ᠴᠠᠬᠠᠷ ᠰᠤᠶᠤᠯ ᠤᠨ ᠵᠢᠳᠬᠦᠯᠳᠡᠨ ᠵᠢᠭᠳᠡᠩᠭᠡ
ᠨᠡᠶᠢᠲᠡᠯᠡᠭᠰᠡᠨ ᠴᠠᠭ᠄
2018/6/7
           2016 ᠤᠨ ᠤ 10 ᠰᠠᠷ᠎ᠠ ᠶᠢᠨ 20 ᠤ ᠡᠳᠦᠷ ᠪᠢᠳᠡ ᠴᠠᠬᠠᠷ  ᠪᠠᠷᠠᠭᠤᠨ  ᠭᠠᠷᠤᠨ  ᠬᠤᠶᠢᠳᠤ  ᠬᠤᠰᠢᠭᠤᠨ ᠤ ᠪᠠᠶᠠᠨᠴᠠᠭᠠᠨ ᠪᠠᠯᠭᠠᠰᠤᠨ ᠳᠤ᠂ ᠠᠰᠠᠷ ᠬᠦᠭᠵᠢᠮ ᠤᠨ ᠤᠷᠠᠯᠢᠭ ᠢ ᠤᠯᠠᠮᠵᠢᠯᠠᠨ ᠵᠠᠯᠭᠠᠮᠵᠢᠯᠠᠬᠤ ᠬᠦᠭᠵᠢᠭᠦᠯᠦᠨ ᠪᠠᠳᠠᠷᠠᠭᠠᠬᠤ  ᠭᠡᠳ ᠨᠦᠷᠢ ᠶᠡᠭᠡ ᠬᠦᠴᠤ ᠭᠠᠷᠭᠠᠨ ᠵᠢᠷᠦᠬᠡᠨ ᠲᠠᠮᠢᠷ ᠢᠶᠠᠨ ᠰᠢᠪᠬᠠᠨ ᠶᠠᠪᠤᠭ᠎ᠠ ᠳᠠᠯᠠᠨ ᠨᠢᠭᠡᠲᠡᠢ ᠵᠢᠭᠳᠡᠩᠭᠡ  ︵ᠬᠢᠲᠠᠳ  ᠨᠡᠷ᠎ᠡ ᠨᠢ  ᠦ᠋ ᠳ᠋ᠢᠶᠠᠨ ᠯᠢᠨ ᠭᠡᠳᠡᠭ︶ ᠨᠠᠰᠤᠲᠠᠨ ᠢ ᠰᠤᠷᠪᠤᠯᠵᠢᠯᠠᠯ᠎ᠠ᠃ ᠲᠡᠷᠡ ᠪᠤᠯ  ︽ᠴᠠᠬᠠᠷ  ᠰᠤᠶᠤᠯ︾  ᠭᠡᠬᠦ  ᠲᠤᠷᠠᠳᠤᠯᠭ᠎ᠠ ᠶᠢ  ᠠᠩᠬᠠᠯᠠᠨ ᠲᠤᠷᠠᠳᠤᠭᠰᠠᠠ ᠬᠦᠮᠦᠨ ᠪᠦᠭᠡᠳ ᠤᠯᠠᠭᠠᠨᠴᠠᠪ ᠬᠤᠲᠠ ᠶᠢᠨ ᠠᠰᠠᠷ ᠬᠦᠭᠵᠢᠮ ᠤᠨ ᠤᠯᠠᠮᠵᠢᠯᠠᠭᠴᠢ᠃︽ᠴᠠᠬᠠᠷ  ᠭᠡᠭᠴᠢ  ᠠᠶᠢᠮᠠᠭ ᠪᠦᠯᠦᠭ ᠪᠢᠰᠢ᠂ ᠬᠠᠷᠢᠨ ᠮᠤᠩᠭᠤᠯ ᠤᠨ ᠡᠯ᠎ᠡ ᠠᠶᠢᠮᠠᠭ ᠪᠦᠯᠦᠭ ᠠᠴᠠ  ᠰᠢᠯᠢᠭᠳᠡᠨ  ᠢᠷᠡᠭᠰᠡᠡ  ᠤᠷᠳᠤᠨ  ᠬᠠᠮᠠᠭᠠᠯᠠᠬᠤ  ᠰᠢᠲᠠᠷ ᠴᠡᠷᠢᠭ ᠪᠠᠶᠢᠭᠰᠠᠠ ᠶᠤᠮ᠃                    ᠴᠠᠬᠠᠷ ᠤᠨ ᠨᠠᠶᠢᠷ ᠬᠤᠷᠢᠮ ᠢ ᠤᠷᠢᠳᠠᠪᠠᠷ ᠠᠰᠠᠷ ᠬᠦᠭᠵᠢᠮ ᠢᠶᠠᠷ ᠡᠬᠢᠯᠡᠭᠦᠯᠵᠤ᠂ ᠬᠠᠭᠠᠨ ᠢᠶᠠᠨ ᠮᠠᠭᠳᠠᠭᠰᠠᠨ ᠲᠠᠭᠤᠤ᠂ ᠤᠯᠤᠰ ᠢᠶᠠᠨ ᠮᠠᠭᠳᠠᠭᠰᠠᠨ ᠲᠠᠭᠤᠤ᠂ ᠪᠠᠶᠢᠭᠠᠯᠢ ᠪᠠᠨ ᠮᠠᠭᠳᠠᠭᠰᠠᠨ ᠲᠠᠭᠤᠤ ᠵᠡᠷᠭᠡ ᠲᠦᠷᠦ ᠶᠢᠨ  