ᠪᠣᠯᠣᠳ ᠪᠢᠷ᠂ ᠪᠣᠭᠴᠣ ᠲᠠᠢ ᠮᠠᠰᠢᠨ᠂ ᠪᠣᠷᠣ ᠲᠡᠪᠳᠡᠷ ᠪᠣᠯ ᠲᠡᠭᠦᠨ ᠤ ᠡᠷᠬᠢᠮ ᠭᠤᠷᠪᠠᠨ ᠡᠷᠳᠡᠨᠢ ᠪᠠᠶᠢᠯ᠎ᠠ᠃ | ᠬᠠᠮᠢᠭ᠎ᠠ ᠶᠠᠪᠤᠭᠰᠠᠨ ᠴᠤ ᠮᠠᠰᠢᠨ ᠮᠦᠷᠦᠯᠡᠵᠤ᠂ ᠬᠠᠷᠠᠭᠠᠨ ᠴᠢᠭ᠂ ᠬᠠᠯᠠᠭᠤᠬᠠᠨ ᠦᠢᠯᠡᠰ ᠢ ᠰᠣᠷᠪᠣᠯᠵᠢᠯᠠᠨ | ᠮᠡᠳᠡᠭᠡᠯᠡᠬᠦ ᠨᠢ ᠵᠢᠷ ᠤᠨ ᠨᠢᠭᠡᠨ ᠰᠣᠷᠪᠤᠯᠵᠢᠯᠠᠭᠴᠢ ᠶᠢᠨ ᠡᠭᠦᠷᠭᠡ ᠪᠠᠶᠢᠭᠰᠠᠨ ᠴᠤ ᠪᠦᠭᠦᠯᠢ 37 ᠵᠢᠯ ᠪᠠᠷᠢᠮᠳᠠᠯᠠᠬᠤ | ᠭᠡᠭᠴᠢ ᠲᠡᠶᠢᠮᠦ ᠬᠢᠯᠪᠠᠷᠬᠠᠨ ᠶᠠᠪᠤᠳᠠᠯ ᠪᠢᠰᠢ ᠶᠤᠮ᠃ ᠡᠨᠡ ᠵᠢᠯ 56 ᠨᠠᠰᠤᠳᠠᠢ ᠳᠠᠯᠠᠨᠪᠠᠶᠠᠷ ᠬᠦᠪᠡᠭᠡᠲᠦ ᠰᠢᠷ᠎ᠠ | ᠬᠤᠰᠢᠭᠤᠨ ᠤ ᠤᠬᠠᠭᠤᠯᠬᠤ ᠬᠡᠯᠲᠡᠰ ᠲᠤ ᠠᠵᠢᠯᠯᠠᠵᠤ ᠪᠤᠢ᠃ ᠲᠡᠷᠡᠪᠡᠷ1982 ᠣᠨ ᠠᠴᠠ ᠡᠬᠢᠯᠡᠵᠤ ᠰᠣᠨᠢᠨ | ᠰᠡᠳᠬᠦᠯ ᠳᠤ ᠮᠡᠳᠡᠭᠡ ᠴᠢᠮᠡᠭᠡ ᠪᠢᠴᠢᠵᠤ ᠣᠷᠣᠯᠳᠤᠨ᠂ ︽ᠤᠯᠠᠭᠠᠨᠨᠠᠭᠤᠷ ᠪᠠᠷᠢᠭᠠᠳᠠ ᠮᠠᠯ ᠬᠤᠳᠠᠯᠳᠤᠬᠤ | ᠡᠭᠦᠷᠭᠡ ᠪᠠᠨ ᠲᠠᠪᠠᠭᠤᠯᠤᠨ ᠪᠡᠶᠡᠯᠡᠭᠦᠯᠪᠡ︾ ᠭᠡᠬᠦ ᠠᠩᠬᠠᠨ ᠤ ᠮᠡᠳᠡᠭᠡ ᠪᠠᠨ ᠰᠢᠯᠢ ᠶᠢᠨ ᠭᠤᠣᠯ ᠤᠨ ᠡᠳᠦᠷ ᠤᠨ | ᠰᠣᠨᠢᠨ ᠳᠤ ᠨᠡᠶᠢᠳᠡᠯᠡᠭᠦᠯᠦᠭᠰᠡᠨ ᠠᠴᠠ ᠨᠠᠰᠢ ᠤᠯᠠᠮ ᠵᠣᠷᠢᠭᠵᠢᠨ᠂ ᠤᠷᠢᠳ ᠬᠤᠵᠢᠳ ᠶᠡᠭᠡ ᠪᠠᠭ᠎ᠠ ᠰᠣᠨᠢᠨ | ᠰᠡᠳᠭᠦᠯ ᠳᠤ ᠨᠡᠶᠢᠲᠡ ᠲᠠᠪᠤᠨ ᠮᠢᠩᠭᠠᠳ ᠮᠡᠳᠡᠭᠡ ᠴᠢᠮᠡᠭᠡᠯᠡᠯ ᠨᠡᠶᠢᠳᠡᠯᠡᠭᠦᠯᠪᠡ᠃ ᠢᠲᠡᠭᠡᠮᠡᠷ ᠦᠭᠡᠢ ᠰᠠᠨᠠᠭᠳᠠᠪᠠᠴᠤ | ᠤᠭ ᠠᠴᠠ ᠨᠢᠮᠪᠠᠢ ᠬᠢᠨᠠᠭᠤᠷ ᠵᠠᠩ ᠲᠠᠢ ᠲᠡᠷᠡ ᠰᠣᠨᠢᠨ ᠳᠤ ᠨᠡᠶᠢᠳᠡᠯᠡᠭᠦᠯᠦᠭᠰᠡᠨ ᠪᠦᠬᠦᠶᠢᠯᠡ ᠡᠬᠡ ᠪᠢᠴᠢᠭ ᠢᠶᠠᠨ | ᠬᠠᠶᠢᠴᠢᠯᠠᠵᠤ ᠠᠪᠤᠭᠠᠳ ᠲᠡᠪᠳᠡᠷᠯᠡᠭᠰᠡᠨ ᠪᠠᠶᠢᠳᠠᠭ ᠨᠢ ᠬᠠᠷᠢᠨ ᠭᠠᠶᠢᠬᠠᠰᠢ ᠠᠯᠳᠠᠭᠤᠯᠤᠨ᠎ᠠ᠃ ᠬᠡᠷᠡᠭᠯᠡᠬᠦ ᠦᠶ᠎ᠡ ᠳᠤ | ᠬᠡᠷᠢᠶᠡᠨ ᠨᠢᠳᠦ ᠮᠢᠩᠭᠠᠨ ᠯᠠᠩ ᠭᠡᠳᠡᠭ ᠢᠶᠠᠷ ᠡᠳᠡᠭᠡᠷ ᠲᠡᠪᠳᠡᠷᠯᠡᠭᠰᠡᠨ ᠡᠬᠡ ᠪᠢᠴᠢᠭ ᠨᠢ ᠲᠡᠭᠦᠨ ᠳᠤ ᠠᠪᠴᠤ ᠬᠡᠯᠡᠪᠡᠯ | ᠰᠢᠨ᠎ᠡ ᠮᠡᠳᠡᠭᠡᠯᠡᠯ ᠲᠣᠭᠤᠷᠪᠢᠬᠤ ᠪᠡᠯᠡᠨ ᠲᠣᠯᠢ ᠪᠣᠯᠳᠠᠭ ᠪᠠᠶᠢᠨ᠎ᠠ᠃ ᠡᠨᠡ ᠮᠡᠲᠦ ᠲᠤᠷᠠᠳᠠᠢ ᠦᠢᠯᠡᠰ ᠲᠡᠭᠡᠨ ᠤᠷᠮᠠᠲᠠᠢ | ᠵᠢᠳᠬᠦᠬᠦ ᠬᠠᠯᠠᠭᠤᠨ ᠵᠤᠷᠢᠭ ᠤᠨ ᠡᠷᠴᠢ ᠪᠠᠷ ᠬᠡᠳᠦᠶᠢᠪᠡᠷ ᠰᠤᠷᠭᠠᠭᠤᠯᠢ ᠰᠤᠶᠤᠯ ᠤᠨ ᠮᠥᠷ ᠮᠣᠰᠬᠢᠭᠰᠠᠨ | ᠬᠤᠭᠤᠴᠠᠭ᠎ᠠ ᠨᠢ ᠣᠬᠤᠷ ᠪᠠᠶᠢᠭᠰᠠᠨ ᠴᠤ ᠬᠦᠳᠡᠭᠡ ᠣᠷᠣᠨ ᠨᠤᠲᠤᠭ ᠤᠨ ᠠᠬᠠᠮᠠᠳ ᠪᠤᠭᠤᠷᠤᠯ ᠤᠳ ᠠᠴᠠ | ᠰᠤᠷᠤᠯᠴᠠᠬᠤ ᠨᠥᠬᠦᠴᠡᠯ ᠪᠣᠯᠤᠯᠴᠠᠭ᠎ᠠ ᠳᠠᠪᠠᠭᠤᠯᠢᠭ ᠪᠠᠶᠢᠭᠰᠠᠨ ᠪᠤᠯᠬᠤᠷ ᠪᠠᠶᠠᠨ ᠲᠠᠩᠰᠤᠭ᠂ ᠠᠮᠢᠳᠤ ᠶᠠᠷᠢᠶ᠎ᠠ | ᠬᠦᠭᠡᠷᠦᠭᠡ᠂ ᠮᠠᠯᠵᠢᠬᠤ ᠠᠮᠢᠳᠤᠷᠠᠯ ᠤᠨ ᠰᠢᠮᠡᠲᠦ ᠬᠦᠷᠦᠰᠦᠨ ᠠᠴᠠ ᠮᠡᠳᠡᠯᠭᠡ ᠬᠤᠷᠠᠮᠳᠤᠭᠤᠯᠵᠤ ᠦᠵᠦᠭ ᠢᠶᠠᠨ | ᠬᠤᠷᠴᠠᠯᠠᠵᠤ ᠢᠷᠡᠭᠰᠡᠨ ᠪᠠᠶᠢᠯ᠎ᠠ᠃ | ᠬᠤᠷᠢ ᠭᠠᠷᠤᠢ ᠵᠢᠯ ᠤᠨ ᠦᠨᠳᠦᠰᠦᠨ ᠱᠠᠲᠤᠨ ᠤ ᠠᠵᠢᠯ ᠠᠮᠢᠳᠤᠷᠠᠯ ᠳᠠᠭᠠᠨ ᠡᠪᠯᠡᠯ ᠤᠨ ᠺᠠᠳ᠋ᠷ᠂ ᠨᠠᠷᠢᠨ | ᠪᠢᠴᠢᠭᠡᠴᠢ᠂ ᠰᠣᠮᠣᠨ ᠤ ᠨᠠᠮ ᠤᠨ ᠬᠤᠷᠢᠶᠠᠨ ᠤ ᠳᠡᠳ᠋ ᠱᠦᠵᠢ᠂ ᠱᠦᠵᠢ ᠶᠢᠨ ᠲᠤᠰᠢᠶᠡᠯ ᠢ ᠬᠠᠷᠢᠭᠤᠴᠠᠵᠤ᠂ | ᠮᠠᠯᠴᠢᠨ ᠠᠷᠠᠳ ᠤᠨ ᠢᠶᠠᠨ ᠪᠠᠶᠠᠷ ᠭᠤᠨᠢᠭ ᠢ ᠬᠤᠪᠢᠶᠠᠯᠴᠠᠨ ᠠᠵᠤ ᠠᠮᠢᠳᠤᠷᠠᠯ ᠢ ᠨᠢ ᠥᠭᠡᠳᠡ ᠲᠠᠲᠠᠬᠤ ᠪᠠᠷ ᠪᠣᠷᠪᠢ | ᠨᠤᠭᠤᠷᠠᠯ ᠦᠭᠡᠢ ᠶᠠᠭᠠᠷᠠᠵᠤ ᠪᠠᠶᠢᠭᠰᠠᠨ ᠡᠳᠦᠷ ᠬᠤᠨᠤᠭ ᠤᠳ ᠲᠤ ᠪᠣᠷᠣ ᠳᠡᠪᠲᠡᠷ ᠢᠶᠠᠨ ᠬᠠᠷᠠᠮᠠᠯᠠᠨ᠂ ᠪᠣᠳᠤᠭᠰᠠᠨ | ᠰᠠᠨᠠᠭᠰᠠᠨ ᠢᠶᠠᠨ ᠳᠠᠲᠠᠯᠠᠵᠤ ᠪᠠᠶᠢᠳᠠᠭ ᠨᠢ ᠶᠠᠭᠠᠬᠢᠬᠤ ᠶᠢᠨ ᠠᠷᠭ᠎ᠠ ᠦᠭᠡᠢ ᠲᠤᠷᠠᠳᠠᠢ ᠶᠢᠨ ᠬᠢᠨ ᠪᠠᠶᠢᠵᠤ ᠲᠠᠭᠠᠷᠠᠨ᠎ᠠ᠃ | ᠰᠠᠨᠠᠭᠰᠠᠨ ᠶᠠᠪᠤᠳᠠᠯ ᠰᠠᠨᠠᠭ᠎ᠠ ᠪᠠᠷ ᠭᠡᠳᠡᠭᠴᠢᠯᠡᠨ 2004 ᠣᠨ ᠳᠤ ᠬᠤᠰᠢᠭᠤ ᠤᠬᠠᠭᠤᠯᠬᠤ ᠬᠡᠯᠲᠡᠰ ᠤᠨ ᠳᠡᠳ᠋ | ᠳᠠᠷᠤᠭ᠎ᠠ ᠪᠠᠷ ᠠᠵᠢᠯ ᠰᠢᠯᠵᠢᠭᠰᠡᠨ ᠠᠴᠠ ᠬᠤᠶᠢᠰᠢ ᠮᠠᠯᠴᠢᠨ ᠲᠦᠮᠡᠨ᠂ ᠬᠦᠳᠡᠭᠡ ᠨᠤᠲᠤᠭ ᠠᠴᠠ ᠪᠠᠨ ᠵᠢᠭᠠᠬᠠᠨ | ᠬᠤᠯᠠᠳᠠᠭᠰᠠᠨ ᠳᠠᠭᠠᠨ ᠰᠡᠳᠬᠢᠯ ᠳᠤᠮᠳᠠᠭᠤᠷ ᠪᠠᠶᠢᠭᠰᠠᠨ ᠴᠤ ᠦᠵᠦᠭ ᠲᠠᠳᠠᠯᠠᠵᠤ᠂ ᠦᠨᠡᠨ ᠢᠶᠠᠨ ᠶᠠᠷᠢᠬᠤ ᠲᠤᠰᠬᠠᠢ | ᠠᠵᠢᠯ ᠳᠤ ᠭᠠᠷᠤᠭᠰᠠᠨ ᠳᠠᠭᠠᠨ ᠬᠦᠭᠰᠦᠵᠦ᠂ ᠮᠠᠯᠵᠢᠬᠤ ᠣᠷᠣᠨ᠂ ᠣᠯᠠᠨ ᠲᠦᠮᠡᠨ ᠲᠠᠢ ᠬᠤᠯᠪᠣᠭᠳᠠᠭᠰᠠᠨ ᠣᠯᠠᠨ | ᠰᠠᠶᠢᠬᠠᠨ᠂ ᠲᠣᠷᠪᠢᠳᠠᠢ᠂ ᠵᠥᠪ ᠡᠨᠧᠷᠭᠢ ᠲᠠᠢ ᠮᠡᠳᠡᠭᠡᠯᠡᠯ ᠢ ᠲᠣᠭᠤᠷᠪᠢᠵᠤ᠂ ᠬᠤᠰᠢᠭᠤ ᠨᠤᠲᠤᠭ ᠢᠶᠠᠨ ᠭᠠᠳᠠᠭᠰᠢ | ᠤᠬᠠᠭᠤᠯᠤᠨ ᠬᠦᠮᠦᠨ ᠠᠷᠠᠳ ᠳᠠᠭᠠᠨ ᠥᠩᠭᠡ ᠭᠡᠷᠡᠯ᠂ ᠵᠣᠷᠢᠭ ᠬᠦᠴᠦᠨ ᠨᠡᠮᠡᠷᠢᠯᠡᠪᠡ᠃ ᠬᠦᠮᠦᠨ ᠶᠡᠷᠦᠨᠢ ᠪᠣᠰᠣᠳ | ᠲᠤ ᠰᠠᠶᠢᠬᠠᠨ ᠵᠦᠢᠯᠡᠰ ᠢ ᠦᠭᠴᠦ ᠪᠠᠶᠢᠵᠤ ᠰᠡᠳᠬᠢᠯ ᠪᠠᠶᠠᠨ ᠠᠮᠢᠳᠤᠷᠠᠳᠠᠭ᠃ ᠲᠡᠷᠡᠪᠡᠷ ᠮᠡᠳᠡᠭᠡᠯᠡᠯ ᠠᠴᠠ ᠭᠠᠳᠠᠨ᠎ᠠ | ᠤᠷᠠᠨ ᠵᠤᠬᠢᠶᠠᠯ ᠪᠢᠴᠢᠬᠦ ᠪᠠᠭ᠋ᠠᠲᠠᠢ ᠪᠠᠶᠢᠵᠤ᠂ 2007 ᠣᠨ ᠳᠤ ︽ᠰᠢᠯᠦᠭ ᠰᠢᠭᠦᠮᠵᠢ︾ ᠭᠡᠳᠡᠭ ᠨᠣᠮ ᠢᠶᠠᠨ | ᠬᠡᠪᠯᠡᠭᠦᠯᠪᠡ᠃ | ᠨᠣᠮ ᠤᠨ ᠪᠤᠶᠠᠨ᠂ ᠨᠠᠮ ᠤᠨ ᠠᠴᠢ᠂ ᠦᠵᠦᠭ ᠤᠨ ᠤᠷᠠᠨ ᠢᠶᠠᠷ ᠠᠵᠢᠯ ᠠᠮᠢᠳᠤᠷᠠᠯ ᠢᠶᠠᠨ ᠴᠤᠭᠴᠠᠯᠠᠵᠤ | ᠢᠷᠡᠭᠰᠡᠨ ᠠᠬᠠᠮᠠᠳ ᠰᠣᠷᠪᠤᠯᠵᠢᠯᠠᠭᠴᠢ ᠳᠠᠯᠠᠨᠪᠠᠶᠠᠷ ᠤᠨ ᠣᠶᠢᠭ᠎ᠠ ᠦᠭᠡᠢ ᠬᠦᠳᠡᠯᠮᠦᠷᠢ ᠰᠣᠳᠣᠨ ᠰᠣᠷᠪᠤᠯᠵᠢᠯᠠᠭᠴᠢ᠂ | ᠰᠢᠯᠢᠳᠡᠭ ᠴᠢᠮᠡᠭᠡᠯᠡᠭᠴᠢ ᠵᠡᠷᠭᠡ ᠣᠷᠤᠨ᠂ ᠠᠶᠢᠮᠠᠭ᠂ ᠬᠤᠰᠢᠭᠤᠨ ᠤ ᠢᠷᠠᠭᠤ ᠠᠯᠳᠠᠷ ᠤᠨ ᠲᠡᠮᠳᠡᠭ ᠢᠶᠠᠷ ᠣᠯᠠᠨᠲᠠ | ᠦᠨᠡᠯᠡᠭᠳᠡᠭᠰᠡᠨ ᠪᠣᠯᠪᠠᠴᠤ ᠪᠣᠷᠤᠭᠵᠢᠭᠤᠨ ᠵᠠᠩ ᠲᠠᠢ᠂ ᠪᠣᠷᠤᠬᠠᠨ ᠠᠮᠢᠳᠤᠷᠠᠬᠤ ᠶᠢ ᠬᠦᠰᠡᠳᠡᠭ ᠲᠡᠷᠡ ᠣᠯᠠᠨ | ᠲᠦᠮᠡᠨ ᠤ ᠳᠤᠮᠳᠠ ᠬᠦᠨᠵᠡᠭᠡᠶᠢᠷᠡᠨ᠂ ᠪᠡᠶ᠎ᠡ ᠪᠠᠨ ᠴᠢᠩᠭ᠎ᠠ ᠱᠠᠭᠠᠷᠳᠠᠵᠤ᠂ ᠮᠣᠩᠭᠤᠯ ᠮᠣᠷᠢᠨ ᠤ ᠮᠣᠬᠤᠰᠢ ᠦᠭᠡᠢ | ᠵᠣᠷᠢᠭ ᠰᠠᠨᠠᠭ᠎ᠠ ᠶᠢ ᠪᠠᠷᠢᠨ᠂ ᠵᠣᠷᠢᠭᠰᠠᠨ ᠦᠢᠯᠡᠰ ᠤᠨ ᠢᠶᠠᠨ ᠲᠦᠯᠦᠭᠡ ᠲᠦᠷᠦᠭᠡ ᠵᠢᠭᠢᠨ ᠤᠷᠤᠭᠰᠢᠯᠠᠨ᠎ᠠ᠃ | |