ᠤᠩᠭᠤᠨ ᠬᠠᠶᠢᠷᠬᠠᠨ ᠤᠪᠤᠭ᠎ᠠ
ᠨᠡᠶᠢᠲᠡᠯᠡᠭᠰᠡᠨ ᠴᠠᠭ᠄
2019/11/26
      ᠬᠦᠪᠡᠭᠡᠲᠦ ᠰᠢᠷ᠎ᠠ ᠬᠤᠰᠢᠭᠤᠨ ᠤ ᠰᠢᠨᠡᠪᠤᠯᠠᠭ ᠪᠠᠯᠭᠠᠰᠤᠨ ᠠᠴᠠ ᠵᠡᠬᠦᠨ ᠬᠤᠶᠢᠰᠢ ᠶᠡᠷᠡᠨ ᠭᠠᠵᠠᠷ ᠤᠨ ᠦᠵᠦᠭᠦᠷ ᠲᠤ ᠤᠩᠭᠤᠨ ᠠᠭᠤᠯᠠ ᠭᠡᠮᠡᠬᠦ ᠲᠠᠯᠠᠢ ᠶᠢᠨ ᠲᠦᠪᠰᠢᠨ ᠠᠴᠠ1500 ᠮᠧᠲᠷ ᠦᠨᠳᠦᠷ ᠡᠷᠭᠦᠭᠳᠡᠨ ᠵᠡᠬᠦᠨᠰᠢ ᠪᠠᠷᠠᠭᠤᠨᠰᠢ ᠲᠠᠪᠢᠨ ᠭᠠᠵᠠᠷ ᠬᠦᠨᠳᠡᠯᠢᠰᠦᠭᠰᠡᠨ ᠡᠷᠬᠢᠨ ᠲᠤᠭᠤᠷᠢᠨ ᠳᠤ ᠪᠠᠨ ᠲᠤᠪᠤ ᠲᠤᠯᠤᠭᠠᠳ᠂ ᠭᠡᠭᠡᠷ᠎ᠡ ᠲᠠᠯ᠎ᠠ᠂ ᠨᠠᠭᠤᠷ ᠲᠤᠭᠤᠷᠢᠮ᠂ ᠭᠤᠤᠯ ᠭᠤᠷᠤᠬ᠎ᠠ ᠪᠠᠷ ᠬᠦᠷᠢᠶᠡᠯᠡᠬᠦᠯᠦᠭᠰᠡᠨ ᠨᠢᠭᠡᠨ ᠲᠤᠮᠤᠬᠠᠨ ᠠᠭᠤᠯᠠ ᠰᠡᠭᠦᠶᠢᠨ ᠰᠦᠨᠳᠡᠷᠯᠡᠵᠤ ᠪᠠᠶᠢᠳᠠᠭ᠃ ᠡᠨᠡ ᠠᠭᠤᠯᠠ ᠶᠢᠨ ᠨᠤᠶᠠᠨ ᠤᠷᠬᠢᠯ ᠲᠡᠭᠡᠷ᠎ᠡ ᠤᠩᠭᠤᠨ ᠬᠤᠨᠢᠴᠢᠨ ᠤ ᠰᠢᠳᠦᠭᠡᠨ ᠤᠪᠤᠭ᠎ᠠ — ᠤᠩᠭᠤᠨ ᠬᠠᠶᠢᠷᠬᠠᠨ ᠤᠪᠤᠭ᠎ᠠ ᠪᠤᠢ᠃  ᠪᠦᠬᠦᠶᠢᠯᠡ ᠤᠩᠭᠤᠨ ᠬᠠᠶᠢᠷᠬᠠᠨ ᠢ ᠲᠦᠬᠦᠷᠢᠭ ᠬᠡᠯᠪᠡᠷᠢᠳᠡᠢ ᠭᠤᠷᠪᠠᠨ ᠶᠠᠨᠳᠠᠷ ᠭᠠᠷᠭᠠᠵᠤ᠂ ᠡᠮᠦᠨ᠎ᠡ ᠨᠢ ᠲᠠᠬᠢᠯᠭ᠎ᠠ ᠲᠠᠪᠢᠭ ᠤᠨ ᠲᠠᠪᠴᠠᠩ ᠪᠠᠶᠢᠭᠤᠯᠵᠤ᠂ ᠵᠡᠬᠦᠨ ᠡᠮᠦᠨ᠎ᠡ᠂ ᠪᠠᠷᠠᠭᠤᠨ ᠡᠮᠦᠨ᠎ᠡ᠂ ᠪᠠᠷᠠᠭᠤᠨ ᠬᠤᠶᠢᠨ᠎ᠠ᠂ ᠵᠡᠬᠦᠨ ᠬᠤᠶᠢᠨ᠎ᠡ ᠳᠦᠷᠪᠡᠨ ᠵᠦᠭ ᠲᠤ ᠲᠤᠰ ᠲᠤᠰ ᠠᠷᠪᠠᠨ ᠭᠤᠷᠪᠠᠨ ᠭᠡᠰᠡᠭ ᠵᠢᠵᠢᠭ ᠴᠢᠯᠠᠭᠤᠨ ᠱᠠᠪᠢ ᠤᠪᠤᠭ᠎ᠠ ᠶᠢ ᠰᠢᠯᠤᠭᠤᠨ ᠱᠤᠭᠤᠮ ᠢᠶᠠᠷ ᠡᠩᠨᠡᠭᠦᠯᠦᠨ ᠵᠢᠭᠰᠠᠭᠠᠵᠤ ᠪᠤᠰᠬᠠᠭᠠᠠᠳ ᠲᠡᠬᠦᠨ ᠢᠶᠠᠨ ᠠᠷᠪᠠᠨ ᠵᠦᠭ ᠤᠨ ᠡᠵᠡᠨ᠂ ᠭᠤᠷᠪᠠᠨ ᠴᠠᠭ ᠤᠨ ᠰᠠᠬᠢᠭᠤᠯᠰᠤᠨ ᠭᠡᠳᠡᠭ᠃       ᠤᠪᠤᠭᠠᠨ ᠤ ᠲᠡᠭ ᠭᠤᠤᠯ ᠳᠤᠨᠢ ᠮᠦᠩᠭᠦᠨ ᠳ᠋ᠤᠭ ᠲᠠᠢ ᠲᠠᠪᠤᠨ ᠮᠧᠲᠷ ᠦᠨᠳᠦᠷ ᠮᠤᠳᠤᠨ ᠴᠢᠭᠠᠨ ᠪᠠᠶᠢᠳᠠᠭ ᠪᠦᠭᠡᠳ ᠤᠪᠤᠭᠠᠨ ᠤ ᠳᠦᠷᠪᠡᠨ ᠦᠨᠴᠦᠭ ᠤᠨ ᠱᠠᠪᠢ ᠤᠪᠤᠭ᠎ᠠ ᠪᠠᠨ ᠴᠢᠭᠯᠡᠭᠦᠯᠦᠨ ᠠᠯᠳᠠ ᠦᠨᠳᠦᠷ ᠴᠤᠬᠤᠶᠢᠭᠰᠠᠨ ᠰᠤᠷᠤᠭᠰᠢᠨ ᠲᠠᠢ ᠪᠠᠶᠢᠵᠤ᠂ ᠡᠨᠡᠬᠦ ᠲᠦᠷᠪᠡᠨ ᠰᠣᠷᠤᠭᠰᠢᠨ ᠢᠶᠠᠨ ᠤᠪᠤᠭᠠᠨ ᠤ ᠪᠠᠨ ᠭᠤᠤᠯ ᠴᠢᠭᠠᠨ ᠎ ᠲᠠᠢ ᠪᠠᠨ ᠬᠦᠬᠡᠨ᠎ᠡ᠂ ᠬᠠᠳᠠᠭ᠂ ᠲᠠᠷᠴᠤᠭ ᠢᠶᠠᠨ ᠬᠠᠷᠢᠯᠴᠠᠨ ᠬᠤᠯᠪᠤᠵᠤ ᠲᠠᠯᠪᠢᠭᠰᠠᠨ ᠪᠠᠶᠢᠳᠠᠭ᠃ ᠤᠩᠭᠤᠨ ᠬᠠᠶᠢᠷᠬᠠᠨ ᠭᠤᠴᠢᠨ ᠠᠯᠬᠤᠮ᠂ ᠭᠤᠷᠪᠠᠨ ᠵᠠᠭᠤᠨ ᠠᠯᠴᠤᠮ ᠤᠨ ᠵᠠᠢ ᠪᠠᠷ ᠭᠤᠷᠪᠠᠨ ᠲᠠᠪᠬᠤᠷ ᠴᠢᠯᠠᠭᠤᠨ ᠬᠦᠷᠢᠶ᠎ᠡ ᠴᠤᠭᠴᠠᠯᠠᠵᠤ ᠤᠪᠤᠭᠠᠨ‌ᠭᠤᠷᠤᠭ᠎ᠠ ᠪᠤᠯᠭᠠᠵᠠᠢ᠃ ᠲᠤᠳᠤᠷ᠎ᠠ ᠭᠤᠷᠤᠭ᠎ᠠ ᠳᠤ ᠠᠩᠬᠠᠨ ᠳᠤ ᠪᠠᠨ ᠠᠰ ᠡᠮᠦᠨ᠎ᠡ ᠪᠠᠨ ᠭᠠᠭᠴᠠᠬᠠᠨ ᠡᠭᠦᠳᠡ ᠲᠠᠢ ᠪᠠᠶᠢᠵᠤ᠂ ᠲᠡᠷᠡ‌‍ᠬᠦ ᠡᠭᠦᠳᠡ ᠪᠠᠷ ᠤᠪᠤᠭᠠᠨ ᠳ᠋ᠠ ᠬᠤᠨᠢᠴᠢᠨ ᠨᠤᠶᠠᠨ ᠭᠠᠯᠠᠢ ᠳ᠋ᠠ᠂ ᠳ᠋ᠦᠲ᠋ᠦᠩ ᠰᠦᠷᠦᠭ ᠤᠨ ᠳ᠋ᠠ᠂ ᠮᠡᠶᠢᠷᠡᠨᠴᠦᠳ᠂ ᠲᠠᠬᠢᠯᠭ᠎ᠠ ᠶᠢᠨ ᠯᠠᠮᠠ ᠨᠠᠷ᠂ ᠴᠤᠩᠬᠤᠷ ᠤᠨ ᠡᠵᠡᠳ᠂ ᠵᠤᠳᠤᠭᠯᠠᠬᠤ ᠪᠦᠬᠡ᠂ ᠨᠤᠲᠤᠭ ᠤᠨ ᠠᠬᠠᠮᠠᠳ ᠲᠤᠮᠤᠭᠠᠳᠠᠳ  ᠤᠪᠤᠭᠠᠨ ᠳᠤ ᠪᠠᠨ ᠡᠷᠬᠦᠯ ᠲᠠᠬᠢᠯᠭ᠎ᠠ᠂ ᠴᠢᠮᠡᠭᠯᠡᠯ ᠬᠦᠷᠭᠡᠬᠦ ᠪᠠᠷ ᠲᠣᠳᠤᠷ ᠭᠤᠷᠤᠭ᠎ᠠ ᠳᠤ ᠪᠠᠨ ᠤᠭᠳᠤ ᠤᠷᠤᠭᠤᠯᠳᠠᠭ ᠦᠭᠡᠢ᠃ ᠲᠤᠮᠳᠠ ᠭᠤᠷᠤᠭ᠎ᠠ ᠳᠤ ᠠᠩᠬᠠᠨ ᠳᠤ ᠪᠠᠨ ᠵᠡᠬᠦᠨ ᠡᠮᠦᠨ᠎ᠡ᠂ ᠪᠠᠷᠠᠭᠤᠨ ᠡᠮᠦᠨ᠎ᠡ᠂ ᠪᠠᠷᠠᠭᠤᠨ ᠬᠤᠶᠢᠨ᠎ᠠ᠂ ᠵᠡᠬᠦᠨ ᠬᠤᠶᠢᠨ᠎ᠠ ᠲᠦᠷᠪᠡᠨ ᠵᠦᠭ ᠲᠤ ᠲᠦᠷᠪᠡᠨ ᠲᠤᠮᠤ ᠡᠭᠦᠳᠡ ᠲᠠᠢ ᠪᠠᠶᠢᠵᠤ᠂ ᠤᠪᠤᠭᠠᠨ ᠲᠠᠬᠢᠯᠭ᠎ᠠ ᠳᠤ ᠤᠷᠤᠯᠴᠠᠬᠤ ᠬᠦᠮᠦᠰ ᠤᠨ ᠮᠤᠷᠢ ᠤᠨᠤᠭ᠎ᠠ᠂ ᠲᠡᠷᠭᠡ ᠬᠦᠰᠭᠡ ᠶᠢ ᠲᠤᠰᠭᠠᠶᠢᠯᠠᠨ ᠵᠤᠭᠰᠤᠭᠠᠵᠤ ᠲᠠᠯᠪᠢᠳᠠᠭ᠃ ᠭᠠᠳᠠᠷ ᠭᠤᠷᠤᠭᠠᠨ ᠎ ᠤ ᠲᠦᠷᠪᠡᠨ ᠵᠦᠭ ᠨᠠᠶᠢᠮᠠᠨ ᠵᠤᠪᠬᠢᠰ ᠲᠤ ᠨᠠᠶᠢᠮᠠᠨ ᠡᠬᠦᠳᠡ ᠲᠠᠢ ᠪᠠᠶᠢᠵᠤ᠂ ᠨᠠᠶᠢᠮᠠᠨ ᠡᠭᠦᠳᠡᠨ ᠲᠡᠭᠡᠷ᠎ᠡ ᠮᠤᠷᠢᠳᠤ ᠬᠠᠷᠠᠭᠤᠯ ᠬᠤᠶᠠᠭ ᠲᠤᠭᠤᠯᠭ᠎ᠠ ᠡᠮᠦᠰᠦᠨ ᠵᠤᠭᠰᠤᠵᠤ᠂ ᠤᠪᠤᠭᠠᠨ ᠲᠠᠬᠢᠯᠭ᠎ᠠ ᠳᠤ ᠤᠷᠤᠯᠴᠠᠬᠤ ᠬᠦᠮᠦᠰ ᠢ ᠬᠢᠨᠠᠨ ᠪᠠᠶᠢᠴᠠᠭᠠᠳᠠᠭ᠃ ᠤᠴᠢᠷ ᠨᠢ ᠡᠪᠡᠳᠴᠢᠨ ᠡᠮᠭᠡᠭ ᠲᠠᠢ᠂ ᠵᠠᠭᠤᠨ ᠬᠤᠨᠤᠭ ᠬᠦᠢᠴᠡᠭᠡᠳᠦᠢ ᠨᠦᠭᠴᠢᠭᠰᠡᠳ ᠤᠨ ᠭᠡᠷ ᠪᠦᠯᠢ᠂ ᠡᠮᠡᠭᠳᠡᠶᠢᠴᠦᠳ᠂ ᠠᠷᠢᠬᠢ ᠲᠠᠷᠠᠰᠤᠨ ᠳᠤ ᠰᠤᠭᠳᠠᠭᠰᠠᠨ ᠬᠦᠮᠦᠨ᠂ ᠴᠡᠪᠡᠷ ᠲᠡᠭᠰᠢ ᠬᠤᠪᠴᠠᠰᠤᠯᠠᠭᠰᠠᠨ ᠦᠭᠡᠢ ᠬᠦᠮᠦᠨ᠂ ᠲᠡᠷᠡᠴᠢᠯᠡᠨ ᠠᠷᠠᠯᠵᠢᠶᠠᠴᠢᠳ᠂ ᠬᠤᠳᠠᠯᠳᠤᠭᠠᠴᠢᠳ᠂ ᠬᠠᠷᠢ ᠨᠤᠲᠤᠭ ᠠᠴᠠ ᠴᠠᠭᠠᠴᠢᠯᠠᠨ ᠢᠷᠡᠭᠰᠡᠨ ᠬᠦᠮᠦᠰ᠂ ᠬᠦᠮᠦᠨ ᠠᠯᠠᠵᠤ᠂ ᠬᠤᠯᠠᠭᠠᠢ ᠲᠡᠭᠡᠷᠡᠮ ᠦᠢᠯᠡᠳᠦᠭᠰᠡᠳ ᠢ ᠤᠪᠤᠭᠠᠨ ᠲᠠᠬᠢᠯᠭ᠎ᠠ ᠳᠤ ᠤᠷᠤᠯᠴᠠᠭᠤᠯᠳᠠᠭ ᠦᠭᠡᠢ ᠬᠡᠨ᠎ᠡ᠃
 
ᠢᠷᠡᠯᠲᠡ᠄ ︽ᠰᠢᠯᠢ ᠶᠢᠨ ᠭᠤᠣᠯ ᠤᠨ ᠲᠠᠬᠢᠯᠭᠠᠳᠤ ᠠᠭᠤᠯᠠ ᠤᠰᠤᠨ︾ ᠭᠡᠬᠦ ᠨᠣᠮ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号