ᠮᠣᠩᠭᠤᠯ ᠦᠨᠳᠦᠰᠦᠳᠡᠨ ᠤ ᠴᠢᠪᠬᠠᠳᠠᠬᠤ ᠬᠦᠭᠵᠢᠮ ᠬᠤᠪᠢᠰ ᠨᠢ ᠶᠤᠸᠠᠨ ᠤᠯᠤᠰ ᠤᠨ ᠦᠶ᠎ᠡ ᠶᠢᠨ ᠲᠡᠦᠬᠡ | ᠰᠤᠳᠤᠷ ᠲᠤ ᠲᠡᠮᠳᠡᠭᠯᠡᠭᠳᠡᠭᠰᠡᠨ ᠪᠠᠶᠢᠳᠠᠭ᠃ | ᠪᠡᠭᠡᠵᠢᠩ ᠳᠠᠬᠢ ᠲᠤᠮᠳᠠᠳᠤ ᠤᠯᠤᠰ ᠤᠨ ᠬᠦᠭᠵᠢᠮ ᠤᠨ ᠮᠦᠽᠸᠢ ᠳᠤ ᠬᠠᠳᠠᠭᠠᠯᠠᠭᠳᠠᠵᠤ ᠪᠠᠶᠢᠭ᠎ᠠ ᠮᠢᠩ | ᠤᠯᠤᠰ ᠤᠨ ᠦᠶ᠎ᠡ ᠶᠢᠨ ᠤᠯᠠᠭᠠᠨ ᠽᠠᠨᠳᠠᠨ ᠬᠤᠪᠢᠰ ᠤᠨ ᠪᠦᠬᠦ ᠤᠷᠳᠤ ᠨᠢ 83.5 ᠮᠢᠯᠢᠮᠧᠲᠷ᠂ ᠴᠡᠷ ᠤᠨ ᠦᠷᠭᠡᠨ | ᠨᠢ12.5 ᠮᠢᠯᠢᠮᠧᠲᠷ ᠪᠠᠶᠢᠵᠤ᠂ ᠲᠤᠮᠪᠤ ᠨᠢ ᠲᠠᠯ᠎ᠠ ᠬᠤᠯᠤᠨ ᠤ ᠬᠡᠯᠪᠡᠷᠢᠳᠠᠢ ᠪᠦᠭᠡᠳ ᠮᠤᠭᠠᠢ ᠶᠢᠨ ᠠᠷᠠᠰᠤ ᠪᠠᠷ | ᠪᠦᠷᠢᠭᠰᠡᠨ ᠪᠠᠶᠢᠨ᠎ᠠ᠃ ᠠᠷᠠᠯ ᠤᠨ ᠲᠤᠯᠤᠭᠠᠢ ᠲᠡᠭᠰᠢ ᠴᠢᠮᠡᠭ ᠦᠭᠡᠢ᠂ ᠲᠦᠷᠪᠡᠨ ᠴᠢᠬᠢ᠂ ᠲᠦᠷᠪᠡᠨ ᠶᠤᠩᠬᠤᠷ ᠤᠳᠠᠰᠤ | ᠲᠠᠢ᠂ ᠠᠷᠤ ᠲᠠᠯ᠎ᠠ ᠪᠠᠷ ᠨᠢ ᠤᠭᠠᠯᠵᠠ ᠭᠡ ᠰᠡᠶᠢᠯᠪᠦᠷᠢᠯᠡᠵᠡᠢ᠃ | 20 ᠳ᠋ᠤᠭᠠᠷ ᠵᠠᠭᠤᠨ ᠤ ᠲᠠᠯᠠᠭᠠᠳ ᠤᠨ ᠳᠤ᠂ ᠠᠯᠳᠠᠷᠳᠤ ᠬᠤᠪᠢᠰᠴᠢᠨ ᠭᠤ᠂ ᠴᠡᠩᠭᠡᠯᠲᠦ ᠵᠡᠷᠭᠡ ᠬᠦᠮᠦᠰ | ᠤᠨ ᠴᠢᠷᠮᠠᠶᠢᠯᠭ᠎ᠠ ᠪᠠᠷ ᠬᠤᠪᠢᠰ ᠢ ᠲᠠᠬᠢᠨ ᠠᠮᠢᠯᠠᠭᠤᠯᠵᠤ᠂ ᠤᠯᠠᠮᠵᠢᠯᠠᠯᠳᠤ ᠬᠤᠪᠢᠰ ᠢ ᠰᠡᠷᠭᠦᠬᠡᠨ ᠦᠢᠯᠡᠳᠦᠭᠰᠡᠨ | ᠰᠠᠭᠤᠷᠢᠨ ᠲᠡᠭᠡᠷ᠎ᠡ ᠲᠠᠪᠤ ᠤᠳᠠᠭ᠎ᠠ ᠵᠠᠰᠠᠨ ᠰᠠᠶᠢᠵᠢᠷᠠᠭᠤᠯᠤᠭᠰᠠᠨ ᠢᠶᠠᠷ ︽ᠲᠤᠮᠳᠠᠳᠤ ᠤᠯᠤᠰ ᠤᠨ ᠴᠦᠭᠡᠨ ᠲᠤᠭᠠᠳᠤ | ᠦᠨᠳᠦᠰᠦᠳᠡᠨ ᠤ ᠬᠦᠭᠵᠢᠮ ᠤᠨ ᠤᠶᠢᠯᠠᠯᠭ᠎ᠠ︾ ᠳᠤ ᠲᠡᠮᠳᠡᠭᠯᠡᠭᠳᠡᠵᠡᠢ᠃ ᠰᠢᠨ᠎ᠡ ᠬᠡᠯᠪᠡᠷᠢ ᠶᠢᠨ ᠬᠤᠪᠢᠰ ᠲᠤ | ᠦᠨᠳᠦᠷ᠂ ᠲᠤᠮᠳᠠ᠂ ᠲᠤᠤᠷ᠎ᠠ ᠲᠠᠭᠤᠨ ᠤ ᠬᠤᠪᠢᠰ ᠪᠠᠶᠢᠳᠠᠭ ᠪᠦᠭᠡᠳ ᠰᠠᠶᠢᠨ ᠴᠢᠨᠠᠷ ᠤᠨ ᠤᠶᠠᠩᠭᠠᠳᠤ ᠮᠤᠳᠤ ᠪᠠᠷ | ᠦᠢᠯᠡᠳᠴᠤ᠂ ᠴᠠᠷ ᠢ ᠨᠢ ᠶᠡᠭᠡᠰᠬᠡᠨ ᠲᠤᠳᠤᠷ᠎ᠠ ᠨᠢ ᠲᠠᠭᠤᠨ ᠤ ᠲᠤᠯᠤᠭᠠᠢ ᠨᠠᠮᠡᠵᠤ᠂ ᠠᠷᠠᠰᠤ ᠪᠠᠷ ᠪᠦᠷᠢᠳᠡᠭ ᠢ | ᠮᠤᠳᠤᠨ ᠬᠠᠪᠳᠠᠰᠤ ᠪᠤᠯᠭᠠᠨ᠂ ᠠᠷᠠᠯ ᠲᠡᠭᠡᠷ᠎ᠡ ᠨᠢ 24 —26 ᠱᠠᠳᠤᠨ ᠲᠠᠪᠠ ᠰᠢᠬᠢᠳᠬᠡᠵᠠᠢ᠃ ᠶᠤᠩᠬᠤᠷ ᠤᠳᠠᠰᠤ | ᠶᠢ ᠭᠠᠩ ᠤᠳᠠᠰᠤ ᠪᠠᠷ ᠰᠤᠯᠢᠨ᠂ ᠲᠤᠮᠪᠤᠨ ᠳᠤ ᠴᠤᠤᠷᠢᠶᠠᠨ ᠤ ᠬᠦᠢᠰᠦ ᠭᠠᠷᠭᠠᠭᠰᠠᠨ ᠢᠶᠠᠷ ᠲᠠᠭᠤ ᠨᠢ ᠵᠢᠭᠳᠡ ᠶᠡᠭᠡ᠂ | ᠬᠦᠩᠬᠢᠨᠡᠮ᠎ᠡ ᠴᠡᠭᠡᠯᠬᠡᠨ᠂ ᠲᠤᠳᠤ ᠢᠷᠠᠭᠤ ᠪᠤᠯᠤᠭᠠᠳ ᠲᠠᠭᠤᠨ ᠤ ᠭᠷᠠᠳᠦ᠋ᠰ ᠨᠢ ᠲᠦᠷᠪᠡᠨ ᠨᠠᠶᠢᠮᠠᠨ ᠭᠷᠠᠳᠦ᠋ᠰ ᠲᠤ | ᠭᠦᠷᠦᠭᠰᠡᠨ ᠪᠠᠶᠢᠨ᠎ᠠ᠃ ᠬᠤᠪᠢᠰ ᠤᠨ ᠲᠤᠯᠤᠭᠠᠢ ᠶᠢ ᠲᠡᠯᠡᠪᠡᠯ ᠨᠤᠮᠤ ᠬᠡᠯᠪᠡᠷᠢ ᠲᠠᠢ᠂ ᠲᠦᠷᠪᠡᠨ ᠴᠢᠬᠢ ᠶᠢ ᠰᠤᠮᠤᠨ | ᠶᠠᠩᠵᠤ ᠲᠠᠢ ᠰᠡᠶᠢᠯᠦᠨ ᠬᠢᠵᠤ᠂ ᠲᠤᠮᠪᠤᠨ ᠤ ᠬᠢᠨᠢ ᠲᠦᠷᠪᠡᠨ ᠦᠨᠴᠦᠭ ᠲᠤ ᠮᠤᠩᠭᠤᠯ ᠭᠡ ᠤᠭᠠᠯᠵᠠ ᠭᠠᠷᠭᠠᠭᠰᠠᠨ | ᠢᠶᠠᠷ ᠦᠨᠳᠦᠰᠦᠳᠡᠨ ᠤ ᠤᠨᠴᠠᠯᠢᠭ ᠢ ᠬᠦᠢᠴᠡᠳ ᠢᠯᠡᠷᠡᠬᠦᠯᠵᠠᠢ᠃ | 2008 ᠤᠨ ᠳᠤ ᠬᠦᠪᠡᠭᠡᠲᠦ ᠰᠢᠷ᠎ᠠ ᠬᠤᠰᠢᠭᠤᠨ ᠤ ︽ᠰᠦᠯᠳᠡ︾ ᠬᠤᠪᠢᠰ ᠤᠨ ᠦᠢᠯᠡᠳᠪᠦᠷᠢ | ᠪᠠᠶᠢᠭᠤᠯᠤᠭᠳᠠᠪᠠ᠃ | 2014 ᠤᠨ ᠳᠤ ᠬᠤᠪᠢᠰ ᠬᠢᠬᠦ ᠤᠷ᠎ᠠ ᠮᠡᠷᠭᠡᠵᠢᠯ ᠨᠢ ᠦᠪᠡᠷᠳᠡᠭᠡᠨ ᠵᠠᠰᠠᠬᠤ ᠤᠷᠤᠨ ᠤ ᠲᠠᠰ ᠤᠨ ᠪᠤᠳᠠᠰ | ᠤᠨ ᠪᠤᠰᠤ ᠰᠤᠶᠤᠯ ᠤᠨ ᠦᠪ ᠤᠨ ᠨᠠᠷᠠᠰ ᠲᠤ ᠵᠢᠭᠰᠠᠭᠠᠭᠳᠠᠭᠰᠠᠠᠨ ᠪᠠᠶᠢᠨ᠎ᠠ᠃ |