ᠪᠤᠯᠬᠤ ᠶᠢ  ᠨᠦᠯᠤᠭᠡᠯᠡᠵᠤ᠂  ᠡᠭᠡᠯᠢᠯᠡᠭᠡ  ᠎ ᠶᠢᠨ ᠲᠤᠰᠬᠠᠯ ᠢ ᠲᠤᠳᠠᠭᠤ ᠲᠤᠷᠭᠤᠨ ᠪᠤᠯᠭᠠᠳᠠᠭ᠃ ᠡᠶᠢᠮᠤ ᠠᠴᠠ ᠠᠮᠢᠳᠠᠨ ᠤ ᠡᠯᠢᠭᠡ᠂ ᠠᠮᠢᠳᠠᠨ ᠤ ᠴᠢᠰᠤ᠂ ᠮᠢᠬ᠎ᠠ ︵ᠭᠠᠭ᠋ᠠᠢ  ᠎ ᠶᠢᠨ ᠬᠠᠷ᠎ᠠ ᠮᠢᠬ᠎ᠠ᠂ ᠦᠭᠡᠷ ᠤᠨ ᠮᠢᠬ᠎ᠠ᠂ ᠬᠤᠨᠢᠨ ᠮᠢᠬ᠎ᠠ︶ ᠵᠡᠷᠭᠡ ᠲᠡᠮᠤᠷ ᠡᠯᠪᠡᠭ  ᠠᠭᠤᠯᠤᠭᠳᠠᠬᠤ  ᠢᠳᠡᠭᠡᠨ  ᠎ ᠢ  ᠵᠤᠬᠢᠰᠳᠠᠢ  ᠎ ᠪᠠᠷ ᠢᠯᠡᠬᠦᠤ ᠰᠢᠭ ᠢᠳᠡᠵᠤ ᠪᠤᠯᠤᠨ᠎ᠠ᠃ ᠲᠡᠮᠤᠷ ᠨᠦᠬᠦᠪᠤᠷᠢᠯᠡᠬᠦ ᠳᠤ ᠪᠠᠰᠠ ᠨᠢᠭᠡᠨ ᠠᠷᠭ᠎ᠠ ᠲᠡᠮ ᠪᠤᠢ᠄ ᠸᠢᠲ᠋ᠠᠮᠢᠨ C  ᠎ ᠨᠢ  ᠲᠡᠮᠤᠷ ᠰᠢᠩᠭᠡᠭᠡᠬᠦ ᠶᠢ ᠠᠬᠢᠭᠤᠯᠬᠤ ᠤᠴᠢᠷ ᠠᠴᠠ ᠲᠡᠮᠤᠷ ᠡᠯᠪᠡᠭ ᠠᠭᠤᠯᠤᠭᠳᠠᠬᠤ ᠢᠳᠡᠭᠡᠨ ᠢᠳᠡᠬᠦ  ᠎ ᠳᠡᠭᠡᠨ᠂  ᠸᠢᠲ᠋ᠠᠮᠢᠨ  C  ᠡᠯᠪᠡᠭ ᠠᠭᠤᠯᠤᠭᠳᠠᠬᠤ ᠢᠳᠡᠭᠡᠨ ᠢ ᠬᠠᠪᠰᠤᠷᠭᠠᠪᠠᠯ ᠬᠠᠷᠢᠯᠴᠠᠨ ᠲᠤᠰᠠᠯᠠᠬᠤ ᠦᠢᠯᠡᠳᠤᠯ ᠢ ᠭᠠᠷᠭᠠᠵᠤ ᠴᠢᠳᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号