ᠭᠤᠷᠪᠠᠨ  ᠲᠠᠭᠤᠤ  ᠡᠷᠬᠦᠭᠰᠡᠨ ᠬᠤᠶᠢᠨ᠎ᠠ ᠰᠠᠢᠢ ᠨᠠᠶᠢᠷ ᠤᠨ ᠪᠤᠰᠤᠳ ᠲᠠᠭᠤᠤ ᠲᠠᠭᠤᠯᠠᠵᠦ ᠨᠠᠶᠢᠷᠯᠠᠳᠠᠭ︾  ᠭᠡᠮᠡᠨ  ᠵᠢᠭᠳᠡᠩᠭᠡ  ᠨᠠᠰᠤᠳᠠᠨ  ᠴᠠᠬᠠᠷ  ᠰᠤᠶᠤᠯ ᠤᠨ ᠦᠪᠡᠷᠮᠢᠴᠡ ᠤᠨᠴᠠᠯᠢᠭ᠂ ᠠᠰᠠᠷ ᠬᠦᠭᠵᠢᠮ ᠤᠨ  ᠡᠷᠬᠢᠮ  ᠲᠡᠭᠡᠳᠤ  ᠪᠠᠶᠢᠳᠠᠭ ᠢ  ᠲᠠᠨᠢᠯᠴᠠᠭᠤᠯᠤᠭᠠᠳ  ᠲᠡᠬᠦᠨ ᠢ  ᠠᠭᠤᠳᠠᠯᠵᠤ ᠴᠤᠭᠯᠠᠭᠤᠯᠵᠤ ᠤᠯᠠᠮᠵᠢᠯᠠᠵᠤ ᠵᠠᠯᠭᠠᠮᠵᠢᠯᠠᠭᠰᠠᠠ ᠲᠤᠬᠠᠢ ᠰᠡᠳᠬᠢᠯ ᠬᠡᠵᠢᠭᠡᠳᠡᠮ᠎ᠡ ᠦᠯᠢᠬᠡᠷ ᠠᠴᠠ ᠪᠠᠨ ᠶᠠᠷᠢᠯ᠎ᠠ᠃                    ᠵᠢᠭᠳᠡᠩᠭᠡ ᠶᠢᠨ ᠨᠤᠲᠤᠭ ᠪᠤᠯ ᠤᠤᠯ ᠤᠨ ᠬᠦᠯᠦ ᠰᠢᠷ᠎ᠠ ᠬᠤᠰᠢᠭᠤᠨ ᠤ ᠠᠷᠪᠠᠳᠤᠭᠠᠷ ᠰᠤᠮᠤ᠂ ᠤᠳᠤ ᠶᠢᠨ ᠪᠠᠶᠠᠨᠴᠠᠭᠠᠨ ᠪᠠᠯᠭᠠᠰᠤᠨ ᠤ ᠠᠮᠠᠨᠬᠤᠳᠳᠤᠭ ᠭᠠᠴᠠᠭ᠎ᠠ ᠪᠠᠶᠢᠯ᠎ᠠ᠃ ᠠᠷᠪᠠᠨ ᠨᠠᠰᠤᠲᠠᠢ ︵1955 ᠤᠨ︶    ᠳᠤ   ᠪᠠᠨ  ᠲᠡᠷᠡ  ᠠᠪᠤ  ᠪᠤᠯᠤᠨ ᠠᠪᠤ ᠶᠢᠨ ᠬᠢᠨᠢ ᠨᠠᠭᠠᠴᠤ ᠪᠤᠯᠬᠤ ᠳ᠋ᠧ ᠸᠠᠩ ᠤᠨ ᠤᠷᠳᠤᠨ ᠤ ᠬᠦᠭᠵᠢᠮ ᠤᠨ ᠪᠦᠯᠬᠦᠮ ᠳᠤ ᠪᠠᠶᠢᠭᠰᠠᠠ ᠨᠢᠩᠪᠦ ᠭᠡᠭᠴᠢ ᠬᠦᠮᠦᠨ ᠤ ᠲᠠᠲᠠᠭᠰᠠᠠ ᠠᠳᠤᠭᠤᠴᠢᠨ ᠠᠰᠠᠷ᠂ ᠬᠦᠯᠦ ᠴᠠᠭᠠᠨ ᠠᠰᠠᠷ᠂ ᠰᠦᠷᠦᠭ ᠠᠰᠠᠷ ᠵᠡᠷᠭᠡ ᠬᠦᠭᠵᠢᠮ ᠢ  ᠠᠩᠬ᠎ᠠ  ᠰᠤᠨᠤᠰᠴᠤ  ᠶᠡᠬᠡᠲᠡ ᠪᠠᠭ᠋ᠠᠷᠬᠠᠭᠠᠳ ᠠᠷᠪᠠᠨ ᠳᠦᠷᠪᠡᠨ ᠨᠠᠰᠤᠲᠠᠢ  ᠳᠤ ᠪᠡᠨ‌ᠠᠰᠠᠷ ᠬᠦᠭᠵᠢᠮ ᠢ ᠬᠤᠭᠤᠷᠲᠠᠵᠤ ᠲᠠᠲᠠᠵᠤ  ᠰᠤᠷᠤᠭᠰᠠᠠ  ᠭᠡᠨ᠎ᠡ᠃  ᠲᠡᠷᠡ ᠦᠶᠡᠰ ᠶᠠᠭᠤᠮ᠎ᠠ ᠬᠤᠪᠤᠷ ᠡᠳ᠋ ᠮᠦᠡᠭᠭᠦ ᠬᠦᠷᠦᠯᠴᠡᠭᠡ ᠦᠭᠡᠢ ᠪᠤᠯᠬᠤᠷ ᠠᠪᠤ ᠨᠢ ᠬᠤᠨᠢᠨ ᠤ ᠨᠠᠷᠢᠨ ᠭᠡᠳᠡᠰᠦ ᠶᠢ ᠬᠡᠳᠦᠨ  ᠡᠳᠤᠷ ᠤᠰᠤᠨ ᠳᠤ ᠲᠡᠪᠲᠥᠭᠡᠵᠦ ᠪᠠᠶᠢᠵᠤ ᠱᠠᠭᠠᠯᠠᠵᠦ ᠠᠪᠤᠭᠰᠠᠠ  ᠬᠠᠯᠢᠰᠤ ᠪᠠᠷ  ᠬᠤᠭᠤᠷ ᠤᠨ  ᠤᠳᠠᠰᠤ  ᠪᠤᠯᠭᠠᠨ  ᠬᠤᠭᠤᠷ  ᠬᠢᠵᠤ ᠦᠭᠭᠦᠭᠰᠡᠡ ᠭᠡᠳᠡᠭ᠃1982 ᠤᠨ ᠳᠤ ᠬᠤᠰᠢᠭᠤᠨ ᠤ ᠨᠠᠮ ᠤᠨ ᠲᠡᠤᠬᠡ ᠰᠤᠳᠤᠯᠬᠤ ᠠᠯᠪᠠᠨ ᠭᠡᠷ ᠲᠤ  ᠠᠵᠢᠯ  ᠠᠯᠪᠠ ᠲᠠᠢ ᠪᠠᠶᠢᠭᠰᠠᠠ  ᠲᠡᠷᠡ ᠪᠠᠷ  1947  ᠤᠨ ᠳᠤ  ᠪᠤᠯᠤᠭᠰᠠᠨ  ᠬᠠᠶ᠋ᠢᠩᠬᠢᠷᠸ᠎ᠠ  ᠰᠦᠮ᠎ᠡ  ᠪᠤᠯᠤᠨ  ᠪᠠᠳᠮᠠᠲᠥ ᠶᠢᠨ  ᠰᠦᠮ᠎ᠡ ᠶᠢᠨ ᠪᠠᠶᠢᠯᠳᠤᠭᠠᠨ ᠤ ᠲᠤᠬᠠᠢ ᠮᠠᠲ᠋ᠧᠷᠢᠶᠠᠯ ᠴᠤᠭᠯᠠᠭᠤᠯᠬᠤ ᠪᠠᠷ ᠤᠯᠠᠭᠠᠨᠬᠠᠳᠠ ᠰᠤᠮᠤᠨ ᠳᠤ ᠪᠠᠶᠢᠭ᠎ᠠ ᠨᠠᠶᠠ  ᠬᠦᠷᠦᠭᠰᠡᠨ  ᠭᠡᠭᠡᠨ ᠤ ᠳᠤ ᠬᠦᠷᠴᠠᠢ᠃ ᠡᠨᠡ  ᠬᠦᠮᠦᠨ  ᠤᠤᠯ ᠨᠢ  ᠭᠤᠮᠢᠨᠳᠠᠩ ᠤᠨ  ᠴᠡᠷᠢᠭ ᠲᠤ  ᠪᠠᠶᠢᠭᠰᠠᠨ  ᠪᠥᠭᠡᠳ  ᠬᠤᠵᠢᠮ ᠨᠢ  ᠠᠷᠪᠠᠭᠠᠳ  ᠵᠢᠯ ᠱᠤᠷᠤᠩ ᠳᠤ ᠰᠠᠭᠤᠭᠰᠠᠠ ᠢᠶᠠᠷ ᠲᠡᠤᠭᠡᠨ ᠶᠠᠪᠤᠳᠠᠯ ᠤᠨ ᠲᠤᠬᠠᠢ ︽ᠠᠮᠠᠨ ᠠᠴᠠ ᠪᠠᠨ ᠠᠯᠲᠠ ᠤᠨᠠᠭᠠᠬᠤ ᠥᠭᠡᠢ︾ ᠭᠡᠰᠡᠨ  ᠰᠢᠭ ᠶᠠᠭᠤ ᠴᠤ ᠶᠠᠷᠢᠬᠤ ᠦᠭᠡᠢ ᠪᠠᠶᠢᠪᠠ᠃ ᠬᠠᠨᠠᠨ ᠳᠤ ᠡᠯᠬᠦᠬᠡᠰᠦᠳᠡᠢ ᠲᠦᠷᠪᠡᠨ  ᠴᠢᠬᠢᠲᠥ  ᠬᠤᠭᠤᠷ ᠢ ᠨᠢ  ᠬᠠᠷᠠᠭᠠᠳ  ᠵᠢᠭᠳᠡᠩᠭᠡ ᠦᠬᠡᠨ ᠤ  ᠭᠤᠭᠴᠤᠭ᠎ᠠ  ᠡᠷᠢᠨ  ︽ᠬᠤᠭᠤᠷ  ᠲᠠᠳᠠᠳᠠᠭ  ᠤᠤ︖︾  ᠭᠡᠬᠦ ᠪᠠᠷ᠂  ᠭᠡᠭᠡᠨ  ᠪᠠᠭᠰᠢ ᠶᠢᠨ  ᠤᠷᠮᠠᠰ  ᠰᠡᠷᠭᠦᠵᠤ ︽ᠵᠠᠯᠠᠭᠤ ᠳᠠᠭᠠᠨ ᠰᠦᠮ᠎ᠡ ᠳᠤ ᠪᠠᠶᠢᠬᠤ ᠳᠠᠭᠠᠨ ᠲᠠᠳᠠᠵᠦ  ᠪᠠᠶᠢᠭᠰᠠᠨ︾  ᠭᠡᠳ  ᠵᠠᠯᠭᠠᠪᠠᠷ  11  ᠠᠰᠠᠷ  ᠬᠦᠭᠵᠢᠮ  ᠲᠠᠳᠠᠵᠦ ᠦᠭᠭᠦᠭᠰᠡᠡ ᠪᠠᠶᠢᠪᠠ᠃ ᠡᠬᠦᠨ ᠢ ᠵᠢᠭᠳᠡᠩᠭᠡ ᠰᠢᠩᠭᠡᠭᠡᠬᠦ ᠮᠠᠰᠢᠨ ᠳᠠᠭᠠᠨ ᠰᠢᠩᠭᠡᠭᠡᠨ  ᠠᠪᠴᠤ᠂  ᠠᠪᠤ  ᠪᠤᠯᠤᠨ  ᠠᠪᠤ ᠶᠢᠨ ᠢᠶᠠᠨ ᠨᠠᠭᠠᠴᠦ ᠠᠴᠠ ᠰᠤᠷᠤᠭᠠᠳ ᠪᠠᠶᠢᠭᠰᠠᠠ 7 ᠠᠰᠠᠷ  ᠬᠦᠭᠵᠢᠮ ᠤᠨ  ᠳᠡᠭᠡᠷ᠎ᠡ  ᠪᠠᠰᠠ  ᠠᠷᠪᠠᠨ  ᠨᠢᠭᠡ  ᠨᠡᠮᠡᠭᠳᠡᠭᠰᠡᠨ ᠳᠤ  ᠠᠰᠠᠷ ᠬᠦᠭᠵᠢᠮ ᠤᠯᠠᠨ ᠪᠠᠶᠢᠳᠠᠭ ᠶᠤᠮ ᠪᠠᠶᠢᠨ᠎ᠠ ᠭᠡᠰᠡᠨ ᠰᠡᠳᠭᠢᠭᠳᠡᠯ ᠤᠷᠤᠵᠤ᠂  ᠰᠠᠨᠠᠭᠠᠨ ᠳᠤ  ᠦᠬᠡᠢ ᠪᠠᠷ  ᠠᠰᠠᠷ  ᠬᠦᠭᠵᠢᠮ ᠤᠨ ᠲᠤᠬᠠᠢ ᠡᠶᠢᠮᠦ ᠤᠯᠠᠨ ᠠᠩᠬᠠᠨ ᠤ ᠪᠤᠷᠤ ᠮᠠᠲ᠋ᠧᠷᠢᠶᠠᠯ ᠤᠯᠤᠬᠰᠠᠨ ᠳᠠᠭᠠᠨ ᠶᠡᠭᠡ ᠯᠡ  ᠤᠯᠵᠠᠭᠤᠷᠬᠠᠭᠰᠠᠨ  ᠪᠠᠶᠢᠵᠠᠢ᠃  ᠭᠡᠪᠡᠴᠤ ᠠᠵᠢᠯ ᠠᠯᠪᠠ ᠭᠡᠵᠤ ᠶᠠᠭᠠᠷᠠᠭᠰᠠᠭᠠᠷ ᠪᠠᠶᠢᠵᠤ 1998 ᠤᠨ ᠤ ᠦᠶ᠎ᠡ ᠬᠥᠷᠥᠭᠡᠳ ᠲᠡᠷᠡ ᠰᠠᠢᠢ 11  ᠠᠰᠠᠷ  ᠬᠦᠭᠵᠢᠮ ᠢᠶᠠᠨ ᠨᠤᠲ ᠲᠡᠭᠡᠷ ᠎ᠡ ᠪᠠᠭᠤᠯᠭᠠᠬᠤ ᠪᠠᠷ ᠡᠬᠢᠯᠡᠵᠤ ᠤᠷᠤᠯᠳᠤᠵᠠᠢ᠃ ᠪᠠᠭ᠎ᠠ ᠰᠤᠷᠭᠠᠭᠤᠯᠢ ᠳᠤ ᠵᠢᠭᠠᠬᠠᠨ  ᠰᠤᠷᠤᠭᠰᠠᠠ  ᠪᠦᠤᠷ  ᠲᠦᠤᠷ ᠡᠷᠬᠢᠴᠡᠬᠦᠯᠦᠯ ᠢᠶᠠᠷ ᠢᠶᠠᠨ ᠠᠶᠠᠯᠭᠤ ᠨᠤᠲ ᠢ  ᠳᠠᠬᠢᠨ  ᠰᠤᠷᠴᠤ  ᠪᠠᠶᠢᠵᠤ  ᠨᠤᠲ ᠤᠨ  ᠮᠡᠳᠡᠯᠭᠡ ᠶᠢ  ᠡᠵᠡᠮᠰᠢᠭᠡᠳ  11ᠠᠰᠠᠷ ᠬᠦᠭᠵᠢᠮ ᠢᠶᠠᠨ ᠪᠦᠬᠦᠨ ᠢ ᠨᠤᠲ ᠢᠶᠠᠷ ᠪᠠᠭᠤᠯᠭᠠᠪᠠ᠃ ᠡᠨᠡ ᠰᠠᠭᠤᠷᠢᠨ ᠲᠡᠭᠡᠷ᠎ᠡ ᠪᠠᠨ ᠲᠡᠷᠡ ᠠᠰᠠᠷ ᠬᠦᠭᠵᠢᠮ ᠤᠨ ᠲᠤᠬᠠᠢ ᠨᠤᠮ ᠭᠠᠷᠭᠠᠶ᠎ᠠ ᠭᠡᠰᠡᠨ ᠪᠤᠳᠤᠯ ᠢᠶᠠᠷ ᠴᠠᠬᠠᠷ ᠤᠨ  