ᠨᠢᠭᠡ᠂ ᠶᠠᠭᠤ ᠶᠢ ᠬᠤᠯᠤᠭᠠᠨ᠎ᠠ ᠬᠢᠵᠢᠭ ᠭᠡᠬᠦ ᠪᠤᠢ︖ ᠬᠤᠯᠤᠭᠠᠨ᠎ᠠ ᠬᠢᠵᠢᠭ ᠨᠢ ᠶᠠᠮᠠᠷ ᠬᠤᠤᠷ ᠬᠦᠨᠦᠭᠡᠯ | ᠲᠠᠢ ᠪᠤᠢ︖ | ᠬᠤᠯᠤᠭᠠᠨ᠎ᠠ ᠬᠢᠵᠢᠭ ᠪᠣᠯ ᠬᠤᠯᠤᠭᠠᠨ᠎ᠠ ᠬᠢᠵᠢᠭ ᠤᠨ ᠰᠠᠪᠬᠠᠨᠴᠢᠷ ᠪᠠᠺᠲ᠋ᠧᠷᠢ ᠠᠴᠠ ᠡᠭᠦᠰᠦᠭᠰᠡᠨ | ᠪᠠᠶᠢᠭᠠᠯᠢ ᠶᠢᠨ ᠡᠬᠢ ᠰᠣᠷᠪᠤᠯᠵᠢ ᠲᠠᠢ ᠬᠠᠯᠳᠠᠪᠦᠷᠢᠳᠦ ᠡᠪᠡᠳᠴᠢᠨ ᠶᠤᠮ᠃ ᠤᠯᠠᠩᠬᠢ ᠳᠠᠭᠠᠨ ᠮᠡᠷᠡᠭᠴᠢ ᠠᠮᠢᠳᠠᠨ ᠤ | ᠳᠤᠮᠳᠠ ᠲᠡᠯᠭᠡᠷᠡᠵᠤ᠂ ᠵᠠᠷᠢᠮ ᠪᠠᠶᠢᠳᠠᠯ ᠳᠤ ᠬᠦᠮᠦᠨ ᠲᠦᠷᠦᠯᠬᠢᠳᠡᠨ ᠳᠤ ᠬᠠᠯᠳᠠᠪᠤᠷᠢᠯᠠᠳᠠᠭ᠃ ᠬᠤᠯᠤᠭᠠᠨ᠎ᠠ ᠬᠢᠵᠢᠭ | ᠪᠣᠯ ︽ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠬᠠᠯᠳᠠᠪᠦᠷᠢᠳᠦ ᠡᠪᠡᠳᠴᠢᠨ ᠢ ᠰᠡᠷᠭᠡᠶᠢᠯᠡᠨ ᠵᠠᠰᠠᠬᠤ | ᠬᠠᠤᠯᠢ︾ ᠳᠤ ᠲᠤᠭᠳᠠᠭᠠᠭᠰᠠᠨ ᠭᠥᠬᠡ ᠲᠥᠷᠥᠯ ᠤᠨ ᠬᠠᠯᠳᠠᠪᠤᠷᠢᠳᠤ ᠡᠪᠡᠳᠴᠢᠨ ᠪᠤᠯᠠᠬᠤ ᠶᠤᠮ᠃ | ᠬᠤᠶᠠᠷ᠂ ᠬᠤᠯᠤᠭᠠᠨ᠎ᠠ ᠬᠢᠵᠢᠭ ᠬᠡᠷᠬᠢᠨ ᠬᠠᠯᠳᠠᠪᠦᠷᠢᠯᠠᠳᠠᠭ ᠪᠤᠢ︖ | 1.ᠬᠠᠯᠳᠠᠪᠦᠷᠢᠯᠠᠯ ᠤᠨ ᠡᠬᠢ᠄ ᠬᠢᠵᠢᠭ ᠲᠤ ᠨᠡᠷᠪᠡᠭᠳᠡᠭᠰᠡᠨ ᠠᠮᠢᠳᠠᠨ ᠪᠤᠯᠤᠨ ᠠᠭᠤᠰᠬᠢᠨ ᠤ ᠬᠤᠯᠤᠭᠠᠨ᠎ᠠ | ᠬᠢᠵᠢᠭ ᠤᠨ ᠡᠪᠡᠳᠴᠢᠳᠡᠨ ᠪᠣᠯ ᠭᠤᠣᠯ ᠬᠠᠯᠳᠠᠪᠦᠷᠢᠯᠠᠯ ᠤᠨ ᠡᠬᠢ ᠰᠣᠷᠪᠤᠯᠵᠢ ᠶᠤᠮ᠃ ᠬᠢᠵᠢᠭ ᠤᠨ ᠡᠬᠢ ᠡᠭᠦᠰᠦᠯ | ᠪᠣᠯᠬᠤ ᠠᠮᠢᠳᠠᠨ ᠳᠤ ᠮᠡᠷᠡᠭᠴᠢ ᠠᠮᠢᠳᠠᠨ ᠪᠠ ᠵᠠᠷᠢᠮ ᠵᠡᠷᠯᠢᠭ ᠮᠢᠬᠠᠴᠢᠨ ᠠᠮᠢᠳᠠᠨ ᠪᠠᠭᠲᠠᠳᠠᠭ᠃ ᠵᠢᠱᠢᠶᠡᠯᠡᠪᠡᠯ | ᠣᠭᠤᠳᠠᠨᠠ᠂ ᠵᠤᠷᠠᠮ᠎ᠠ ᠵᠡᠷᠭᠡ᠃ | 2.ᠬᠠᠯᠳᠠᠪᠦᠷᠢᠯᠠᠯ ᠤᠨ ᠵᠠᠮ᠄ | ᠨᠣᠬᠠᠢ ᠶᠢᠨ ᠪᠦᠭᠡᠰᠦᠨ ᠠᠴᠠ ᠬᠠᠯᠳᠠᠪᠦᠷᠢᠯᠠᠭᠰᠠᠨ ᠬᠠᠯᠳᠠᠪᠦᠷᠢᠯᠠᠯ ᠤᠨ ᠵᠠᠮ᠂ ᠲᠠᠷᠦᠢ ᠬᠤᠯᠤᠭᠠᠨ᠎ᠠ - | ᠨᠤᠬᠠᠢ ᠶᠢᠨ ᠪᠦᠭᠡᠰᠦ - ᠬᠦᠮᠦᠨ ᠤ ᠬᠠᠯᠳᠠᠪᠦᠷᠢᠯᠠᠯ ᠤᠨ ᠵᠠᠮ᠃ ᠨᠣᠬᠠᠢ ᠶᠢᠨ ᠪᠦᠭᠡᠰᠦ ᠨᠢ ᠬᠢᠵᠢᠭ ᠲᠠᠢ | ᠬᠤᠯᠤᠭᠠᠨ᠎ᠠ ᠶᠢ ᠬᠠᠵᠠᠭᠰᠠᠨ ᠤ ᠲᠠᠷᠠᠭ᠎ᠠ ᠬᠦᠮᠦᠨ ᠢ ᠬᠠᠵᠠᠬᠤ ᠡᠰᠡᠭᠦᠯ᠎ᠡ ᠬᠢᠵᠢᠭ ᠲᠤ ᠨᠡᠷᠪᠡᠭᠳᠡᠭᠰᠡᠨ ᠲᠠᠤᠯᠠᠢ᠂ | ᠦᠨᠡᠭᠡ ᠶᠢᠨ ᠠᠷᠠᠰᠦ ᠶᠢ ᠦᠪᠴᠢᠬᠦ ᠪᠤᠶᠤ ᠬᠢᠵᠢᠭ ᠲᠤ ᠨᠡᠷᠪᠡᠭᠳᠡᠭᠰᠡᠨ ᠠᠮᠢᠳᠠᠨ ᠢ ᠢᠳᠡᠬᠦ ᠠᠴᠠ ᠬᠠᠯᠳᠠᠪᠦᠷᠢᠯᠠᠨᠠ᠃ | ᠲᠤᠰ ᠬᠠᠯᠳᠠᠪᠦᠷᠢᠯᠠᠬᠤ ᠵᠠᠮ ᠨᠢ ᠪᠣᠯᠴᠢᠷᠬᠠᠢ ᠶᠢᠨ ᠬᠤᠯᠤᠭᠠᠨ᠎ᠠ ᠬᠢᠵᠢᠭ ᠪᠤᠶᠤ ᠴᠢᠰᠤ ᠦᠬᠦᠰᠢᠷᠡᠬᠦ ᠴᠢᠨᠠᠷᠲᠠᠢ | ᠬᠤᠯᠤᠭᠠᠨ᠎ᠠ ᠬᠢᠵᠢᠭ ᠢ ᠡᠭᠦᠰᠬᠡᠳᠡᠭ᠃ | ᠬᠦᠮᠦᠨ- ᠬᠦᠮᠦᠨ ᠬᠠᠯᠳᠠᠪᠦᠷᠢᠯᠠᠬᠤ ᠵᠠᠮ᠃ ᠲᠠᠷᠦᠢ ᠡᠷᠡᠭᠦᠯ ᠬᠦᠮᠦᠨ ᠠᠭᠤᠰᠬᠢᠨ ᠤ ᠬᠤᠯᠤᠭᠠᠨ᠎ᠠ ᠬᠢᠵᠢᠭ | ᠲᠠᠢ ᠡᠪᠡᠳᠴᠢᠳᠠᠨ ᠲᠠᠢ ᠤᠶᠢᠷᠠᠳᠤᠵᠤ ᠬᠦᠷᠦᠯᠴᠡᠭᠰᠡᠨ ᠠᠴᠠ ᠠᠮᠢᠰᠬᠤᠯ ᠤᠨ ᠵᠠᠮ ᠢᠶᠠᠷ ᠬᠠᠯᠳᠠᠪᠦᠷᠢᠯᠠᠳᠠᠭ᠃ ᠲᠤᠰ | ᠬᠠᠯᠳᠠᠪᠦᠷᠢᠯᠠᠯ ᠤᠨ ᠵᠠᠮ ᠨᠢ ᠠᠭᠤᠰᠬᠢᠨ ᠤ ᠬᠤᠯᠤᠭᠠᠨ᠎ᠠ ᠬᠢᠵᠢᠭ ᠢ ᠡᠭᠦᠰᠬᠡᠨ᠎ᠡ᠃ | 3.ᠠᠮᠠᠷᠬᠠᠨ ᠬᠠᠯᠳᠠᠪᠦᠷᠢᠯᠠᠬᠤ ᠬᠦᠮᠦᠰ᠄ ᠬᠦᠮᠦᠨ ᠲᠦᠷᠦᠯᠬᠢᠳᠡᠨ ᠨᠡᠶᠢᠳᠡᠮ ᠠᠮᠠᠷᠬᠠᠨ ᠬᠠᠯᠳᠠᠪᠦᠷᠢᠯᠠᠳᠠᠭ᠃ | ᠬᠢᠵᠢᠭᠳᠦ ᠤᠷᠤᠨ ᠤ ᠬᠡᠭᠡᠷ᠎ᠡ ᠭᠠᠳᠠᠨ᠎ᠠ ᠠᠵᠢᠯᠯᠠᠳᠠᠭ ᠬᠦᠮᠦᠰ ᠪᠠ ᠬᠡᠭᠡᠷ᠎ᠡ ᠶᠢᠨ ᠲᠠᠤᠯᠠᠢ᠂ ᠦᠨᠡᠭᠡ ᠵᠡᠷᠭᠡ ᠶᠢ | ᠠᠪᠠᠯᠠᠵᠤ᠂ ᠥᠪᠴᠢᠵᠤ ᠢᠳᠡᠳᠡᠭ ᠬᠦᠮᠦᠨ᠂ ᠮᠠᠯᠴᠢᠳ ᠬᠢᠯᠪᠠᠷ ᠬᠠᠯᠳᠠᠪᠦᠷᠢᠯᠠᠬᠤ ᠪᠦᠭᠡᠳ ᠬᠠᠯᠳᠠᠪᠦᠷᠢᠯᠠᠬᠤ | ᠪᠣᠯᠤᠮᠵᠢ ᠨᠢ ᠪᠤᠰᠤᠳ ᠬᠦᠮᠦᠰ ᠠᠴᠠ ᠦᠨᠳᠦᠷ ᠪᠠᠶᠢᠳᠠᠭ᠃ | ᠭᠤᠷᠪᠠ᠂ ᠡᠪᠡᠳᠴᠢᠨ ᠤ ᠢᠯᠡᠷᠡᠯ ᠨᠢ ᠶᠠᠮᠠᠷ ᠪᠠᠶᠢᠳᠠᠭ ᠪᠤᠢ︖ | ᠪᠣᠯᠴᠢᠷᠬᠠᠢ ᠶᠢᠨ ᠬᠤᠯᠤᠭᠠᠨ᠎ᠠ ᠬᠢᠵᠢᠭ᠄ ᠡᠪᠡᠳᠴᠢᠨ ᠤ ᠢᠯᠡᠷᠡᠯ ᠨᠢ ᠭᠤᠣᠯᠳᠠᠭᠤ ᠦᠨᠳᠦᠷ ᠬᠠᠯᠠᠭᠤᠷᠠᠬᠤ᠂ | ᠪᠦᠭᠡᠯᠵᠢᠬᠦ᠂ ᠲᠣᠯᠤᠭᠠᠢ ᠡᠪᠡᠳᠬᠦ ᠪᠠ ᠲᠦᠷᠪᠡᠨ ᠮᠦᠴᠢ ᠡᠪᠡᠳᠬᠦ᠂ ᠨᠢᠭᠤᠷ ᠤᠯᠠᠶᠢᠬᠤ᠂ ᠨᠢᠳᠣᠨ ᠤ ᠰᠠᠯᠢᠰᠤᠲᠤ | ᠪᠦᠷᠬᠦᠪᠴᠢ ᠴᠢᠰᠤ ᠬᠤᠷᠠᠬᠤ᠂ ᠠᠷᠠᠰᠤᠨ ᠤ ᠰᠠᠯᠢᠰᠤᠲᠤ ᠪᠦᠷᠬᠦᠪᠴᠢ ᠳᠤ ᠴᠢᠰᠤᠨ ᠲᠤᠯᠪᠤ ᠭᠠᠷᠬᠤ ᠵᠡᠷᠭᠡ ᠢᠯᠡᠷᠡᠯ | ᠲᠠᠢ ᠪᠠᠶᠢᠵᠤ᠂ ᠴᠢᠬᠢ᠂ ᠰᠤᠭᠤᠨ ᠤ ᠲᠤᠤᠷᠠᠬᠢ ᠯᠢᠮᠪᠠ ᠬᠠᠪᠤᠳᠬᠤ ᠪᠤᠶᠤ ᠬᠦᠵᠦᠭᠦᠨ ᠤ ᠯᠢᠮᠪᠠ ᠬᠠᠪᠤᠳᠬᠤ ᠵᠡᠷᠭᠡ | ᠢᠯᠡᠷᠡᠯ ᠭᠠᠷᠴᠤ᠂ ᠲᠣᠩ ᠲᠦᠷᠭᠡᠨ ᠬᠥᠨᠳᠦᠷᠡᠵᠦ᠂ ᠣᠯᠠᠩᠬᠢ ᠳᠠᠭᠠᠨ ᠯᠢᠮᠪᠠ ᠬᠠᠪᠤᠳᠬᠤ ᠨᠢ ᠪᠡᠶ᠎ᠡ ᠶᠢᠨ ᠨᠢᠭᠡ | ᠲᠠᠯ᠎ᠠ ᠳᠤ ᠡᠬᠦᠰᠴᠤ᠂ ᠨᠢᠭᠡ ᠭᠠᠷᠠᠭ ᠤᠨ ᠲᠠᠷᠠᠭ᠎ᠠ ᠯᠢᠮᠪᠠ ᠶᠢᠨ ᠬᠠᠪᠤᠳᠠᠷ ᠨᠢ ᠬᠤᠪᠢᠯᠠᠵᠤ ᠢᠳᠡᠭᠡ ᠰᠢᠭᠦᠰᠦ | ᠭᠤᠤᠵᠢᠳᠠᠭ᠃ | ᠠᠭᠤᠰᠬᠢᠨ ᠬᠤᠯᠤᠭᠠᠨ᠎ᠠ ᠬᠢᠵᠢᠭ ᠤᠨ ᠡᠪᠡᠳᠴᠢᠨ ᠡᠭᠦᠰᠬᠦ ᠨᠢ ᠲᠦᠷᠭᠡᠨ ᠪᠠᠶᠢᠵᠤ ᠭᠤᠣᠯᠳᠠᠭᠤ ᠦᠨᠳᠦᠷ | ᠬᠠᠯᠠᠭᠤᠷᠠᠬᠤ᠂ ᠳᠠᠭᠵᠢᠬᠤ᠂ ᠲᠤᠯᠤᠭᠠᠢ ᠡᠪᠡᠳᠬᠦ᠂ ᠴᠡᠭᠡᠵᠢ ᠡᠪᠡᠳᠬᠦ᠂ ᠠᠮᠢᠰᠬᠤᠯ ᠴᠢᠬᠤᠯᠠᠳᠠᠬᠤ᠂ ᠤᠷᠤᠭᠤᠯ | ᠬᠦᠭᠡᠷᠡᠬᠦ᠂ ᠬᠠᠨᠢᠶᠠᠯᠭᠠᠬᠤ᠂ ᠨᠠᠭᠠᠯᠳᠤᠮᠳᠠᠬᠠᠢ ᠪᠤᠶᠤ ᠴᠢᠰᠤ ᠲᠠᠢ ᠴᠡᠷ ᠭᠠᠷᠴᠤ᠂ ᠵᠢᠷᠦᠬᠡᠨ ᠪᠣᠯᠴᠢᠩ ᠦᠬᠦᠰᠢᠷᠡᠬᠦ᠂ | ᠴᠢᠰᠤ ᠭᠠᠷᠬᠤ᠂ ᠮᠠᠨᠠᠷᠠᠬᠤ ᠴᠢᠨᠠᠭᠰᠢᠯᠠᠪᠠᠯ ᠦᠬᠦᠳᠡᠭ᠃ | ᠴᠢᠰᠤ ᠦᠬᠦᠰᠢᠷᠡᠬᠦ ᠴᠢᠨᠠᠷᠲᠠᠢ ᠬᠤᠯᠤᠭᠠᠨ᠎ᠠ ᠬᠢᠵᠢᠭ ᠨᠢ ᠦᠨᠳᠦᠷ ᠬᠠᠯᠠᠭᠤᠷᠠᠬᠤ᠂ ᠳᠠᠭᠵᠢᠬᠤ᠂ ᠤᠬᠠᠭᠠᠨ | ᠪᠠᠯᠠᠷᠠᠬᠤ᠂ ᠮᠠᠨᠠᠷᠠᠬᠤ ᠵᠡᠷᠬᠡ ᠢᠯᠡᠷᠡᠯ ᠡᠭᠦᠰᠴᠤ ᠴᠢᠨᠠᠭᠰᠢᠯᠠᠪᠠᠯ ᠬᠠᠯᠳᠠᠪᠦᠷᠢᠯᠠᠯ ᠤᠨ ᠴᠢᠨᠠᠷᠲᠠᠢ ᠦᠬᠦᠳᠬᠡᠬᠦ᠂ | ᠲᠠᠷᠠᠬᠠᠢ ᠴᠢᠨᠠᠷᠲᠠᠢ ᠴᠢᠰᠤᠨ ᠰᠤᠳᠠᠯ ᠲᠤᠳᠤᠷ᠎ᠠ ᠴᠢᠰᠤ ᠪᠦᠭᠡᠮᠨᠡᠷᠡᠬᠦ ᠪᠠ ᠴᠢᠰᠤᠨ ᠲᠤᠯᠪᠤ ᠭᠠᠷᠬᠤ ᠴᠢᠨᠠᠭᠰᠢᠯᠠᠪᠠᠯ | ᠦᠬᠦᠳᠡᠭ᠃ | ᠳᠥᠷᠪᠡ᠂ ᠬᠤᠯᠤᠭᠠᠨ᠎ᠠ ᠬᠢᠵᠢᠭ ᠢ ᠬᠡᠷᠬᠢᠨ ᠰᠡᠷᠭᠡᠶᠢᠯᠡᠨ ᠵᠠᠰᠠᠳᠠᠭ ᠪᠤᠢ︖ | ᠪᠺᠲ᠋ᠧᠷᠢ ᠲᠠᠷᠤᠬᠤ ᠡᠮ ᠢ ᠲᠠᠷᠤᠶᠢᠬᠠᠨ ᠬᠡᠷᠡᠭᠯᠡᠬᠦ ᠨᠢ ᠬᠤᠯᠤᠭᠠᠨ᠎ᠠ ᠬᠢᠵᠢᠭ ᠤᠨ ᠦᠬᠦᠬᠦ ᠨᠣᠷᠮ᠎ᠠ ᠶᠢ | ᠲᠤᠷᠤᠭᠰᠢᠯᠠᠭᠤᠯᠳᠠᠭ᠃ ᠡᠳᠦᠷ ᠲᠤᠲᠤᠮ ᠤᠨ ᠠᠮᠢᠳᠤᠷᠠᠯ ᠳᠤᠮᠳᠠ ᠭᠤᠣᠯᠳᠠᠭᠤ ᠨᠤᠬᠠᠢ ᠶᠢᠨ ᠪᠦᠭᠡᠰᠦᠨ ᠳᠤ | ᠬᠠᠵᠠᠭᠳᠠᠬᠤ ᠠᠴᠠ ᠰᠡᠷᠭᠡᠶᠢᠯᠡᠬᠦ ᠪᠤᠶᠤ ᠠᠭᠤᠰᠬᠢᠨ ᠬᠤᠯᠤᠭᠠᠨ᠎ᠠ ᠬᠢᠵᠢᠭ ᠲᠠᠢ ᠡᠪᠡᠳᠴᠢᠳᠡᠨ ᠪᠤᠰᠤᠳ ᠬᠦᠮᠦᠨ ᠲᠠᠢ | ᠬᠦᠷᠦᠯᠴᠡᠬᠦ ᠶᠢ ᠪᠠᠭᠠᠰᠬᠠᠬᠤ ᠪᠠᠷ ᠲᠠᠮᠵᠢᠨ ᠰᠡᠷᠭᠡᠶᠢᠯᠡᠳᠡᠭ᠃ | 1. ᠬᠢᠵᠢᠭᠳᠦ ᠤᠷᠤᠨ ᠢᠶᠠᠷ ᠵᠤᠭᠠᠴᠠᠬᠤ ᠪᠤᠶᠤ ᠬᠦᠳᠡᠯᠭᠡᠭᠡᠨ ᠠᠵᠢᠯᠯᠠᠭ᠎ᠠ ᠬᠢᠬᠦ ᠠᠴᠠ ᠵᠠᠶᠢᠯᠠᠰᠬᠢᠵᠤ᠂ | ᠮᠡᠷᠡᠭᠴᠢ ᠠᠮᠢᠳᠠᠨ ᠲᠠᠢ ᠬᠦᠷᠦᠯᠴᠡᠬᠦ ᠠᠴᠠ ᠵᠠᠶᠢᠯᠠᠰᠬᠢᠨ᠎ᠡ᠃ ᠬᠡᠭᠡᠷ᠎ᠡ ᠭᠠᠳᠠᠨ᠎ᠠ ᠠᠵᠢᠯᠯᠠᠵᠤ ᠪᠠᠶᠢᠭ᠎ᠠ ᠬᠦᠮᠦᠰ ᠬᠡᠷᠪᠡ | ᠦᠬᠦᠭᠰᠡᠨ ᠲᠠᠤᠯᠠᠢ᠂ ᠬᠤᠯᠤᠭᠠᠨ᠎ᠠ᠂ ᠦᠨᠡᠭᠡ ᠵᠡᠷᠭᠡ ᠲᠠᠢ ᠲᠤᠬᠢᠶᠠᠯᠳᠤᠪᠠᠯ ᠰᠢᠭᠤᠳ ᠪᠠᠷᠢᠵᠤ ᠪᠣᠯᠬᠤ ᠦᠭᠡᠢ᠂ | ᠨᠡᠩ ᠠᠷᠠᠰᠤ ᠶᠢ ᠨᠢ ᠦᠪᠴᠢᠵᠤ ᠪᠣᠯᠬᠤ ᠦᠭᠡᠢ᠃ ᠪᠦᠰᠡ ᠤᠭᠤᠲᠠ ᠪᠣᠶᠣ ᠰᠦᠯᠢᠶᠤᠤ ᠤᠭᠤᠲᠠᠨ ᠳᠤ ᠬᠢᠵᠦ | ᠪᠤᠯᠠᠵᠤ ᠬᠠᠶᠠᠭᠠᠳ ᠲᠡᠮᠳᠡᠭ ᠲᠠᠯᠪᠢᠵᠤ᠂ ᠬᠢᠵᠢᠭ ᠢ ᠰᠡᠷᠭᠡᠶᠢᠯᠡᠬᠦ ᠪᠠᠶᠢᠭᠤᠯᠭ᠎ᠠ ᠳᠤ ᠮᠡᠳᠡᠭᠦᠯᠬᠦ ᠭᠡᠷᠡᠭᠳᠡᠢ ᠃ | 2.ᠬᠤᠲᠠ ᠤᠰᠤ ᠪᠠ ᠭᠡᠷ ᠣᠷᠣᠨ ᠤ ᠡᠷᠭᠢᠨ ᠲᠤᠭᠤᠷᠢᠨ ᠳᠤ ᠬᠤᠯᠤᠭᠠᠨ᠎ᠠ ᠪᠠ ᠨᠤᠬᠠᠢ ᠶᠢᠨ ᠪᠦᠭᠡᠰᠦ ᠶᠢ | ᠤᠰᠠᠳᠬᠠᠬᠤ ᠠᠵᠢᠯ ᠢ ᠰᠠᠶᠢᠲᠤᠷ ᠬᠢᠵᠦ᠂ ᠨᠣᠬᠠᠢ ᠶᠢᠨ ᠪᠦᠭᠡᠰᠦᠨ ᠳᠤ ᠬᠠᠵᠠᠭᠳᠠᠬᠤ ᠠᠴᠠ ᠰᠡᠷᠭᠡᠶᠢᠯᠡᠬᠦ ᠠᠷᠭ᠎ᠠ | ᠠᠪᠴᠠᠯ ᠢ ᠬᠡᠷᠡᠭᠯᠡᠨ᠎ᠡ᠃ ᠰᠢᠮᠠᠭᠤᠯ ᠦᠯᠳᠡᠬᠦ ᠡᠮ ᠨᠢ ᠨᠣᠬᠠᠢ ᠶᠢᠨ ᠪᠦᠭᠡᠰᠦ ᠶᠢ ᠦᠯᠳᠡᠬᠦ ᠦᠢᠯᠡᠳᠦᠯ ᠲᠠᠢ ᠪᠠᠶᠢᠳᠠᠭ | ᠃ | 3.