ᠬᠤᠪᠢᠰ ᠬᠦᠭᠵᠢᠮ
ᠨᠡᠶᠢᠲᠡᠯᠡᠭᠰᠡᠨ ᠴᠠᠭ᠄
2019-11-22
     ᠬᠤᠪᠢᠰ ᠪᠣᠯ ᠮᠤᠩᠭᠤᠯ ᠦᠨᠳᠦᠰᠦᠳᠡᠨ ᠤ ᠴᠢᠪᠬᠠᠳᠠᠰᠤ ᠬᠦᠭᠵᠢᠮ ᠶᠤᠮ᠃ ᠬᠤᠪᠢᠰ ᠬᠦᠭᠵᠢᠮ ᠢ ᠪᠠᠰᠠ ︽ᠬᠤᠪᠤᠰ᠂ ᠬᠤᠪᠢᠰ᠂ ᠬᠤᠨᠪᠣᠰ᠂ ᠬᠦᠪᠡᠽᠢ︾ ᠭᠡᠬᠦ ᠮᠡᠲᠦ ᠪᠠᠷ ᠨᠡᠷᠡᠯᠡᠵᠤ ᠪᠠᠶᠢᠳᠠᠭ᠃ ᠬᠤᠪᠢᠰ ᠬᠦᠭᠵᠢᠮ  ᠤᠨ ᠨᠡᠷ᠎ᠡ ᠪᠤᠯᠤᠨ ᠬᠡᠯᠪᠡᠷᠢ ᠲᠦᠷᠰᠦ ᠶᠢ ᠶᠤᠸᠠᠨ ᠤᠯᠤᠰ ᠤᠨ ᠦᠶ᠎ᠡ ᠶᠢᠨ ᠰᠤᠳᠤᠷ ᠪᠢᠴᠢᠭ ︽ᠶᠤᠸᠠᠨ ᠤᠯᠤᠰ  ᠤᠨ ᠲᠡᠦᠬᠡ᠂ ᠶᠤᠰᠤᠯᠡᠯ ᠬᠦᠭᠵᠢᠮ ᠤᠨ ᠣᠶᠢᠯᠠᠯᠭ᠎ᠠ︾ ᠳᠤ᠄ ︽ᠬᠤᠪᠢᠰ ᠠᠨᠤ ᠫᠢᠫᠠ ᠳᠤᠷ ᠲᠦᠰᠳᠡᠢ᠂ ᠬᠦᠵᠦᠭᠦᠦ ᠰᠢᠯᠤᠭᠤᠨ᠂ ᠱᠠᠳᠤᠨ ᠲᠡᠪᠬᠡ ᠦᠭᠡᠢ᠂ ᠨᠠᠷᠢᠨ ᠬᠤᠪᠢᠯ ᠲᠠᠢ᠂ ᠳᠠᠯᠠᠯᠠᠭᠰᠠᠨ ᠬᠤᠯᠤ ᠮᠡᠳᠤ ᠴᠠᠷ ᠲᠠᠢ ᠪᠦᠭᠡᠳ ᠠᠷᠠᠰᠤ ᠪᠠᠷ ᠪᠦᠷᠢᠮᠦᠢ᠂ ᠲᠦᠷᠪᠡᠨ ᠶᠤᠩᠬᠤᠷ ᠤᠳᠠᠰᠤ᠂ ᠭᠠᠭᠴᠠ ᠠᠷᠠᠯ ᠲᠠᠢ ᠪᠦᠯᠦᠭᠡ︾ ᠭᠡᠵᠡᠢ᠃ ᠬᠤᠪᠢᠰ ᠨᠢ ᠲᠦᠷᠦ ᠶᠢᠨ ᠬᠦᠭᠵᠢᠮ ᠪᠠᠶᠢᠵᠤ᠂ ᠣᠷᠳᠤᠨ ᠤ ᠲᠤᠮᠤ ᠨᠠᠶᠢᠷ ᠶᠤᠰᠤᠯᠠᠯ ᠤᠨ ᠦᠶ᠎ᠡ ᠪᠠᠷ ᠬᠦᠭᠵᠢᠮᠳᠡᠳᠡᠭ ᠪᠦᠭᠡᠳ ᠴᠠᠰᠢ ᠤᠯᠠᠮᠵᠢᠯᠠᠭᠳᠠᠨ ᠮᠢᠩ ᠤᠯᠤᠰ ᠤᠨ ᠦᠶ᠎ᠡ ᠬᠦᠷᠦᠭᠡᠳ ᠶᠡᠭᠡᠪᠡᠷ ᠲᠠᠷᠬᠠᠨ ᠲᠦᠭᠡᠵᠦ᠂ ᠴᠢᠩ ᠤᠯᠤᠰ ᠤᠨ ᠦᠶ᠎ᠡ ᠳᠤ ᠮᠦᠨ ᠲᠦᠷᠦ ᠶᠢᠨ ᠬᠦᠭᠵᠢᠮ ᠬᠡᠮᠡᠭᠳᠡᠵᠤ᠂ ᠬᠤᠵᠢᠮ ᠨᠢ ᠤᠷᠬᠢᠭᠳᠠᠨ ᠬᠡᠭᠡᠭᠳᠡᠵᠡᠢ᠃      ᠲᠡᠭᠡᠷ᠎ᠡ ᠵᠠᠭᠤᠨ ᠤ ᠲᠡᠭᠡᠷ᠎ᠡ ᠵᠠᠭᠤᠨ ᠤ ᠲᠠᠯᠠᠭᠠᠳ ᠤᠨ ᠤ ᠲᠤᠮᠳᠠᠴᠢ ᠪᠠᠷ ᠠᠯᠳᠠᠷᠳᠤ ᠬᠤᠪᠢᠰᠴᠢᠨ ᠭᠤ᠂ ᠴᠡᠩᠭᠡᠯᠳᠤ ᠭᠤᠸᠠᠢ ︵ᠬᠦᠪᠡᠭᠡᠲᠦ ᠰᠢᠷ᠎ᠠ ᠨᠤᠳᠤᠭ ᠤᠨ ᠬᠦᠮᠦᠨ︶ ᠤᠯᠠᠮᠵᠢᠯᠠᠯᠳᠤ ᠬᠤᠪᠢᠰ ᠤᠨ ᠰᠠᠭᠤᠷᠢ ᠲᠡᠭᠡᠷ᠎ᠡ ᠲᠠᠬᠢᠵᠤ ᠰᠢᠨᠡᠴᠢᠯᠡᠨ ᠪᠦᠳᠦᠭᠡᠵᠡᠢ᠃ ᠰᠢᠨᠡᠴᠢᠯᠡᠭᠰᠡᠨ ᠬᠤᠪᠢᠰ ᠤᠨ ᠲᠠᠭᠤ ᠨᠢ ᠶᠡᠭᠡ ᠪᠦᠭᠡᠳ ᠴᠡᠭᠡᠯᠭᠡᠨ ᠬᠠᠩᠬᠢᠨᠠᠮ᠎ᠠ ᠂ ᠲᠠᠭᠤᠨ ᠤ ᠲᠤᠳᠤᠯᠢᠭ ᠴᠢᠨᠠᠷ ᠪᠠ ᠬᠡᠪᠴᠢᠶ᠎ᠡ ᠨᠢ ᠨᠡᠯᠢᠶᠡᠳ ᠦᠷᠭᠡᠨ ᠪᠦᠭᠡᠳ ᠪᠠᠶᠠᠯᠢᠭ᠂ ᠢᠯᠡᠳᠬᠡᠭᠦ ᠬᠦᠴᠦᠨ  ᠢᠶᠠᠷ ᠪᠦᠷᠢᠨ ᠲᠡᠭᠦᠯᠳᠡᠷ ᠭᠤᠴᠤᠯᠠᠨ ᠬᠦᠭᠵᠢᠮᠳᠡᠬᠦ᠂ ᠨᠠᠶᠢᠷᠠᠯ ᠬᠦᠭᠵᠢᠮᠳᠡᠯᠬᠡ᠂ ᠬᠠᠪᠰᠤᠷᠠᠯ ᠬᠦᠭᠵᠢᠮᠳᠡᠯᠬᠡ᠂ ᠴᠢᠪᠬᠠᠳᠠᠨ ᠲᠠᠭᠤᠯᠠᠬᠤ ᠵᠡᠷᠭᠡ ᠳᠤ ᠪᠦᠷ ᠬᠡᠷᠡᠭᠯᠡᠵᠤ ᠪᠤᠯᠳᠠᠭ᠃      1986 ᠤᠨ ᠳᠤ ︽ᠲᠤᠮᠳᠠᠳᠤ ᠤᠯᠤᠰ ᠤᠨ ᠴᠦᠭᠡᠨ ᠲᠤᠭᠠᠳᠤ ᠦᠨᠳᠦᠰᠦᠳᠡᠨ ᠤ ᠬᠦᠭᠵᠢᠮ ᠤᠨ ᠤᠶᠢᠯᠠᠯᠭ᠎ᠠ︾ ᠳᠤ ᠪᠢᠴᠭᠳᠡᠭᠰᠡᠨ ᠪᠠᠶᠢᠨ᠎ᠠ᠃      2007 ᠤᠨ ᠳᠤ ᠬᠤᠪᠢᠰ ᠨᠢ ᠦᠪᠡᠷᠳᠡᠬᠡᠨ ᠵᠠᠰᠠᠬᠤ ᠤᠷᠤᠨ ᠤ ᠲᠠᠰ ᠤᠨ ᠪᠤᠳᠠᠰ ᠤᠨ ᠪᠣᠰᠤ ᠰᠤᠶᠤᠯ  ᠤᠨ ᠦᠪ ᠤᠨ ᠨᠠᠷᠡᠰ ᠲᠤ ᠵᠢᠭᠰᠠᠭᠠᠭᠳᠠᠪᠠ᠃      2008 ᠤᠨ ᠳᠤ ᠦᠪᠡᠷᠳᠡᠭᠡᠨ ᠵᠠᠰᠠᠬᠤ ᠤᠷᠤᠨ ᠤ ᠰᠤᠶᠤᠯ ᠤᠨ ᠲᠢᠩᠬᠢᠮ ᠠᠴᠠ ᠬᠦᠪᠡᠭᠡᠲᠦ ᠰᠢᠷ᠎ᠠ ᠬᠤᠰᠢᠭᠤ ᠶᠢ ︽ᠪᠦᠬᠦ ᠤᠷᠤᠨ ᠤ ᠠᠷᠠᠳ ᠤᠨ ᠤᠷᠠᠯᠢᠭ ᠤᠨ ᠨᠤᠲᠤᠭ — ᠬᠤᠪᠢᠰ ᠤᠨ ᠦᠯᠦᠭᠡᠢ︾ ᠬᠡᠵᠤ ᠨᠡᠷᠡᠯᠡᠭᠰᠡᠨ ᠪᠦᠭᠡᠳ ᠲᠤᠮᠳᠠᠳᠤ ᠤᠯᠤᠰ ᠤᠨ ᠠᠷᠠᠳ ᠤᠨ ᠤᠳᠬ᠎ᠠ ᠤᠷᠠᠯᠢᠭᠴᠢᠳ ᠤᠨ ᠡᠪᠯᠡᠯ ᠠᠴᠠ ᠲᠤᠮᠳᠠᠳᠤ ᠤᠯᠤᠰ ᠤᠨ ᠬᠤᠪᠢᠰ ᠬᠦᠭᠵᠢᠮ ᠤᠨ ᠤᠯᠠᠮᠵᠢᠯᠠᠯ ᠤᠨ ᠭᠠᠵᠠᠷ︾ ᠭᠡᠮᠡᠨ ᠨᠡᠷᠡᠶᠢᠳᠦᠭᠰᠡᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号