ᠡᠯ᠎ᠡ  ᠬᠤᠰᠢᠭᠤᠳ ᠤᠨ  ᠠᠷᠠᠳ ᠤᠨ  ᠤᠷᠠᠯᠢᠭᠴᠢᠳ ᠢ  ᠡᠷᠢᠨ  ᠰᠤᠷᠪᠤᠯᠵᠢᠯᠠᠵᠤ ᠪᠠᠶᠢᠭᠠᠳ 47 ᠠᠰᠠᠷ ᠬᠦᠭᠵᠢᠮ ᠤᠨ ᠮᠠᠲ᠋ᠧᠷᠢᠶᠠᠯ ᠢ ᠬᠤᠷᠠᠮᠳᠤᠭᠤᠯᠤᠭᠰᠠᠠ ᠠᠵᠢ᠃                    2003 ᠤᠨ ᠠᠴᠠ ᠦᠪᠡᠷᠲᠡᠭᠡᠨ ᠵᠠᠰᠠᠬᠤ ᠤᠷᠤᠨ ᠠᠴᠠ  ᠭᠠᠷᠭᠠᠭᠰᠠᠠ  ᠦᠨᠳᠦᠰᠦᠲᠡᠨ ᠤ  ᠰᠤᠶᠤᠯ ᠤᠨ  ᠲᠤᠮᠤ ᠤᠷᠤᠨ ᠢ ᠪᠠᠶᠢᠭᠤᠯᠬᠤ ᠲᠤᠷᠠᠳᠤᠯᠭ᠎ᠠ ᠳᠤ ᠤᠷᠮᠠᠰᠢᠭᠰᠠᠠ ᠵᠢᠭᠳᠡᠩᠭᠡ ᠬᠤᠰᠢᠭᠤᠨ ᠤ ᠤᠳᠤᠷᠢᠳᠤᠯᠭ᠎ᠠ ᠳᠤ ᠪᠠᠨ ᠴᠠᠬᠠᠷ ᠰᠤᠶᠤᠯ ᠢ ᠤᠯᠠᠮᠵᠢᠯᠠᠵᠤ ᠵᠠᠯᠭᠠᠮᠵᠢᠯᠠᠬᠤ  ᠠᠵᠢᠯ  ᠦᠷᠨᠢᠬᠦᠯᠦᠶ᠎ᠡ  ᠭᠡᠬᠦ  ᠲᠤᠷᠠᠳᠤᠯᠭ᠎ᠠ  ᠭᠠᠷᠭᠠᠭᠰᠠᠠ  ᠪᠠᠶᠢᠯ᠎ᠠ᠃  ᠡᠨᠡ  ᠲᠤᠷᠠᠳᠤᠯᠭ᠎ᠠ ᠨᠢ ᠬᠤᠰᠢᠭᠤᠨ ᠤ ᠤᠳᠤᠷᠢᠳᠤᠯᠭ᠎ᠠ ᠲᠡᠳᠦᠢ ᠦᠭᠡᠢ ᠬᠤᠲᠠ ᠶᠢᠨ ᠬᠠᠮᠢᠶ᠎ᠠ ᠪᠦᠬᠦᠢ ᠤᠳᠤᠷᠢᠳᠤᠯᠭ᠎ᠠ ᠶᠢᠨ ᠬᠦᠨᠳᠦᠳᠭᠡᠯ ᠳᠤ ᠬᠦᠷᠴᠤ᠂ 2005᠂  2006  ᠤᠨ ᠳᠤ  ᠬᠤᠲᠠ ᠶᠢᠨ ᠬᠢᠨ  ᠴᠠᠬᠠᠷ  ᠰᠤᠶᠤᠯ ᠤᠨ  ᠶᠠᠷᠢᠯᠴᠠᠬᠤ  ᠬᠤᠷᠠᠯ ᠢ  ᠵᠠᠯᠭᠠᠪᠠᠷ   ᠡᠷᠬᠢᠯᠡᠨ ᠶᠠᠪᠤᠭᠳᠠᠭᠤᠯᠤᠭᠰᠠᠠ ᠪᠠᠶᠢᠪᠠ᠃ 2008 ᠤᠨ ᠳᠤ ᠵᠢᠭᠳᠡᠩᠭᠡ ᠰᠢᠯᠤᠭᠤᠨ  ᠬᠦᠬᠡ  ᠬᠤᠰᠢᠭᠤᠨ ᠳᠤ  ᠪᠤᠯᠤᠭᠰᠠᠠ  ︽ᠠᠰᠠᠷ︾ ᠢᠵᠠᠭᠤᠷ ᠤᠷᠠᠯᠢᠭ ᠤᠨ ᠰᠤᠳᠤᠯᠤᠨ ᠶᠠᠷᠢᠯᠴᠠᠬᠤ ᠬᠤᠷᠠᠯ ᠳᠤ ᠤᠷᠢᠭᠳᠠᠨ ᠤᠷᠤᠯᠴᠠᠵᠤ᠂  ᠵᠠᠷᠢᠮ  ᠡᠷᠳᠡᠮᠲᠡᠨ ᠤ  ᠲᠤᠷᠠᠳᠤᠭᠰᠠᠠ ︽ᠠᠰᠠᠷ ᠬᠦᠭᠵᠢᠮ 8 ᠪᠠᠶᠢᠨ᠎ᠠ᠂ ᠴᠠᠬᠠᠷ ᠤᠨ ᠰᠦᠷᠦᠭ ᠤᠨ  ᠬᠤᠰᠢᠭᠤᠨ ᠳᠤ  ᠪᠠᠶᠢᠨ᠎ᠠ᠂  ᠵᠠᠭᠤᠭᠠᠳ  ᠵᠢᠯ ᠤᠨ  ᠲᠡᠤᠬᠡ ᠲᠠᠢ ᠪᠤᠯᠵᠤ ᠪᠠᠶᠢᠨ᠎ᠠ᠁︾ ᠭᠡᠬᠦ ᠵᠡᠷᠭᠡ ᠶᠢᠨ  ᠦᠵᠡᠯᠲᠡ ᠶᠢ  ᠨᠢᠴᠤᠭᠠᠵᠤ᠂  ᠠᠰᠠᠷ  ᠬᠦᠭᠵᠢᠮ  ᠠᠳᠠᠭ   ᠲᠤ   ᠪᠠᠨ47  ᠪᠤᠢ᠂ ᠤᠷᠳᠤᠨ ᠤ ᠬᠦᠭᠵᠢᠮ ᠤᠨ ᠬᠤᠪᠢᠷᠠᠭᠤᠯᠬᠤ ᠠᠷᠭ᠎ᠠ ᠪᠠᠷ ᠪᠤᠯ ᠵᠠᠭᠤ ᠢᠯᠡᠬᠦᠦ ᠠᠰᠠᠷ  ᠪᠠᠶᠢᠵᠤ  ᠮᠠᠭᠠᠳ  ᠪᠦᠭᠡᠳ  ᠴᠠᠬᠠᠷ ᠤᠨ ᠬᠤᠰᠢᠭᠤ ᠪᠤᠯᠭᠠᠨ ᠳᠤ ᠠᠰᠠᠷ ᠬᠦᠭᠵᠢᠮ ᠲᠠᠢ᠃ ᠲᠡᠷᠡ ᠨᠢ ᠢᠵᠠᠭᠤᠷ ᠠᠶᠠᠯᠭᠤ ᠪᠢᠰᠢ ᠬᠠᠷᠢᠨ ᠶᠤᠸᠠᠨ ᠤᠯᠤᠰ ᠤᠨ ᠦᠶ᠎ᠡ ᠶᠢᠨ ᠤᠷᠳᠤᠨ ᠤ ᠬᠦᠭᠵᠢᠮ ᠪᠤᠯᠤᠨ᠎ᠠ ᠭᠡᠳᠡᠭ ᠰᠢᠨ᠎ᠡ ᠥᠵᠡᠯᠲᠡ ᠪᠠᠨ ᠳᠤᠷᠠᠳᠤᠭᠠᠳ ᠤᠯᠠᠨ ᠤ ᠠᠩᠬᠠᠷᠤᠯ ᠢ ᠲᠠᠲᠠᠭᠰᠠᠠ  ᠪᠠᠶᠢᠪᠠ᠃ ᠠᠯᠲᠠᠷᠲᠦ ᠠᠶᠠᠯᠭᠤ ᠵᠤᠬᠢᠶᠠᠭᠴᠢ ᠮᠡᠷᠭᠡᠵᠢᠬᠦ ᠭᠤᠸᠠᠢ᠄ ︽ᠡᠶᠢᠮᠦ ᠤᠯᠠᠨ ᠮᠠᠲ᠋ᠧᠷᠢᠶᠠᠯ ᠴᠤᠭᠯᠠᠭᠤᠯᠴᠢᠬᠠᠭᠰᠠᠨ ᠶᠤᠮ ᠴᠢᠨᠢ ᠴᠢᠨᠠᠭᠰᠢ ᠬᠦᠨᠵᠡᠬᠡᠶᠢᠷᠡᠬᠦᠯᠦᠨ ᠰᠤᠳᠤᠯᠤᠭᠠᠷᠠᠢ︕︾ ᠭᠡᠵᠦ ᠰᠠᠨᠠᠭᠤᠯᠤᠭᠰᠠᠨ ᠪᠠᠶᠢᠯ᠎ᠠ᠃ ᠡᠬᠦᠨ ᠤ ᠳᠠᠷᠠᠭᠠᠪᠠᠷ ᠳᠡᠷᠡ ᠠᠰᠠᠷ ᠬᠦᠭᠵᠢᠮ   ᠤᠨ ᠮᠠᠲ᠋ᠧᠷᠢᠶᠠᠯ ᠬᠤᠷᠠᠮᠳᠤᠭᠤᠯᠵᠦ ᠪᠠᠶᠢᠭᠰᠠᠨ ᠠᠴᠠ ᠪᠠᠨ ᠰᠤᠳᠤᠯᠬᠤ ᠱᠠᠳᠤᠨ ᠳᠤ ᠰᠢᠯᠵᠢᠭᠰᠡᠡ ᠠᠵᠢ᠃ 2009 ᠤᠨ ᠳᠤ  ᠲᠡᠷᠡ ᠬᠤᠰᠢᠭᠤᠨ ᠤ ᠪᠠᠨ ︽ᠴᠠᠬᠠᠷ ᠰᠤᠶᠤᠯ ᠤᠨ ᠰᠤᠳᠤᠯᠭᠠᠨ ᠤ ᠨᠡᠶᠢᠭᠡᠮᠯᠢᠭ︾ ᠢ  ᠪᠠᠶᠢᠭᠤᠯᠤᠨ  ᠨᠡᠶᠢᠭᠡᠮᠯᠢᠭ ᠤᠨ  ᠳᠡᠳ᠋  ᠳᠠᠷᠤᠭ᠎ᠠ᠂ ᠬᠡᠷᠡᠭ ᠡᠷᠬᠢᠯᠡᠭᠴᠢᠳ ᠤᠨ ᠳᠠᠷᠤᠭ᠎ᠠ ᠪᠤᠯᠵᠤ ᠪᠤᠲᠠᠲᠠᠢ ᠠᠵᠢᠯ ᠢ ᠬᠠᠷᠢᠭᠤᠴᠠᠨ ᠬᠢᠭᠡᠳ ᠤᠳᠤ ᠶᠢ  ᠬᠦᠷᠴᠤ  ᠪᠠᠶᠢᠭ᠎ᠠ  ᠪᠦᠭᠡᠳ ᠦᠪᠦᠷ ᠮᠤᠩᠭᠤᠯ ᠤᠨ  ᠠᠷᠠᠳ ᠤᠨ  ᠤᠷᠠᠯᠢᠬᠴᠢᠳ ᠤᠨ  ᠨᠡᠶᠢᠭᠡᠮᠯᠢᠭ ᠤᠨ  ᠭᠡᠰᠢᠭᠦᠨ᠂  ᠵᠢᠨᠢᠩ ᠤᠨ  ᠪᠠᠭᠰᠢ ᠶᠢᠨ  ᠳᠡᠭᠡᠲᠦ ᠰᠤᠷᠭᠠᠭᠤᠯᠢ ᠶᠢᠨ ᠴᠠᠬᠠᠷ ᠰᠤᠶᠤᠯ ᠰᠤᠳᠤᠯᠬᠤ ᠭᠠᠵᠠᠷ ᠤᠨ ᠵᠦᠪᠯᠡᠭᠴᠢ ᠪᠤᠯᠪᠠ᠃                    ᠲᠡᠷᠡ ᠨᠤᠲ ᠢ ᠰᠢᠨᠵᠢᠨ ᠬᠤᠭᠤᠷ ᠢᠶᠠᠨ ᠲᠠᠳᠠᠨ ᠰᠤᠳᠤᠯᠤᠭᠰᠠᠭᠠᠷ  ᠪᠠᠶᠢᠵᠦ᠂  ᠠᠰᠠᠷ  ᠬᠥᠭᠵᠢᠮ ᠤᠨ  ᠠᠶᠠᠯᠭᠤ ᠳᠤ ᠲᠦᠷᠪᠡᠨ ᠲᠠᠯ ᠎ᠠ ᠶᠢᠨ ᠤᠨᠴᠠᠯᠢᠭ ᠲᠠᠢ ᠪᠠᠶᠢᠬᠤ ᠶᠢ ᠢᠯᠡᠷᠡᠭᠦᠯᠵᠤ᠂ ᠠᠰᠠᠷ ᠬᠦᠭᠵᠢᠮ ᠪᠤᠯ ︽ᠳ᠋ᠤᠤ ᠷᠤᠸᠠᠢ ᠮᠢ ᠰᠤᠤ ᠯᠠ︾ ᠭᠡᠬᠦ ᠲᠠᠪᠤᠨ ᠠᠶ᠎ᠠ ᠪᠠᠷ ᠪᠦᠷᠢᠯᠳᠦᠭᠰᠡᠨ᠂ ᠬᠠᠮᠤᠭ ᠥᠨᠳᠥᠷ ᠠᠶ᠎ᠠ ᠰᠤᠤ ᠠᠴᠠ ᠬᠠᠮᠤᠭ  ᠲᠤᠤᠷ᠎ᠠ  ᠠᠶ᠎ᠠ  ᠰᠤᠤ  ᠬᠦᠷᠳᠡᠯ᠎ᠡ  ᠠᠷᠪᠠᠨ ᠲᠠᠪᠤᠨ ᠠᠶ᠎ᠠ ᠲᠠᠢ︔ ᠠᠰᠠᠷ ᠬᠦᠭᠵᠢᠮ ᠨᠢ ᠬᠦᠬᠡᠮᠡᠢ ᠶᠢᠨ ᠤᠨᠴᠠᠯᠢᠭ ᠲᠠᠢ  ᠠᠳᠠᠯᠢ  ᠪᠤᠯᠬᠤᠷ  ᠬᠦᠬᠡᠮᠡᠢ ᠠᠴᠠ  ᠢᠷᠡᠯᠳᠡ ᠲᠠᠢ᠂ ᠬᠦᠬᠡᠮᠡᠶᠢᠯᠡᠬᠦ ᠠᠷᠭ᠎ᠠ ᠨᠢ ᠵᠡᠭᠡᠰᠦᠨ ᠨᠠᠪᠴᠢ ᠶᠢ ᠦᠯᠢᠶᠡᠵᠦ ᠲᠠᠭᠤ ᠭᠠᠷᠭᠠᠬᠤ ᠠᠴᠠ ᠢᠷᠡᠯ ᠲᠠᠢ ᠤᠴᠢᠷ᠂  ᠠᠰᠠᠷ  ᠬᠦᠭᠵᠢᠮ ᠤᠨ ᠡᠬᠢ ᠡᠭᠦᠰᠦᠯ ᠨᠢ ᠵᠡᠭᠡᠰᠦᠨ ᠨᠠᠪᠴᠢᠨ ᠬᠦᠭᠵᠢᠮ ᠪᠤᠯᠤᠨ᠎ᠠ︔ ᠠᠰᠠᠷ ᠬᠦᠭᠵᠢᠮ ᠤᠨ ᠲᠡᠮᠳᠡᠭᠯᠡᠬᠦ ᠠᠷᠭ᠎ᠠ ᠨᠢ ᠰᠤᠯᠠ᠂  ᠵᠠᠳᠠᠭᠠᠢ᠂ ᠰᠤᠯᠠ ᠵᠠᠳᠠᠭᠠᠢ ᠭᠤᠷᠪᠠᠨ ᠬᠦᠭ ᠢᠶᠠᠷ  ᠲᠡᠮᠳᠡᠭᠯᠡᠳᠡᠭ᠂  ᠡᠨᠡ ᠨᠢ  ᠮᠤᠩᠭᠤᠯᠴᠤᠳ ᠤᠨ  