ᠨᠠᠰᠤᠨ ᠤ ᠰᠢᠨ᠎ᠡ ᠤᠷᠠᠨ ᠪᠦᠳᠦᠭᠡᠯ ︽  ᠠᠰᠤᠷᠤ ᠶᠢᠨ ᠦᠨᠳᠦᠷ ᠠᠶᠠᠯᠭᠤ︾
ᠨᠡᠶᠢᠲᠡᠯᠡᠭᠰᠡᠨ ᠴᠠᠭ᠄
2019/12/4
       ᠰᠤᠳᠤᠨ ᠰᠤᠨᠤᠰᠬᠤᠯᠠᠩ ᠪᠤᠯᠤᠭᠰᠠᠨ ᠠᠭᠤᠤ ᠤᠷᠠᠯᠢᠭ — ᠠᠰᠤᠷᠤ ᠠᠶᠠᠯᠭᠤ ᠶᠢᠨ ᠲᠤᠬᠠᠢ ᠪᠢᠴᠭ᠍ᠰᠠᠨ ᠲᠤᠰ ᠲᠠᠭᠤᠤ ᠢ ᠨᠠᠰᠤᠨ ᠭᠤᠸᠠᠢ᠂ ᠮᠤᠩᠭᠤᠯ ᠤᠯᠤᠰ ᠤᠨ ᠨᠠᠷᠡᠳᠦ ᠬᠦᠭᠵᠢᠮ ‍ᠤᠨ‌ᠨᠠᠶᠢᠷᠠᠭᠤᠯᠤᠭᠴᠢ᠂ ᠬᠦᠭᠵᠢᠮ ᠎ ᠤᠨ ᠵᠤᠬᠢᠶᠠᠯᠴᠢ ᠠᠯᠳᠠᠬᠤᠶᠠᠭ ᠵᠢᠴᠢ ᠬᠦᠪᠡᠭᠡᠲᠦ ᠰᠢᠷ᠎ᠠ ᠬᠤᠰᠢᠭᠤ ᠪᠠᠷ ᠨᠤᠲᠤᠭᠳᠠᠢ ᠲᠠᠭᠤᠴᠢᠨ ᠤᠷᠢᠬᠠᠨ ᠲᠠᠢ ᠬᠠᠮᠳᠤ ᠪᠠᠷ ᠪᠦᠳᠦᠭᠡᠵᠡᠢ᠃        ᠰᠠᠶᠢᠬᠠᠨ ᠬᠦᠮᠦᠨ ᠳᠤ ᠣ ᠢᠯᠡᠭᠦᠳᠡᠬᠦ ᠲᠠᠢ ᠠᠳᠠᠯᠢ ᠪᠠᠷ ᠰᠠᠶᠢᠬᠠᠨ ᠲᠠᠭᠤᠨ ᠳᠤ ᠰᠤᠨᠵᠢᠷᠠᠭᠰᠠᠨ ᠣᠷᠳᠤ ᠲᠠᠨᠢᠯᠴᠠᠭᠤᠯᠭ᠎ᠠ ᠬᠡᠷᠡᠭ ᠦᠭᠡᠢ ᠪᠠᠶᠢᠬ᠎ᠠ᠃ ᠲᠡᠭᠡᠯ᠎ᠡ ᠴᠤ ᠭᠡᠰᠡᠨ ᠨᠠᠰᠤᠨ ᠭᠤᠸᠠᠢ ᠨᠠᠰᠤ ᠠᠬᠢᠬᠤ ᠲᠤᠳᠤᠮ ᠢᠶᠠᠨ ᠦᠨᠡᠳᠦ ᠦᠪ ᠤᠯᠠᠮᠵᠢᠯᠠᠯ ᠤᠨ ᠢᠶᠠᠨ ᠲᠤᠬᠠᠢ ᠦᠨ᠎ᠡ ᠲᠠᠢ ᠴᠠᠨ᠎ᠠ ᠲᠠᠢ ᠪᠦᠳᠦᠭᠡᠯ ᠲᠤᠭᠤᠷᠪᠢᠵᠤ᠂ ᠤᠷᠠᠨ ᠪᠦᠳᠦᠭᠡᠯ ᠳᠤ ᠵᠤᠷᠢᠭᠤᠯᠤᠭᠰᠠᠨ ᠬᠠᠶᠢᠷ᠎ᠠ ᠪᠠᠭ᠋ᠠᠷᠬᠠᠯ ᠢᠶᠠᠨ ᠠᠷᠠᠳ ᠤᠯᠠᠨ ᠲᠠᠢ ᠪᠠᠨ ᠡᠳ᠋ᠯᠡᠬᠦ ᠲᠠᠭᠤᠤ ᠪᠤᠯᠭᠠᠵᠤ᠂ ︽ᠠᠰᠤᠷᠤ︾᠎ ᠶᠢᠨ ︽ᠠᠰᠠᠷ︾ ᠴᠤᠭᠴᠠᠯᠠᠵᠤ ᠶᠠᠪᠤᠭ᠎ᠠ ᠳᠤ ᠨᠢ ᠪᠠᠭ᠋ᠠᠷᠬᠠᠨᠠᠮ᠂ ᠪᠢᠰᠢᠷᠠᠨᠡᠮ᠃        ᠬᠦᠭᠵᠢᠮ ᠢ ᠮᠤᠩᠭᠤᠯ ᠤᠯᠤᠰ ᠤᠨ ᠨᠠᠷᠡᠳᠦ ᠬᠦᠭᠵᠢᠮ ᠤᠨ ᠨᠠᠶᠢᠷᠠᠭᠤᠯᠤᠭᠴᠢ᠂ ᠬᠦᠭᠵᠢᠮ ᠤᠨ ᠵᠤᠬᠢᠶᠠᠯᠴᠢ᠂ ᠮᠤᠩᠭᠤᠯ ᠤᠯᠤᠰ ᠤᠨ ᠰᠤᠶᠤᠯ ᠤᠨ ᠲᠡᠷᠢᠬᠦᠨ ᠤ ᠠᠵᠢᠯᠳᠠᠨ᠂ ᠮᠤᠩᠭᠤᠯ ᠤᠯᠤᠰ ᠤᠨ ᠵᠠᠰᠠᠭ ᠤᠨ ᠤᠷᠳᠤᠨ ᠤ ︽ᠲᠤᠬᠢᠭᠤᠷ ᠲᠤᠯᠤᠭᠠᠨ ᠤᠳᠤ︾᠂ ᠮᠤᠩᠭᠤᠯ ᠤᠯᠤᠰ ᠤᠨ ᠬᠦᠳᠡᠯᠮᠦᠷᠢ ᠶᠢᠨ ᠭᠠᠪᠢᠶᠠᠳᠠᠨ ᠪᠡᠭᠵᠢᠰᠦ᠋ᠷᠦᠩ ᠤᠨ ᠠᠯᠳᠠᠨᠬᠤᠶᠠᠭ ᠵᠤᠬᠢᠶᠠᠵᠤ᠂ ᠮᠠᠨ ᠤ ᠤᠷᠤᠨ ᠤ ᠵᠠᠯᠠᠭᠤ ᠲᠠᠭᠤᠴᠢᠨ᠂ ᠬᠦᠪᠡᠭᠡᠲᠦ ᠰᠢᠷ᠎ᠠ ᠨᠤᠲᠤᠭᠳᠠᠢ ᠤᠷᠢᠬᠠᠨ ᠲᠠᠭᠤᠯᠤᠭᠰᠠᠨ ᠶᠤᠮ᠃                        ᠠᠰᠤᠷᠤ ᠦᠨᠳᠦᠷ ᠠᠶᠠᠯᠭᠤ                                               ᠦᠭᠡ᠄ ᠨᠠᠰᠤᠨ                                               ᠠᠶ᠎ᠠ᠄ ᠠᠯᠳᠠᠨᠬᠤᠶᠠᠭ ︵ᠮᠤᠩᠭᠤᠯ ᠤᠯᠤᠰ︶                                               ᠲᠠᠭᠤᠴᠢᠨ᠄ ᠤᠷᠢᠬᠠᠨ        ᠱᠠᠰᠳᠢᠷ ᠽᠠᠨᠳᠠᠨ ᠬᠤᠭᠤᠷ ᠢ ᠨᠢ ᠬᠦ᠋        ᠬᠢᠭᠠᠰᠤᠨ ᠤ ᠦᠵᠦᠭᠦᠷ ᠶᠦᠷᠭᠡᠬᠦᠯᠦᠨ        ᠱᠠᠨᠵᠠ ᠤ ᠭᠤᠷᠪᠠᠨ ᠶᠣᠩᠬᠤᠷ ᠢ ᠨᠢ ᠬᠦ᠋        ᠬᠢᠮᠦᠰᠦᠨ ᠤ ᠲᠤᠯᠢᠶᠠᠨ ᠳᠤ ᠲᠡᠷᠭᠡᠬᠦᠯᠦᠨ        ᠰᠢᠷᠭᠠᠯ ᠨᠠᠷᠠᠨ ᠴᠢᠩᠨᠠᠬᠤ        ᠠᠰᠤᠷᠤ ᠦᠨᠳᠦᠷ ᠠᠶᠠᠯᠭᠤ ᠪᠠᠨ        ᠰᠢᠨᠳᠠᠷᠠᠰᠢ ᠦᠭᠡᠢ ᠰᠠᠶᠢᠬᠠᠨ ᠤᠷᠮ᠎ᠠ ᠪᠠᠷ        ᠬᠦᠭᠯᠡᠨ ᠪᠠᠶᠢᠵᠤ ᠡᠬᠢᠯᠡᠭᠡ ᠪᠤᠢ︖        ᠠᠯᠠᠭ ᠯᠢᠩᠪᠦ ᠶᠢᠨ ᠠᠶᠠᠰ ᠢ ᠨᠢ ᠬᠦ᠋        ᠦᠨᠳᠦᠭᠡᠨ ᠤ ᠬᠡ ᠪᠠᠷ ᠴᠠᠬᠢᠯᠠᠭᠤᠯᠤᠨ᠂        ᠠᠳᠤᠭᠤᠴᠢᠨ ᠬᠤᠪᠢᠰ ᠤᠨ ᠤᠳᠠᠰᠤ ᠶᠢ ᠨᠢ ᠬᠦ᠋        ᠬᠤᠷᠤᠭᠤᠨ ᠤ ᠠᠶ᠎ᠠ ᠪᠠᠷ ᠲᠡᠷᠬᠢᠭᠤᠯᠤᠨ        ᠠᠮᠠᠷᠠᠭ ᠰᠡᠳᠬᠢᠯ ᠰᠦᠵᠢᠷᠡᠬᠦ        ᠠᠰᠤᠷᠤ ᠦᠨᠳᠦᠷ ᠠᠶᠠᠯᠭᠤ ᠪᠠᠨ        ᠠᠭᠤᠤ ᠶᠡᠭᠡ ᠬᠠᠶᠢᠷ᠎ᠠ ᠪᠠᠷ        ᠠᠶᠠᠯᠠᠭᠤᠯᠤᠨ ᠪᠠᠶᠢᠵᠤ ᠲᠠᠷᠤᠭ᠎ᠠ ᠪᠤᠢ︖        ᠶᠠᠳᠤᠭ᠎ᠠ ᠶᠢᠨ ᠠᠯᠳᠠᠨ ᠲᠡᠭᠬᠡ ᠶᠢ ᠨᠢ ᠬᠦ᠋        ᠤᠶᠠᠩᠭ᠎ᠠ ᠶᠢᠨ ᠬᠤᠷᠸ᠎ᠠ ᠳᠤ ᠨᠠᠶᠢᠭᠤᠭᠤᠯᠤᠨ        ᠶᠠᠩᠵᠤᠳᠠᠢ ᠰᠠᠶᠢᠬᠠᠨ ᠬᠦᠭᠵᠢᠮ ᠨᠢ ᠬᠦ᠋        ᠡᠭᠡᠰᠢᠭ ᠤᠨ ᠲᠡᠭᠷᠢ ᠳᠤ ᠨᠠᠶᠢᠯᠡᠬᠦᠯᠦᠨ        ᠶᠠᠩᠵᠢᠯᠾᠮᠤ ᠵᠠᠯᠪᠢᠷᠠᠬᠤ        ᠠᠰᠠᠷᠤ ᠦᠨᠳᠦᠷ ᠠᠶᠠᠯᠭᠤ ᠪᠠᠨ        ᠶᠠᠮᠠᠷ ᠰᠠᠶᠢᠬᠠᠨ ᠠᠵᠠ ᠪᠠᠷ        ᠬᠤᠭᠤᠷᠳᠠᠨ ᠰᠠᠭᠤᠵᠤ ᠵᠢᠷᠭᠠᠭ᠎ᠠ ᠪᠤᠢ ᠬᠦ᠋᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠷᠠᠳᠢᠤ᠋
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号