ᠬᠤᠪᠢ ᠬᠦᠮᠦᠨ ᠤ ᠰᠡᠷᠭᠡᠶᠢᠯᠡᠨ ᠬᠠᠮᠠᠭᠠᠯᠠᠯᠳᠠ ᠶᠢ ᠴᠢᠩᠭᠠᠳᠬᠠᠬᠤ ᠭᠡᠷᠡᠭᠳᠡᠢ᠃ ᠬᠡᠭᠡᠷ᠎ᠡ ᠭᠠᠳᠠᠨ᠎ᠠ | ᠪᠤᠰᠤᠳ ᠲᠥᠷᠥᠯ ᠤᠨ ᠠᠵᠢᠯ ᠦᠢᠯᠡᠰ ᠡᠷᠬᠢᠯᠡᠬᠦ ᠳᠡᠭᠡᠨ ᠬᠠᠮᠤᠭ ᠰᠠᠶᠢᠨ ᠨᠢ ᠤᠷᠲᠤ ᠲᠦᠷᠡᠶᠢᠳᠠᠢ ᠣᠶᠢᠮᠤᠰᠤ ᠪᠤᠶᠤ | ᠭᠤᠲᠤᠯ ᠡᠮᠦᠰᠴᠦ ᠬᠤᠯᠤᠭᠠᠨ᠎ᠠ ᠪᠠ ᠬᠤᠯᠤᠭᠠᠨ᠎ᠠ ᠶᠢᠨ ᠨᠦᠬᠡ ᠪᠠᠶᠢᠬᠤ ᠦᠭᠡᠢ ᠭᠠᠵᠠᠷ ᠠᠮᠤᠰᠬᠢᠵᠤ ᠬᠡᠷᠪᠡ | ᠰᠠᠭᠤᠷᠢᠰᠢᠨ ᠰᠠᠭᠤᠬᠤ ᠳᠤ ᠬᠦᠷᠪᠡᠯ ᠬᠤᠯᠤᠭᠠᠨ᠎ᠠ ᠪᠠ ᠬᠤᠯᠤᠭᠠᠨ᠎ᠠ ᠶᠢᠨ ᠨᠦᠬᠡ ᠦᠭᠡᠢ ᠭᠠᠵᠠᠷ ᠢ ᠰᠣᠩᠭᠤᠨ᠎ᠠ᠃ | 4. ᠬᠤᠯᠤᠭᠠᠨ᠎ᠠ ᠬᠢᠵᠢᠭ ᠲᠠᠢ ᠡᠪᠡᠳᠴᠢᠳᠡᠨ ᠲᠠᠢ ᠬᠦᠷᠦᠯᠴᠡᠬᠦ ᠠᠴᠠ ᠪᠤᠯᠭᠤᠮᠵᠢᠯᠠᠨ᠂ ᠠᠭᠤᠰᠬᠢᠨ ᠬᠢᠵᠢᠭ | ᠡᠪᠡᠳᠴᠢᠳᠡᠨ ᠲᠠᠢ ᠤᠶᠢᠷᠠᠳᠬᠤ ᠦᠶᠡᠰ ᠡᠪᠡᠳᠴᠢᠳᠡᠨ ᠠᠴᠠ ᠨᠢᠭᠡ ᠮᠧᠲᠷ ᠤᠨ ᠵᠠᠢ ᠲᠠᠢ ᠪᠠᠶᠢᠬᠤ ᠶᠢ ᠪᠠᠳᠤᠯᠠᠵᠤ | ᠠᠮᠠᠪᠴᠢ ᠵᠡᠭᠦᠵᠦ᠂ ᠭᠠᠷ ᠢᠶᠠᠨ ᠰᠠᠶᠢᠲᠤᠷ ᠤᠬᠢᠶᠠᠬᠤ ᠭᠡᠷᠡᠭᠳᠡᠢ᠃ | 5.ᠬᠡᠷᠪᠡ ᠬᠢᠵᠢᠭᠲᠦ ᠤᠷᠤᠨ ᠳᠤ ᠣᠴᠢᠵᠤ ᠦᠩᠭᠡᠷᠡᠭᠰᠡᠨ ᠪᠣᠯ ᠬᠤᠶᠠᠷ ᠭᠠᠷᠠᠭ ᠵᠠᠯᠭᠠᠪᠠᠷ ᠦᠪᠡᠷ ᠤᠨ | ᠪᠡᠶ᠎ᠡ ᠶᠢᠨ ᠬᠠᠯᠠᠭᠤᠨ ᠢᠶᠠᠨ ᠬᠡᠮᠵᠢᠵᠤ᠂ ᠬᠡᠷᠪᠡ ᠬᠡᠨᠡᠳᠲᠡ ᠬᠠᠯᠠᠭᠤᠷᠠᠬᠤ᠂ ᠴᠡᠴᠡᠷᠡᠵᠤ ᠲᠠᠭᠵᠢᠬᠤ᠂ ᠯᠢᠮᠪᠠ ᠶᠢᠨ | ᠪᠣᠯᠴᠢᠷᠬᠠᠢ ᠡᠪᠡᠳᠬᠦ᠂ ᠬᠠᠨᠢᠶᠠᠯᠭᠠᠬᠤ᠂ ᠴᠢᠰᠤ ᠲᠠᠢ ᠬᠠᠨᠢᠶᠠᠬᠤ ᠪᠠ ᠴᠢᠰᠤ ᠭᠠᠷᠬᠤ ᠵᠡᠷᠭᠡ ᠢᠯᠡᠷᠡᠯ ᠡᠭᠦᠰᠪᠡᠯ | ᠲᠠᠷᠤᠶᠢᠬᠠᠨ ᠲᠦᠷᠭᠡᠨ ᠡᠮᠴᠢᠯᠡᠬᠦᠯᠬᠦ ᠪᠦᠭᠡᠳ ᠡᠮᠴᠢ ᠳᠡᠭᠡᠨ ᠬᠢᠵᠢᠭᠲᠦ ᠤᠷᠤᠨ ᠳᠤ ᠬᠦᠷᠦᠭᠰᠡᠨ ᠪᠠᠶᠢᠳᠠᠯ ᠢᠶᠠᠨ | ᠬᠡᠯᠡᠵᠤ᠂ ᠪᠺᠲ᠋ᠧᠷᠢ ᠠᠯᠠᠬᠤ ᠡᠮ ᠢ ᠡᠷᠳᠡᠭᠡᠨ ᠬᠡᠷᠡᠭᠯᠡᠪᠡᠯ ᠵᠤᠬᠢᠨ᠎ᠠ᠃ | 6.ᠬᠤᠯᠤᠭᠠᠨ᠎ᠠ ᠬᠢᠵᠢᠭ ᠲᠤ ᠨᠡᠷᠪᠡᠭᠳᠡᠭᠰᠡᠨ ᠡᠪᠡᠳᠴᠢᠳᠡᠨ ᠲᠠᠢ ᠰᠢᠭᠤᠳ ᠬᠦᠷᠦᠯᠴᠡᠭᠰᠡᠨ ᠪᠠᠶᠢᠪᠠᠯ ᠲᠠᠷᠦᠢ | ᠰᠡᠷᠭᠡᠶᠢᠯᠡᠬᠦ ᠡᠮ ᠢ ᠭᠡᠷᠡᠭᠯᠡᠬᠦ ᠬᠡᠷᠡᠭᠳᠡᠢ᠃ ᠬᠦᠬᠦᠷᠯᠢᠭ ᠠᠮᠢᠨ ᠤ ᠨᠠᠶᠢᠷᠠᠯᠭ᠎ᠠ ᠲᠠᠢ ᠡᠮ ︵磺胺类制剂︶ | ᠢ ᠤᠤᠭᠤᠵᠤ ᠪᠤᠯᠤᠨ᠎ᠠ᠃ ᠨᠠᠰᠤᠨ ᠳᠤ ᠬᠦᠷᠦᠭᠰᠡᠳ ᠨᠢᠭᠡᠳᠦᠭᠡᠷ ᠤᠳᠠᠭ᠎ᠠ 2g ᠤᠤᠭᠤᠵᠤ᠂ ᠲᠠᠷᠠᠭ᠎ᠠ | ᠤᠳᠠᠭ᠎ᠠ ᠠᠴᠠ ᠡᠬᠢᠯᠡᠨ 4-6 ᠴᠠᠭ ᠲᠤ1g ᠤᠤᠭᠤᠵᠤ᠂ ᠵᠠᠯᠭᠠᠪᠡᠷ ᠲᠠᠪᠤᠨ ᠡᠳᠦᠷ ᠤᠤᠭᠤᠨ᠎ᠠ᠃ | ᠬᠤᠯᠤᠭᠠᠨ᠎ᠠ ᠬᠢᠵᠢᠭ ᠨᠢ ᠬᠡᠳᠦᠶᠢᠪᠡᠷ ᠴᠢᠩᠭ᠎ᠠ ᠬᠠᠯᠳᠠᠪᠦᠷᠢᠳᠤ ᠡᠪᠡᠳᠴᠢᠨ ᠪᠤᠯᠪᠠᠴᠤ ᠤᠷᠢᠳᠴᠢᠯᠠᠨ | ᠰᠡᠷᠭᠡᠶᠢᠯᠡᠵᠤ᠂ ᠤᠷᠢᠳᠴᠢᠯᠠᠨ ᠡᠵᠡᠮᠳᠡᠵᠤ᠂ ᠡᠷᠲᠡ ᠲᠣᠳᠤᠯᠠᠵᠤ᠂ ᠡᠷᠲᠡ ᠡᠮᠴᠢᠯᠡᠪᠡᠯ ᠤᠯᠠᠩᠬᠢ ᠡᠪᠡᠳᠴᠢᠳᠡᠨ ᠨᠢ | ᠪᠦᠷᠢᠮᠦᠰᠦᠨ ᠡᠳᠡᠭᠡᠷᠡᠳᠡᠭ᠃ |