ᠬᠤᠪᠢᠰ ᠬᠢᠬᠦ ᠤᠷ᠎ᠠ ᠮᠡᠷᠭᠡᠵᠢᠯ
ᠨᠡᠶᠢᠲᠡᠯᠡᠭᠰᠡᠨ ᠴᠠᠭ᠄
2019-11-22
     ᠮᠣᠩᠭᠤᠯ ᠦᠨᠳᠦᠰᠦᠳᠡᠨ ᠤ ᠴᠢᠪᠬᠠᠳᠠᠬᠤ ᠬᠦᠭᠵᠢᠮ ᠬᠤᠪᠢᠰ ᠨᠢ ᠶᠤᠸᠠᠨ ᠤᠯᠤᠰ ᠤᠨ ᠦᠶ᠎ᠡ ᠶᠢᠨ ᠲᠡᠦᠬᠡ ᠰᠤᠳᠤᠷ ᠲᠤ ᠲᠡᠮᠳᠡᠭᠯᠡᠭᠳᠡᠭᠰᠡᠨ ᠪᠠᠶᠢᠳᠠᠭ᠃       ᠪᠡᠭᠡᠵᠢᠩ ᠳᠠᠬᠢ ᠲᠤᠮᠳᠠᠳᠤ ᠤᠯᠤᠰ ᠤᠨ ᠬᠦᠭᠵᠢᠮ ᠤᠨ ᠮᠦᠽᠸᠢ ᠳᠤ ᠬᠠᠳᠠᠭᠠᠯᠠᠭᠳᠠᠵᠤ ᠪᠠᠶᠢᠭ᠎ᠠ ᠮᠢᠩ ᠤᠯᠤᠰ ᠤᠨ ᠦᠶ᠎ᠡ ᠶᠢᠨ ᠤᠯᠠᠭᠠᠨ ᠽᠠᠨᠳᠠᠨ ᠬᠤᠪᠢᠰ ᠤᠨ ᠪᠦᠬᠦ ᠤᠷᠳᠤ ᠨᠢ83.5 ᠮᠢᠯᠢᠮᠧᠲᠷ᠂ ᠴᠡᠷ ᠤᠨ ᠦᠷᠭᠡᠨ ᠎ ᠨᠢ12.5 ᠮᠢᠯᠢᠮᠧᠲᠷ ᠪᠠᠶᠢᠵᠤ᠂ ᠲᠤᠮᠪᠤ ᠨᠢ ᠲᠠᠯ᠎ᠠ ᠬᠤᠯᠤᠨ ᠤ ᠬᠡᠯᠪᠡᠷᠢᠳᠠᠢ ᠪᠦᠭᠡᠳ ᠮᠤᠭᠠᠢ ᠶᠢᠨ ᠠᠷᠠᠰᠤ ᠪᠠᠷ ᠪᠦᠷᠢᠭᠰᠡᠨ ᠪᠠᠶᠢᠨ᠎ᠠ᠃ ᠠᠷᠠᠯ ᠤᠨ ᠲᠤᠯᠤᠭᠠᠢ ᠲᠡᠭᠰᠢ ᠴᠢᠮᠡᠭ ᠦᠭᠡᠢ᠂ ᠲᠦᠷᠪᠡᠨ ᠴᠢᠬᠢ᠂ ᠲᠦᠷᠪᠡᠨ ᠶᠤᠩᠬᠤᠷ ᠤᠳᠠᠰᠤ ᠲᠠᠢ᠂ ᠠᠷᠤ ᠲᠠᠯ᠎ᠠ ᠪᠠᠷ ᠨᠢ ᠤᠭᠠᠯᠵᠠ ᠭᠡ ᠰᠡᠶᠢᠯᠪᠦᠷᠢᠯᠡᠵᠡᠢ᠃      20 ᠳ᠋ᠤᠭᠠᠷ ᠵᠠᠭᠤᠨ ᠤ ᠲᠠᠯᠠᠭᠠᠳ ᠤᠨ ᠳᠤ᠂ ᠠᠯᠳᠠᠷᠳᠤ ᠬᠤᠪᠢᠰᠴᠢᠨ ᠭᠤ᠂ ᠴᠡᠩᠭᠡᠯᠲᠦ ᠵᠡᠷᠭᠡ ᠬᠦᠮᠦᠰ ᠎ ᠤᠨ ᠴᠢᠷᠮᠠᠶᠢᠯᠭ᠎ᠠ ᠪᠠᠷ ᠬᠤᠪᠢᠰ ᠢ ᠲᠠᠬᠢᠨ ᠠᠮᠢᠯᠠᠭᠤᠯᠵᠤ᠂ ᠤᠯᠠᠮᠵᠢᠯᠠᠯᠳᠤ ᠬᠤᠪᠢᠰ ᠢ ᠰᠡᠷᠭᠦᠬᠡᠨ ᠦᠢᠯᠡᠳᠦᠭᠰᠡᠨ ᠰᠠᠭᠤᠷᠢᠨ ᠲᠡᠭᠡᠷ᠎ᠡ ᠲᠠᠪᠤ ᠤᠳᠠᠭ᠎ᠠ ᠵᠠᠰᠠᠨ ᠰᠠᠶᠢᠵᠢᠷᠠᠭᠤᠯᠤᠭᠰᠠᠨ ᠢᠶᠠᠷ ︽ᠲᠤᠮᠳᠠᠳᠤ ᠤᠯᠤᠰ ᠤᠨ ᠴᠦᠭᠡᠨ ᠲᠤᠭᠠᠳᠤ ᠦᠨᠳᠦᠰᠦᠳᠡᠨ ᠤ ᠬᠦᠭᠵᠢᠮ ᠤᠨ ᠤᠶᠢᠯᠠᠯᠭ᠎ᠠ︾᠎ ᠳᠤ ᠲᠡᠮᠳᠡᠭᠯᠡᠭᠳᠡᠵᠡᠢ᠃ ᠰᠢᠨ᠎ᠡ ᠬᠡᠯᠪᠡᠷᠢ ᠶᠢᠨ ᠬᠤᠪᠢᠰ ᠲᠤ ᠦᠨᠳᠦᠷ᠂ ᠲᠤᠮᠳᠠ᠂ ᠲᠤᠤᠷ᠎ᠠ ᠲᠠᠭᠤᠨ ᠤ ᠬᠤᠪᠢᠰ ᠪᠠᠶᠢᠳᠠᠭ ᠪᠦᠭᠡᠳ ᠰᠠᠶᠢᠨ ᠴᠢᠨᠠᠷ ᠤᠨ ᠤᠶᠠᠩᠭᠠᠳᠤ ᠮᠤᠳᠤ ᠪᠠᠷ ᠦᠢᠯᠡᠳᠴᠤ᠂ ᠴᠠᠷ ᠢ ᠨᠢ ᠶᠡᠭᠡᠰᠬᠡᠨ ᠲᠤᠳᠤᠷ᠎ᠠ ᠨᠢ ᠲᠠᠭᠤᠨ ᠤ ᠲᠤᠯᠤᠭᠠᠢ ᠨᠠᠮᠡᠵᠤ᠂ ᠠᠷᠠᠰᠤ ᠪᠠᠷ ᠪᠦᠷᠢᠳᠡᠭ ᠢ ᠮᠤᠳᠤᠨ ᠬᠠᠪᠳᠠᠰᠤ ᠪᠤᠯᠭᠠᠨ᠂ ᠠᠷᠠᠯ ᠲᠡᠭᠡᠷ᠎ᠡ ᠨᠢ 24 —26 ᠱᠠᠳᠤᠨ ᠲᠠᠪᠠ ᠰᠢᠬᠢᠳᠬᠡᠵᠠᠢ᠃ ᠶᠤᠩᠬᠤᠷ ᠤᠳᠠᠰᠤ ᠎ ᠶᠢ ᠭᠠᠩ ᠤᠳᠠᠰᠤ ᠪᠠᠷ ᠰᠤᠯᠢᠨ᠂ ᠲᠤᠮᠪᠤᠨ ᠳᠤ ᠴᠤᠤᠷᠢᠶᠠᠨ ᠤ ᠬᠦᠢᠰᠦ ᠭᠠᠷᠭᠠᠭᠰᠠᠨ ᠢᠶᠠᠷ ᠲᠠᠭᠤ ᠨᠢ ᠵᠢᠭᠳᠡ ᠶᠡᠭᠡ ᠂ ᠬᠦᠩᠬᠢᠨᠡᠮ᠎ᠡ ᠴᠡᠭᠡᠯᠬᠡᠨ᠂ ᠲᠤᠳᠤ ᠢᠷᠠᠭᠤ ᠪᠤᠯᠤᠭᠠᠳ ᠲᠠᠭᠤᠨ ᠤ ᠭᠷᠠᠳᠦ᠋ᠰ ᠨᠢ ᠲᠦᠷᠪᠡᠨ ᠨᠠᠶᠢᠮᠠᠨ ᠭᠷᠠᠳᠦ᠋ᠰ ᠲᠤ ᠭᠦᠷᠦᠭᠰᠡᠨ ᠪᠠᠶᠢᠨ᠎ᠠ᠃ ᠬᠤᠪᠢᠰ ᠤᠨ ᠲᠤᠯᠤᠭᠠᠢ ᠶᠢ ᠲᠡᠯᠡᠪᠡᠯ ᠨᠤᠮᠤ ᠬᠡᠯᠪᠡᠷᠢ ᠲᠠᠢ᠂ ᠲᠦᠷᠪᠡᠨ ᠴᠢᠬᠢ ᠶᠢ ᠰᠤᠮᠤᠨ ᠶᠠᠩᠵᠤ ᠲᠠᠢ ᠰᠡᠶᠢᠯᠦᠨ ᠬᠢᠵᠤ᠂ ᠲᠤᠮᠪᠤᠨ ᠤ ᠬᠢᠨᠢ ᠲᠦᠷᠪᠡᠨ ᠦᠨᠴᠦᠭ ᠲᠤ ᠮᠤᠩᠭᠤᠯ ᠭᠡ ᠤᠭᠠᠯᠵᠠ ᠭᠠᠷᠭᠠᠭᠰᠠᠨ ᠎ ᠢᠶᠠᠷ ᠦᠨᠳᠦᠰᠦᠳᠡᠨ ᠤ ᠤᠨᠴᠠᠯᠢᠭ ᠢ ᠬᠦᠢᠴᠡᠳ ᠢᠯᠡᠷᠡᠬᠦᠯᠵᠠᠢ᠃      2008 ᠤᠨ ᠳᠤ ᠬᠦᠪᠡᠭᠡᠲᠦ ᠰᠢᠷ᠎ᠠ ᠬᠤᠰᠢᠭᠤᠨ ᠤ ︽ᠰᠦᠯᠳᠡ︾ ᠬᠤᠪᠢᠰ ᠤᠨ ᠦᠢᠯᠡᠳᠪᠦᠷᠢ ᠪᠠᠶᠢᠭᠤᠯᠤᠭᠳᠠᠪᠠ᠃      2014 ᠤᠨ ᠳᠤ ᠬᠤᠪᠢᠰ ᠬᠢᠬᠦ ᠤᠷ᠎ᠠ ᠮᠡᠷᠭᠡᠵᠢᠯ ᠨᠢ ᠦᠪᠡᠷᠳᠡᠭᠡᠨ ᠵᠠᠰᠠᠬᠤ ᠤᠷᠤᠨ ᠤ ᠲᠠᠰ ᠤᠨ ᠪᠤᠳᠠᠰ ᠎ ᠤᠨ ᠪᠤᠰᠤ ᠰᠤᠶᠤᠯ ᠤᠨ ᠦᠪ ᠤᠨ ᠨᠠᠷᠠᠰ ᠲᠤ ᠵᠢᠭᠰᠠᠭᠠᠭᠳᠠᠭᠰᠠᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号