ᠮᠠᠯᠴᠢᠨ ᠲᠦᠯᠦᠬᠡᠯᠡᠭᠴᠢ ᠴᠤᠯᠮᠤᠨ᠄ ᠮᠠᠯ ᠤᠨ ᠮᠢᠬᠠᠨ ᠳᠤ ᠬᠠᠮᠠᠭᠠᠯᠠᠯᠳᠡ ᠶᠢᠨ  ᠦᠨ᠎ᠡ ᠲᠤᠬᠳᠠᠭᠠᠪᠠᠯ ᠵᠤᠭᠢᠨ᠎ᠡ
ᠨᠡᠶᠢᠲᠡᠯᠡᠭᠰᠡᠨ ᠴᠠᠭ᠄
2018/5/14
           ᠴᠤᠯᠮᠤᠨ ᠡᠩ ᠤᠨ  ᠨᠢᠬᠡᠨ  ᠲᠡᠭᠷᠢ  ᠤᠩᠰᠢᠬᠰᠠᠨ  ᠮᠠᠯᠴᠢᠨ  ᠵᠠᠶᠠᠭ᠎ᠠ ᠲᠠᠢ  ᠲᠦᠷᠪᠡᠳ  ᠬᠤᠰᠢᠭᠤᠨ ᠤ  ᠤᠤᠭᠠᠯ᠃ ᠬᠡᠬᠦ ᠳᠡᠭᠡᠨ ᠲᠡᠷᠡ ᠪᠠᠷ ᠠᠷᠠᠳ ᠤᠨ ᠬᠤᠷᠠᠯ ᠤᠨ ᠲᠠᠩᠬᠢᠮ ᠳᠤ ᠲᠤᠯᠤᠭᠠᠨᠳᠡ ᠬᠦᠯ ᠲᠠᠯᠪᠢᠬᠰᠠᠨ  ᠵᠢᠷ ᠤᠨ  ᠠᠳᠠᠯ᠎ᠡ ᠪᠠᠨ  ᠵᠢᠷ ᠤᠨ ᠪᠤᠰᠤ ᠮᠠᠯᠴᠢᠨ ᠬᠦᠮᠦᠨ ᠪᠠᠶᠢᠯ᠎ᠡ᠃                    ᠠᠩᠬ᠎ᠠ  ᠤᠳᠠᠭ᠎ᠠ  2005  ᠤᠨ ᠳᠤ  ᠪᠦᠬᠦ  ᠤᠯᠤᠰ ᠤᠨ  ᠬᠦᠳᠡᠯᠮᠤᠷᠢ ᠶᠢᠨ  ᠵᠢᠱᠢᠶᠡᠴᠢ ᠪᠠᠷ  ᠰᠤᠩᠭᠤᠬᠳᠠᠵᠤ᠂ ᠠᠷᠠᠳ ᠤᠨ ᠶᠡᠭᠡ ᠬᠤᠷᠠᠯ ᠤᠨ ᠲᠠᠩᠬᠢᠮ ᠳᠤ ᠨᠠᠮ ᠵᠠᠰᠠᠭ ᠠᠴᠠ ᠤᠯᠭᠤᠬᠰᠠᠨ ᠠᠯᠳᠠᠷ  ᠭᠠᠪᠢᠶ᠎ᠡ ᠪᠠᠷ  ᠡᠩᠬᠡᠷ ᠢᠶᠠᠨ  ᠮᠢᠯᠢᠶᠠᠯᠭᠠᠵᠤ ᠪᠠᠶᠢᠬᠰᠠᠨ ᠪᠤᠯ 2008 ᠤᠨ ᠳᠤ ᠠᠷᠪᠠᠨ ᠨᠢᠬᠡᠳᠤᠬᠡᠷ ᠬᠤᠭᠤᠴᠠᠭᠠᠨ ᠤ ᠪᠦᠬᠦ  ᠤᠯᠤᠰ ᠤᠨ  ᠠᠷᠠᠳ ᠤᠨ  ᠲᠦᠯᠦᠬᠡᠯᠡᠭᠴᠢ ᠪᠠᠷ ᠰᠤᠩᠭᠤᠬᠳᠠᠵᠤ᠂ ᠠᠷᠠᠳ  ᠲᠦᠮᠡᠨ ᠠᠴᠠ  ᠤᠯᠭᠤᠬᠰᠠᠨ  ᠢᠷᠠᠭᠤ  ᠠᠯᠳᠠᠷ ᠢᠶᠠᠷ  ᠨᠡᠶᠢᠰᠯᠡᠯ  ᠪᠡᠬᠡᠵᠢᠩ ᠢ  ᠵᠤᠷᠢᠬᠰᠠᠨ  ᠮᠠᠯᠴᠢᠨ ᠲᠦᠯᠦᠬᠡᠯᠡᠭᠴᠢ ᠪᠤᠯᠤᠬᠰᠠᠨ ᠪᠢᠯᠡ᠃                      ᠦᠨᠳᠦᠷ ᠲᠤᠮᠳᠠᠳᠤ ᠶᠢᠨ ᠯᠡ ᠰᠤᠷᠤᠯᠭ᠎ᠠ ᠶᠢᠨ ᠨᠠᠮᠳᠠᠷ ᠲᠠᠢ ᠮᠠᠯᠴᠢᠨ  ᠴᠤᠯᠮᠤᠨ  ᠬᠤᠶᠠᠳᠤᠭᠠᠷ  ᠤᠳᠠᠭ᠎ᠠ ᠪᠠᠨ  ᠲᠡᠷᠤᠢ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ  ᠲᠦᠯᠦᠬᠡᠯᠡᠭᠴᠢ ᠪᠠᠷ  ᠰᠤᠩᠭᠤᠬᠳᠠᠬᠰᠠᠨ ᠨᠢ  ᠶᠤᠰᠤᠳᠠᠢ ︽ᠠᠷᠠᠳ ᠤᠨ ᠲᠦᠯᠦᠬᠡᠯᠡᠭᠴᠢ ᠪᠠᠨ ᠠᠷᠠᠳ ᠲᠦᠮᠡᠨ ᠰᠤᠩᠭᠤᠨ᠎ᠡ︾  ᠬᠡᠳᠡᠭ ᠤᠨ  ᠪᠤᠳᠠᠳᠠᠢ  ᠢᠯᠡᠷᠡᠯ᠃  ︽ᠮᠠᠯᠴᠢᠨ  ᠨᠠᠳᠠ ᠳᠤ ᠠᠪᠴᠤ ᠬᠡᠯᠡᠪᠡᠯ᠂ ᠬᠤᠶᠡᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠬᠡᠯᠡᠭᠴᠢ  ᠪᠤᠯᠤᠨ᠎ᠡ  ᠬᠡᠳᠡᠭ  ᠬᠡᠴᠢᠨᠡᠨ  ᠶᠡᠭᠡ ᠦᠩᠬᠡ ᠬᠡᠷᠡᠯ ᠬᠡᠳᠡᠭ ᠢ ᠬᠡᠯᠡᠨ᠎ᠡ ᠤᠤ ᠳ᠋ᠠ᠂ ᠡᠬᠡ ᠤᠷᠤᠨ ᠠᠷᠠᠳ ᠲᠦᠮᠡᠨ ᠨᠠᠳᠠ ᠶᠢ ᠢᠳᠡᠬᠡᠭᠰᠡᠨ ᠳᠤ  ᠮᠠᠰᠢ  ᠶᠡᠭᠡ  ᠪᠡᠶᠡᠷᠯᠠᠵᠤ ᠪᠠᠶᠢᠨ᠎ᠡ᠂ ᠲᠡᠷᠡ ᠮᠦᠷᠳᠡᠬᠡᠨ ᠮᠦᠷᠦᠨ ᠲᠡᠬᠡᠷ᠎ᠡ ᠲᠠᠯᠪᠢᠬᠳᠠᠵᠤ ᠪᠠᠶᠢᠭ᠎ᠠ ᠡᠬᠦᠷᠬᠡ ᠬᠠᠷᠢᠭᠤᠴᠠᠯᠭ᠎ᠠ  ᠮᠠᠰᠢ  ᠬᠦᠨᠳᠤ  ᠪᠠᠶᠢᠨ᠎ᠡ᠂  ᠪᠢ ᠮᠠᠯᠵᠢᠬᠤ ᠤᠷᠤᠨ ᠢᠶᠠᠨ ᠲᠦᠯᠦᠬᠡᠯᠡᠵᠤ ᠪᠠᠶᠢᠨ᠎ᠡ᠂ ᠮᠠᠯᠴᠢᠳ ᠢᠶᠠᠨ ᠲᠦᠯᠦᠬᠡᠯᠡᠵᠤ  ᠪᠠᠶᠢᠨ᠎ᠡ᠂  ᠮᠠᠯᠵᠢᠬᠤ  ᠤᠷᠤᠨ  ᠮᠠᠯᠴᠢᠳ ᠲᠤ ᠲᠤᠯᠭᠠᠷᠠᠵᠤ ᠪᠠᠶᠢᠭ᠎ᠠ ᠠᠰᠠᠭᠤᠳᠠᠯ ᠢᠶᠠᠨ ᠶᠡᠷᠤᠩᠬᠡᠢ ᠱᠦᠵᠢ ᠳᠡᠭᠡᠨ  ᠬᠠᠷᠢᠭᠤ  ᠮᠡᠳᠡᠬᠦᠯᠦᠨ᠎ᠡ᠁︾  ᠬᠡᠵᠤ  ᠲᠡᠷᠡ ᠪᠠᠷ  ᠡᠬᠦᠷᠬᠡ ᠬᠠᠷᠢᠭᠤᠴᠠᠯᠭ᠎ᠠ ᠪᠠᠨ ᠴᠠᠭ ᠢᠮᠠᠬᠳᠡ  ᠮᠠᠷᠳᠠᠯ  ᠦᠬᠡᠢ  ᠦᠪᠡᠷ ᠤᠨ  ᠪᠡᠶ᠎ᠡ ᠳᠡᠭᠡᠨ  ᠰᠠᠨᠠᠭᠤᠯᠵᠤ᠂  ᠰᠤᠷᠪᠤᠯᠵᠢᠯᠠᠭ᠎ᠠ  ᠬᠦᠯᠢᠶᠡᠬᠦ ᠦᠶ᠎ᠡ ᠪᠠᠷ ᠪᠠᠶᠢᠨ ᠲᠠᠬᠢᠨ ᠶᠠᠷᠢᠵᠤ ᠯᠡ ᠪᠠᠶᠢᠯ᠎ᠡ᠃                      2018  ᠤᠨ ᠤ  3  ᠰᠠᠷ᠎ᠡ ᠶᠢᠨ  4᠎ ᠤ  ᠤᠷᠤᠢ  ᠴᠤᠯᠮᠤᠨ ᠲᠠᠢ   ᠤᠳᠠᠰᠤ ᠪᠠᠷ   ᠪᠤᠯᠵᠤᠨ   ᠠᠭᠤᠯᠵᠠᠬᠤ ᠪᠠᠷ ᠦᠷᠦᠬᠡᠨ ᠳᠤᠨᠢ ᠬᠦᠷᠬᠦ ᠳᠤ᠂ ᠪᠦᠬᠦ ᠤᠯᠤᠰ ᠤᠨ ᠠᠷᠠᠳ ᠤᠨ  ᠲᠦᠯᠦᠬᠡᠯᠡᠭᠴᠢᠳ ᠤᠨ  ᠶᠡᠭᠡ  ᠬᠤᠷᠠᠯ ᠳᠤ  ᠲᠡᠪᠰᠢᠬᠦᠯᠬᠦ  ᠰᠠᠨᠠᠯ ᠲᠤᠷᠠᠳᠤᠯᠭ᠎ᠠ ᠪᠠᠨ  ᠪᠡᠯᠡᠳᠬᠡᠬᠡᠳ  ᠶᠠᠭᠠᠷᠠᠤ  ᠪᠠᠶᠢᠯ᠎ᠡ᠃  ︽ᠮᠠᠯ ᠤᠨ  ᠠᠰᠢᠭ  ᠰᠢᠮ᠎ᠡ  ᠭᠠᠷᠭᠠᠯᠳᠡ ᠶᠢᠨ  ᠲᠠᠯ᠎ᠡ ᠪᠠᠷ᠂   ᠮᠠᠨ ᠤ ᠪᠡᠯᠴᠢᠬᠡᠷ ᠤᠨ ᠮᠠᠯ ᠤᠨ ᠮᠢᠬ᠎ᠠ ᠶᠡᠮᠡᠷ ᠴᠤ ᠪᠤᠬᠢᠷᠳᠤᠯ ᠦᠬᠡᠢ ᠪᠠᠶᠢᠳᠠᠭ᠃ ᠬᠡᠳᠡᠯ᠎ᠡ ᠵᠠᠬ᠎ᠠ ᠲᠡᠬᠡᠷᠡᠬᠢ ᠪᠤᠶᠤ ᠬᠠᠰᠢᠶᠠᠯᠠᠵᠤ ᠪᠤᠷᠳᠤᠵᠤ ᠲᠡᠵᠢᠬᠡᠭᠰᠡᠨ ᠮᠠᠯ ᠤᠨ ᠮᠢᠬ᠎ᠠ ᠲᠠᠢ ᠦᠨ᠎ᠡ ᠬᠠᠩᠰᠢ ᠶᠢᠨ ᠲᠠᠯ᠎ᠡ ᠪᠠᠷ ᠲᠡᠮᠡᠢ ᠢᠯᠭᠠᠭ᠎ᠠ ᠵᠦᠷᠢᠶ᠎ᠡ ᠬᠡᠵᠤ  ᠪᠠᠶᠢᠬᠤ  ᠦᠬᠡᠢ᠃  ᠲᠡᠷᠡ ᠮᠦᠷᠳᠡᠬᠡᠨ ᠮᠠᠯ ᠤᠨ ᠮᠢᠬᠠᠨ ᠤ ᠦᠨ᠎ᠡ ᠶᠢᠨ ᠬᠡᠯᠪᠡᠯᠵᠡᠯᠳᠡ ᠶᠡᠭᠡ᠂ ᠤᠤᠯ ᠨᠢ ᠡᠷᠳᠡᠨᠢ ᠰᠢᠰᠢ ᠳᠤ ᠬᠠᠮᠭᠠᠯᠠᠯᠳᠡ ᠶᠢᠨ ᠦᠨ᠎ᠡ ᠬᠡᠵᠤ ᠪᠠᠶᠢᠬᠰᠠᠨ᠂ ᠲᠡᠬᠡᠬᠦ ᠪᠠᠷ ᠮᠠᠯ ᠤᠨ ᠮᠢᠬ᠎ᠠ ᠳᠤ ᠪᠠᠰᠠ ᠡᠶᠢᠮᠤᠷᠬᠦᠦ ᠬᠠᠮᠤᠭ ᠤᠨ  ᠲᠤᠤᠷ᠎ᠡ  ᠪᠠᠳᠤᠯᠠᠭᠠᠳᠤ  ᠦᠨ᠎ᠡ ᠶᠢ  ᠲᠤᠬᠳᠠᠭᠠᠵᠤ ᠦᠭᠪᠡᠯ ᠶᠡᠮᠡᠷ︖ ᠪᠡᠯᠴᠢᠬᠡᠷ ᠤᠨ ᠮᠠᠯ ᠤᠨ  ᠮᠢᠬᠠᠨ ᠤ  ᠨᠡᠷᠡᠳᠤ  ᠲᠡᠮᠳᠡᠭ ᠢ  ᠡᠬᠦᠳᠪᠡᠯ  ᠶᠠᠮᠡᠷ  ᠪᠤᠯ︖︾  ᠬᠡᠵᠤ  ᠲᠡᠷᠡ ᠪᠠᠷ ᠦᠪᠡᠷ ᠤᠨ ᠲᠡᠪᠰᠢᠬᠦᠯᠬᠦ ᠬᠡᠵᠤ ᠪᠠᠶᠢᠭ᠎ᠠ ᠰᠠᠨᠠᠯ ᠲᠤᠷᠠᠳᠤᠯᠭ᠎ᠠ ᠪᠠᠨ ᠰᠤᠷᠪᠤᠯᠵᠢᠯᠠᠬᠴᠢ ᠲᠠᠢ ᠬᠤᠪᠢᠶᠠᠯᠴᠠᠵᠤ ᠪᠠᠶᠢᠯ᠎ᠡ᠃                      ᠤᠷᠴᠢᠮ ᠤᠨ ᠬᠡᠳᠤᠨ ᠵᠢᠯ ᠠᠴᠠ  ᠬᠦᠳᠡᠭᠡ  ᠲᠤᠰᠬᠤᠨ  ᠮᠠᠯᠵᠢᠬᠤ  ᠤᠷᠤᠨ ᠳᠤ  ᠡᠯ᠎ᠡ  ᠵᠦᠢᠯ ᠤᠨ  ᠰᠢᠯᠳᠠᠭᠠᠨ ᠠᠴᠠ ᠪᠤᠯᠵᠤ᠂ ᠮᠠᠯᠴᠢᠨ ᠲᠠᠷᠢᠶᠠᠴᠢᠳ ᠤᠨ ᠲᠤᠮᠳᠡ ᠦᠷᠢ ᠦᠭᠴᠡᠬᠡᠨ ᠤ ᠠᠰᠠᠭᠤᠳᠠᠯ ᠭᠠᠵᠡᠷ ᠠᠪᠴᠤ᠂  ᠪᠠᠰᠠ  ᠨᠢᠬᠡᠨ  ᠨᠡᠶᠢᠬᠡᠮ ᠤᠨ ᠦᠵᠡᠭᠳᠡᠯ ᠪᠤᠯᠤᠬᠰᠠᠨ ᠪᠢᠯᠡ᠃ ᠡᠨᠡ ᠠᠰᠠᠭᠤᠳᠠᠯ ᠨᠢ ᠪᠠᠰᠠ ᠴᠤᠯᠮᠤᠨ ᠤ ᠲᠤᠰᠬᠠᠬᠤ  ᠬᠡᠰᠡᠨ  ᠰᠠᠨᠠᠯ  ᠲᠤᠷᠠᠳᠤᠯᠭ᠎ᠠ ᠶᠢᠨ  ᠨᠢᠬᠡ ᠪᠠᠶᠢᠯ᠎ᠡ᠃ ︽ᠮᠠᠯᠴᠢᠳ ᠤᠨ ᠤᠷᠤᠯᠭ᠎ᠠ ᠶᠢ ᠨᠡᠮᠡᠭᠳᠡᠬᠦᠯᠵᠤ᠂ ᠦᠷᠢ ᠦᠭᠴᠡᠭᠡ ᠶᠢ ᠪᠠᠭᠠᠰᠬᠠᠬᠤ ᠲᠠᠯ᠎ᠡ ᠪᠠᠷ᠂ ᠦᠨᠳᠦᠰᠦᠨ ᠰᠠᠭᠤᠷᠢ ᠪᠦᠳᠦᠬᠡᠨ ᠪᠠᠶᠢᠭᠤᠯᠤᠯᠳᠡ ᠶᠢ ᠰᠠᠶᠢᠳᠤᠷ ᠬᠢᠵᠤ᠂ ᠬᠦᠳᠡᠭᠡ  ᠨᠤᠳᠤᠭ ᠤᠨ  ᠪᠠᠶᠢᠭᠠᠯᠢ ᠶᠢᠨ  ᠭᠠᠮᠰᠢᠭ ᠢ  ᠠᠷᠭᠠᠴᠠᠬᠤ  ᠨᠦᠬᠦᠴᠡᠯ ᠢ ᠰᠠᠶᠢᠵᠢᠷᠠᠭᠤᠯᠬᠤ  ᠬᠡᠷᠡᠭᠳᠡᠢ᠂  ᠤᠰᠤᠨ  ᠠᠰᠢᠬᠯᠠᠯᠳᠡ᠂  ᠴᠠᠬᠢᠯᠭᠠᠨ   ᠵᠠᠮ   ᠬᠠᠷᠢᠯᠴᠠᠭᠠᠨ ᠤ   ᠲᠠᠯ᠎ᠡ ᠪᠠᠷ ᠬᠢ   ᠨᠦᠬᠦᠴᠡᠯ ᠢ ᠰᠠᠶᠢᠵᠢᠷᠠᠭᠤᠯᠤᠨ᠂ ᠮᠠᠯᠴᠢᠳ ᠤᠨ ᠵᠠᠷᠤᠯᠭ᠎ᠠ ᠶᠢ ᠪᠠᠭᠠᠰᠬᠠᠬᠤ ᠬᠡᠷᠡᠭᠳᠡᠢ︾ ᠬᠡᠵᠤ  ᠦᠬᠡ  ᠪᠤᠯᠭᠠᠨ ᠠᠴᠠ ᠨᠢ  ᠮᠠᠯᠴᠢᠳ ᠤᠨ ᠢᠶᠠᠨ ᠲᠤᠬᠠᠢ ᠰᠠᠨᠠᠭᠠᠰᠢᠷᠠᠬᠰᠠᠨ ᠨᠢ ᠢᠯᠡᠳᠳᠡ ᠪᠠᠶᠢᠯ᠎ᠡ᠃                    2018 ᠤᠨ ᠤ 3 ᠰᠠᠷ᠎ᠡ ᠶᠢᠨ 5᠎ ᠤ ᠦᠳᠡ ᠶᠢᠨ ᠬᠤᠶᠢᠨ᠎ᠡ᠂ ᠰᠢ ᠶᠢᠨ ᠫᠢᠩ ᠶᠡᠷᠤᠩᠬᠡᠢ ᠱᠦᠵᠢ  ᠦᠪᠡᠷ ᠤᠨ ᠢᠶᠠᠨ ᠪᠠᠶᠢᠭ᠎ᠠ ᠠᠷᠪᠠᠨ ᠭᠤᠷᠪᠠᠳᠤᠭᠠᠷ ᠬᠤᠭᠤᠴᠠᠭᠠᠨ ᠤ  ᠪᠦᠬᠦ  ᠤᠯᠤᠰ ᠤᠨ  ᠠᠷᠠᠳ ᠤᠨ  ᠲᠦᠯᠦᠬᠡᠯᠡᠭᠴᠢᠳ ᠤᠨ  ᠶᠡᠭᠡ  ᠬᠤᠷᠠᠯ ᠤᠨ ᠠᠩᠬᠠᠳᠤᠭᠠᠷ ᠬᠤᠷᠠᠯ ᠤᠨ  ᠦᠪᠦᠷ  ᠮᠤᠩᠭᠤᠯ ᠤᠨ  ᠲᠦᠯᠦᠬᠡᠯᠡᠭᠴᠢᠳ ᠤᠨ  ᠪᠦᠯᠬᠦᠮ ᠤᠨ  ᠬᠢᠨᠠᠨ  ᠵᠦᠪᠯᠡᠬᠦ ᠳᠤ  ᠤᠷᠤᠯᠴᠠᠬᠤ ᠦᠶ᠎ᠡ ᠪᠠᠷ ᠴᠤᠯᠮᠤᠨ ᠶᠡᠷᠤᠩᠬᠡᠢ ᠱᠦᠵᠢ ᠶᠢᠨ ᠬᠠᠵᠠᠭᠤ ᠳᠤ ᠰᠠᠭᠤᠵᠤ᠂ ᠵᠠᠰᠠᠭ ᠤᠨ ᠤᠷᠳᠤᠨ ᠤ ᠠᠵᠢᠯ ᠤᠨ  ᠢᠯᠡᠳᠬᠡᠯ ᠢ  ᠬᠢᠨᠠᠨ ᠵᠦᠪᠯᠡᠭᠰᠡᠨ ᠨᠢ ︽ᠠᠷᠠᠳ ᠤᠨ ᠤᠳᠤᠷᠢᠳᠤᠬᠴᠢ  ᠠᠷᠠᠳ  ᠲᠦᠮᠡᠨ ᠢᠶᠠᠨ  ᠬᠠᠶᠢᠷᠠᠯᠠᠨ᠎ᠡ︾  ᠬᠡᠳᠡᠭ ᠤᠨ  ᠬᠦᠨᠵᠡᠬᠡᠢ  ᠲᠤᠰᠬᠠᠯ᠃ ︽ᠶᠡᠷᠤᠩᠬᠡᠢ ᠱᠦᠵᠢ ᠶᠢᠨ ᠲᠡᠷᠬᠡᠳᠡ ᠰᠠᠭᠤᠵᠤ᠂ ᠤᠯᠤᠰ ᠤᠨ ᠶᠠᠪᠤᠳᠠᠯ ᠢ ᠵᠦᠪᠯᠡᠭᠰᠡᠨ ᠳᠡᠭᠡᠨ ᠪᠡᠶᠡᠷᠳᠡᠢ ᠪᠠᠶᠢᠨ᠎ᠡ᠂ ᠦᠨᠡᠬᠡᠷ  