ᠮᠤᠷᠢᠨ  ᠱᠤᠭᠰᠢᠭ᠎ᠠ ᠶᠢᠨ  ᠴᠤᠬᠢᠯᠭ᠎ᠠ ᠬᠦᠭ ᠢᠶᠠᠷ ᠲᠡᠮᠳᠡᠭᠯᠡᠳᠡᠭ ᠬᠦᠭ ᠠᠶᠠᠯᠭᠤ ᠪᠤᠯᠤᠨ᠎ᠠ ᠭᠡᠵᠤ ᠳᠤᠷᠠᠳᠤᠭᠰᠠᠨ ᠪᠠᠶᠢᠪᠠ᠃                    2008 ᠤᠨ ᠠᠴᠠ ᠨᠠᠭᠠᠰᠢ ᠲᠡᠷᠡ ᠴᠠᠬᠠᠷ ᠰᠤᠶᠤᠯ ᠤᠨ ᠲᠤᠬᠠᠢ ᠬᠢᠲᠠᠳ᠂ ᠮᠤᠩᠭᠤᠯ  ᠬᠡᠯᠡᠨ ᠤ  ᠪᠤᠶᠤ  ᠬᠢᠲᠠᠳ ᠮᠤᠩᠭᠤᠯ ᠬᠤᠶᠠᠷ ᠬᠡᠯᠡ ᠬᠠᠪᠰᠤᠷᠭᠠᠭᠰᠠᠠ 8 ᠨᠤᠮ ᠪᠢᠴᠢᠨ ᠬᠡᠪᠯᠡᠭᠦᠯᠵᠤ ᠪᠠᠶᠢᠭ᠎ᠠ ᠪᠦᠭᠡᠳ ᠡᠭᠦᠨ  ᠳᠤ ᠨᠢ ︽ᠴᠠᠬᠠᠷ ᠠᠰᠠᠷ︾᠂ ︽ᠮᠤᠩᠭᠤᠯ ᠦᠨᠳᠦᠰᠦᠳᠡᠨ ᠤ ᠤᠷᠳᠤᠨ ᠤ ᠬᠦᠭᠵᠢᠮ — ᠠᠰᠠᠷ︾᠂ ︽ᠮᠤᠩᠭᠤᠯ ᠦᠨᠳᠦᠰᠦᠳᠡᠨ ᠤ ᠰᠤᠩᠭᠤᠳᠠᠭ  ᠬᠦᠭᠵᠢᠮ ᠪᠠ ᠪᠦᠬᠡᠷᠡᠩᠬᠡᠢ ᠱᠤᠭᠤᠮᠳᠤ ᠨᠤᠲ︾ ᠵᠡᠷᠭᠡ ᠠᠰᠠᠷ ᠬᠦᠭᠵᠢᠮ ᠤᠨ ᠲᠤᠰᠬᠠᠢ ᠰᠤᠳᠤᠯᠭᠠᠨ ᠤ  ᠪᠦᠲᠦᠭᠡᠯ  3  ᠪᠤᠢ᠃  ᠡᠳᠦᠭᠡ ᠲᠡᠷᠡ ᠠᠰᠠᠷ ᠬᠦᠭᠵᠢᠮ ᠢᠶᠠᠨ ᠨᠡᠩ ᠤᠯᠠᠨ ᠬᠦᠮᠦᠨ ᠳᠤ ᠲᠠᠨᠢᠭᠤᠯᠵᠤ  ᠠᠷᠠᠳ ᠤᠨ  ᠲᠤᠮᠳᠠ  ᠲᠦᠬᠡᠮᠡᠯ  ᠳᠡᠯᠭᠡᠷᠡᠭᠦᠯᠬᠦ  ᠭᠡᠮᠡᠨ ᠨᠢᠭᠡᠨᠲᠡ ᠨᠠᠶᠢᠷᠠᠭᠤᠯᠵᠤ ᠳᠠᠭᠤᠰᠬᠠᠭᠠᠳ ᠪᠠᠶᠢᠭ᠎ᠠ ︽ᠲᠤᠮᠳᠠᠳᠤ ᠤᠯᠤᠰ ᠤᠨ ᠶᠤᠸᠠᠨ ᠤ ᠦᠶ᠎ᠡ ᠶᠢᠨ ᠰᠤᠩᠭᠤᠳᠠᠭ ᠶᠡᠭᠡ ᠠᠶᠠᠯᠭᠤ ᠬᠦᠭᠵᠢᠮ — ᠠᠰᠠᠷ︾ ᠭᠡᠬᠦ  ᠵᠦᠴᠦᠭᠡ ᠶᠢᠨ  ᠡᠭᠡ  ᠪᠢᠴᠢᠭ ᠢᠶᠠᠨ  ᠲᠠᠶᠢᠰᠠᠨ ᠤ  ᠤᠷᠠᠯᠢᠭ  ᠪᠤᠯᠭᠠᠵᠤ  ᠲᠤᠭᠯᠠᠭᠤᠯᠬᠤ ᠪᠠᠷ ᠴᠢᠷᠮᠠᠶᠢᠵᠤ ᠪᠠᠶᠢᠨ᠎ᠠ᠃ ︵ ᠶᠢᠨ ᠪᠤᠤ︶        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号