ᠨᠢᠬᠡ ᠦᠬᠡ ᠨᠢᠬᠡ ᠬᠦᠳᠡᠯᠬᠡᠬᠡᠨ ᠢ ᠨᠢ  ᠠᠯᠳᠠᠯ  ᠦᠬᠡᠢ  ᠠᠩᠬᠠᠷᠴᠤ  ᠰᠠᠭᠤᠯ᠎ᠡ᠂  ᠶᠡᠷᠤᠩᠬᠡᠢ  ᠱᠦᠵᠢ  ᠨᠠᠳᠠ ᠳᠤ  ᠮᠠᠰᠢ  ᠲᠤᠳᠤᠨᠤ ᠰᠠᠨᠠᠬᠳᠠᠬᠰᠠᠨ᠂ ᠤᠨᠴᠠᠭᠠᠢᠢᠯᠠᠨ ᠲᠡᠬᠦᠨ ᠤ  ᠶᠠᠷᠢᠶᠠᠨ ᠳᠤ  ᠦᠷᠢ  ᠦᠭᠴᠡᠬᠡᠨ ᠤ  ᠲᠦᠭᠰᠢᠬᠦᠷᠢ ᠶᠢ  ᠪᠦᠳᠦᠮᠵᠢᠳᠡᠢ  ᠰᠡᠷᠬᠡᠶᠢᠯᠡᠨ ᠠᠷᠢᠯᠭᠠᠵᠤ᠂  ᠦᠷᠢ  ᠦᠭᠴᠡᠬᠡᠨ ᠤ  ᠲᠦᠭᠰᠢᠬᠦᠷᠢ ᠶᠢ  ᠰᠡᠷᠬᠡᠶᠢᠯᠡᠨ  ᠨᠠᠮᠳᠠᠭᠠᠬᠤ  ᠡᠷᠴᠢᠮ ᠢ   ᠴᠢᠩᠭᠠᠷᠠᠭᠤᠯᠬᠤ   ᠬᠡᠷᠡᠭᠳᠡᠢ᠂ ᠶᠠᠳᠠᠭᠤ ᠠᠴᠠ ᠠᠩᠬᠢᠵᠢᠷᠠᠭᠤᠯᠬᠤ ᠶᠢ ᠰᠠᠶᠢᠳᠤᠷ ᠬᠢᠵᠤ᠂ ᠰᠠᠭᠤᠷᠢ ᠪᠦᠳᠦᠬᠡᠨ ᠪᠠᠶᠢᠭᠤᠯᠤᠯᠳᠡ ᠶᠢ ᠡᠷᠴᠢᠮ ᠲᠠᠢ ᠬᠢᠬᠦ ᠬᠡᠷᠡᠭᠳᠡᠢ ᠬᠡᠵᠤ ᠲᠤᠷᠠᠳᠤᠬᠰᠠᠨ ᠨᠢ ᠨᠠᠳᠠ ᠳᠤ ᠮᠠᠰᠢ ᠶᠡᠭᠡ  ᠰᠠᠭᠤᠬᠳᠠᠯ  ᠦᠯᠡᠳᠡᠬᠡᠭᠰᠡᠨ︾  ᠬᠡᠵᠤ  ᠮᠠᠯᠴᠢᠨ  ᠲᠦᠯᠦᠭᠡᠯᠡᠭᠴᠢ  ᠴᠤᠯᠮᠤᠨ  ᠪᠡᠶᠡᠷ ᠲᠤᠬᠳᠤᠯᠤᠯ ᠢᠶᠠᠨ ᠲᠠᠷᠤᠵᠤ ᠶᠠᠳᠠᠨ᠂ ᠦᠬᠡ ᠶᠢᠨ ᠬᠡᠯᠬᠢᠶ᠎ᠡ ᠰᠤᠪᠤᠷᠠᠭᠤᠯᠵᠤ ᠪᠠᠶᠢᠯ᠎ᠡ᠃  (ᠦᠵᠡᠰᠭᠦᠯᠡᠩ ᠰᠠᠷᠠᠭᠤᠯᠬᠠᠨ ᠬᠦᠪᠴᠢᠨ)
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号