ᠭᠠᠷ ᠢᠶᠠᠨ ᠪᠠᠶᠢᠩᠭᠤ ᠤᠬᠢᠶᠠᠬᠤ ᠨᠢ ᠲᠠᠭᠰᠢᠭᠤᠷ ᠢ ᠰᠡᠷᠭᠡᠶᠢᠯᠡᠬᠦ ᠳᠤ ᠬᠠᠮᠤᠭ ᠠᠴᠠ ᠢᠯᠡᠭᠦᠦ ᠲᠤᠰᠠᠲᠠᠢ
ᠨᠡᠶᠢᠲᠡᠯᠡᠭᠰᠡᠨ ᠴᠠᠭ᠄
2019/2/26
         ᠤᠢᠢᠷ᠎ᠠ ᠳᠤ ᠲᠠᠭᠰᠢᠭᠤᠷ ᠣᠯᠠᠨᠳᠠ ᠡᠭᠦᠰᠴᠦ᠂ ᠲᠠᠭᠰᠢᠭᠤᠷ ᠲᠤ  ︽ᠤᠨᠤᠭᠳᠠᠭᠰᠠᠨ︾  ᠬᠥᠮᠦᠰ  ᠴᠥᠭᠡᠨ  ᠦᠭᠡᠢ‌‍ᠪᠠᠶᠢᠨ᠎ᠠ᠃ ᠵᠠᠷᠢᠮ ᠨᠢ᠂  ᠠᠮᠠ ᠪᠠᠨ  ᠦᠷᠭᠦᠯᠵᠢ  ᠵᠠᠶᠢᠯᠪᠠᠯ  ᠠᠮᠠᠨ  ᠬᠥᠨᠳᠡᠶ  ᠳᠣᠲᠣᠷᠠᠬᠢ  ᠪᠠᠺᠲ᠋ᠧᠷᠢ ᠶᠢ  ︽ᠨᠢᠯᠪᠤᠭᠠᠳ︾ᠭᠠᠷᠭᠠᠴᠢᠬᠠᠨ᠎ᠠ ᠭᠡᠵᠦ᠂ ᠪᠠᠰᠠ ᠵᠠᠷᠢᠮ ᠨᠢ᠂ ᠭᠠᠳᠠᠭᠰᠢ ᠭᠠᠷᠬᠤ ᠳᠠᠭᠠᠨ ᠠᠮᠠᠪᠴᠢ ᠵᠡᠭᠦᠪᠡᠯ ᠲᠠᠭᠰᠢᠭᠤᠷ ᠠᠴᠠ ᠰᠡᠷᠭᠡᠶᠢᠯᠡᠴᠢᠬᠡᠨ᠎ᠡ‌‍ᠭᠡᠳᠡᠭ᠁ ᠴᠤᠬᠤᠮ ᠠᠯᠢ ᠨᠢ  ᠪᠦᠲᠦᠮᠵᠢᠲᠡᠢ  ᠪᠠᠶᠢᠳᠠᠭ  ᠪᠤᠢ︖  ᠡᠭᠦᠨ ᠳᠤ᠂  ᠬᠠᠯᠳᠠᠪᠤᠷᠢᠲᠤ  ᠡᠪᠡᠳᠴᠢᠨ ᠤ  ᠲᠤᠰᠬᠠᠶ‌ᠮᠡᠷᠭᠡᠵᠢᠯᠲᠡᠨ᠂ ᠶᠠᠫᠣᠨ ᠤ  ᠬᠤᠺᠺᠠᠶᠢᠳᠤ᠋ ᠶᠢᠨ  ᠰᠢᠨᠵᠢᠯᠡᠬᠦ  ᠤᠬᠠᠭᠠᠨ ᠤ  ᠶᠡᠭᠡ  ᠰᠤᠷᠭᠠᠭᠤᠯᠢ ᠶᠢᠨ  ᠡᠮ ᠤᠨ  ᠰᠤᠳᠤᠯᠤᠯ ‍ᠤᠨ‌‍ᠬᠡᠯᠲᠡᠰ ᠤᠨ ᠵᠣᠴᠢᠨ ᠫᠷᠣᠹᠧᠰᠰᠣᠷ ᠺᠢᠰᠢᠳᠠ ᠨᠠᠤᠺᠢ ᠳᠣᠣᠷᠠᠬᠢ ᠮᠡᠲᠦ ᠰᠠᠨᠠᠭᠤᠯᠭ᠎ᠠ ᠥᠭᠴᠦ ᠪᠠᠶᠢᠨ᠎ᠠ᠃                  ᠭᠠᠷ ᠢᠶᠠᠨ ᠤᠬᠢᠶᠠᠬᠤ ᠪᠣᠯ ᠲᠠᠭᠰᠢᠭᠤᠷ ᠢ  ᠰᠡᠷᠭᠡᠶᠢᠯᠡᠬᠦ  ᠬᠠᠮᠤᠭ ᠤᠨ  ᠪᠦᠲᠦᠮᠵᠢᠲᠡᠶ  ᠠᠷᠭ᠎ᠠ  ᠮᠥᠨ᠃  ᠺᠢᠰᠢᠳᠠ‌‍ᠬᠡᠯᠡᠭᠰᠡᠨ ᠨᠢ᠄ ︽ᠲᠠᠭᠰᠢᠭᠤᠷ ᠤᠨ ᠸᠢᠷᠦ᠋ᠰ ᠨᠢ ᠶᠡᠷᠦ ᠳᠡᠭᠡᠨ ᠡᠭᠦᠳᠡᠨ ᠲᠠᠲᠠᠭᠤᠷ᠂ ᠪᠠᠷᠢᠭᠤᠯ᠂ ᠰᠢᠷᠡᠭᠡ᠂ ᠭᠠᠷ ᠤᠲᠠᠰᠤ ᠵᠡᠷᠭᠡ‌‍ᠶᠠᠭᠤᠮᠠᠨ ᠳᠡᠭᠡᠷ᠎ᠡ ᠨᠢᠭᠤᠭᠳᠠᠵᠤ᠂ ᠭᠠᠷ ᠬᠦᠷᠦᠮᠡᠭᠴᠡ ᠭᠠᠷ ᠳᠡᠭᠡᠷ᠎ᠡ ᠨᠠᠭᠠᠯᠳᠤᠴᠢᠬᠠᠳᠠᠭ᠃  ᠡᠩ ᠤᠨ  ᠪᠠᠶᠢᠳᠠᠯ ᠳᠤ᠂  ᠲᠠᠪᠤᠨ‌ᠮᠢᠨᠦ᠋ᠲ ᠪᠣᠯᠭᠠᠨ ᠳᠤ ᠬᠥᠮᠦᠨ ᠳᠠᠷᠤᠶ  ᠰᠠᠨᠠᠮᠰᠠᠷ  ᠦᠭᠡᠢ ᠪᠠᠷ  ᠨᠢᠭᠡ  ᠤᠳᠠᠭ᠎ᠠ  ᠨᠢᠭᠤᠷ ᠢᠶᠠᠨ  ᠢᠯᠢᠳᠡᠭ᠂  ᠸᠢᠷᠦ᠋ᠰ  ᠡᠨᠡ‌ᠵᠠᠪᠰᠢᠶᠠᠨ ᠢᠶᠠᠷ ᠠᠮᠠ ᠬᠠᠮᠠᠷ ᠲᠤ ᠤᠷᠤᠨ᠎ᠠ︾᠃ ᠬᠠᠮᠤᠭ ᠤᠨ ᠰᠠᠨᠠᠭᠠᠨ ᠳᠤ ᠳᠣᠭᠢᠷᠬᠠᠰᠠᠨ ᠪᠠᠶᠢᠳᠠᠯ ᠪᠣᠯ ᠡᠳ᠋ ᠪᠣᠳᠠᠰ ᠲᠤ ᠭᠠᠷ‌‍ᠬᠦ᠋ᠷᠬᠦ ᠶᠢᠨ ᠢᠶᠠᠨ ᠤᠷᠢᠳ ᠬᠤᠵᠢᠳ ᠴᠥᠮ ᠭᠠᠷ ᠢᠶᠠᠨ ᠤᠬᠢᠶᠠᠬᠤ ᠬᠡᠷᠡᠭᠲᠡᠶ᠂ ᠭᠡᠪᠡᠴᠦ ᠪᠢᠳᠡ ᠡᠭᠦᠨ ᠢ ᠪᠡᠶᠡᠯᠡᠭᠦᠯᠬᠦ ᠳᠤ ᠲᠤᠩ‌‍ᠬᠦ᠋ᠴᠢᠷᠲᠡᠶ᠂ ᠲᠡᠶᠢᠮᠦ ᠤᠴᠢᠷ ᠠᠴᠠ ᠭᠡᠷ ᠲᠡᠭᠡᠨ  ᠬᠠᠷᠢᠭᠰᠠᠨ ᠤ ᠪᠠᠨ  ᠲᠡᠷᠠᠭ᠎ᠠ  ᠪᠠ  ᠬᠤᠭᠤᠯᠠ  ᠢᠳᠡᠬᠦ ᠠᠴᠠ ᠪᠠᠨ  ᠡᠮᠦᠨ᠎ᠡ‌ᠠᠳᠠᠭ ᠲᠠᠭᠠᠨ ᠨᠢᠭᠡ ᠤᠳᠠᠭ᠎ᠠ ᠭᠠᠷ ᠢᠶᠠᠨ ᠵᠠᠪᠠᠯ ᠤᠬᠢᠶᠠᠬᠤ ᠬᠡᠷᠡᠭᠲᠡᠢ᠃ ᠬᠡᠷᠪᠡ ᠰᠠᠪᠤᠩ ᠦᠭᠡᠢ ᠪᠤᠯ᠂  ᠨᠢᠭᠡ  ᠤᠳᠠᠭ᠎ᠠ ᠵᠢᠨ‌ᠭᠠᠷ ᠤᠬᠢᠶᠠᠬᠤ ᠰᠢᠩᠭᠡᠨ ᠢᠶᠠᠷ ᠤᠬᠢᠶᠠᠭᠰᠠᠨ ᠴᠤ ᠪᠣᠯᠤᠨ᠎ᠠ᠃  ᠶᠠᠷᠢᠶᠠᠨ  ᠦᠭᠡᠢ  ᠬᠠᠰᠢ  ᠶᠠᠰᠢ  ᠭᠠᠷ ᠢᠶᠠᠨ  ᠤᠬᠢᠶᠠᠬᠤ ᠨᠢ‌ᠡᠪᠡᠳᠴᠢᠨ  ᠰᠡᠷᠭᠡᠶᠢᠯᠡᠬᠦ  ᠠᠴᠢ  ᠬᠤᠯᠪᠣᠭᠳᠠᠯ  ᠦᠭᠡᠢ  ᠶᠤᠮ᠂  ᠠᠮᠠᠷᠬᠠᠨ  ᠣᠮᠲᠣᠭᠠᠶᠢᠯᠠᠳᠠᠭ  ᠬᠤᠷᠤᠭᠤᠨ   ᠦᠵᠦᠭᠦᠷ᠂ᠬᠢᠮᠦᠰᠦᠨ ᠤ ᠵᠠᠪᠰᠠᠷ᠂ ᠡᠷᠡᠬᠡᠶ ᠬᠤᠷᠤᠭᠤ᠂ ᠪᠠᠭᠤᠤ ᠪᠠᠨ ᠴᠤ ᠲᠦᠢᠯᠪᠤᠷᠢᠲᠠᠶ ᠤᠬᠢᠶᠠᠨ ᠴᠡᠪᠡᠷᠯᠡᠬᠦ ᠬᠡᠷᠡᠭᠲᠡᠶ᠃                  ᠠᠮᠠ ᠪᠠᠨ ᠵᠠᠶᠢᠯᠬᠤ ᠶᠢᠨ ᠦᠢᠯᠡᠳᠦᠯ ᠨᠢ ᠲᠠᠭᠰᠢᠭᠤᠷ  ᠰᠡᠷᠭᠡᠶᠢᠯᠡᠬᠦ ᠶᠢᠨ  ᠬᠤᠶᠠᠳᠤᠭᠠᠷ ᠲᠤ  ᠤᠷᠤᠵᠤ  ᠪᠣᠯᠤᠨ᠎ᠠ᠃ᠶᠠᠫᠣᠨ ᠤ ᠺᠢᠤᠲ᠋ᠤ᠋ ᠶᠡᠭᠡ ᠰᠤᠷᠭᠠᠭᠤᠯᠢ ᠶᠢᠨ ᠥᠩᠭᠡᠷᠡᠭᠰᠡᠨ ᠤ ᠨᠢᠭᠡ ᠰᠤᠳᠤᠯᠭᠠᠨ ᠠᠴᠠ ᠦᠵᠡᠪᠡᠯ᠂ ᠨᠢᠭᠡ ᠰᠠᠷ᠎ᠠ ᠶᠢᠨ ᠳᠣᠲᠣᠷ᠎ᠠ‌ᠠᠮᠠ ᠪᠠᠨ ᠵᠠᠶᠢᠯᠬᠤ ᠦᠭᠡᠢ ᠬᠦᠮᠦᠨ ᠤ ᠲᠠᠭᠰᠢᠭᠤᠷ ᠡᠭᠦᠰᠬᠦ ᠨᠣᠷᠮ᠎ᠠ ᠨᠢ 26% ᠪᠠᠶᠢᠵᠤ᠂ ᠲᠤᠩᠭᠠᠯᠠᠭ ᠤᠰᠤ ᠪᠠᠷ ᠠᠮᠠ ᠪᠠᠨ‌ᠵᠠᠶᠢᠯᠤᠭᠰᠠᠨ ᠬᠥᠮᠦᠨ ᠤ ᠡᠪᠡᠳᠴᠢᠨ ᠡᠭᠦᠰᠬᠦ ᠨᠤᠷᠮ᠎ᠠ ᠨᠢ  ᠪᠠᠭᠤᠷᠠᠭᠠᠳ  17% ᠳᠤ  ᠬᠦᠷᠦᠭᠰᠡᠨ  ᠪᠠᠶᠢᠨ᠎ᠠ᠃  ᠭᠡᠬᠦ ᠳ᠋ᠡᠬᠡᠨ‌‍ᠲ᠋ᠡᠷᠡ ᠨᠢ ᠭᠠᠷ ᠤᠬᠢᠶᠠᠬᠤ ᠶᠢᠨ ᠦᠢᠯᠡᠳᠦᠯ ᠠᠴᠠ  ᠪᠠᠭᠤᠷᠠᠶ  ᠪᠠᠶᠢᠳᠠᠭ᠂  ᠰᠢᠯᠲᠠᠭᠠᠨ ᠨᠢ  ᠭᠡᠪᠡᠯ᠂  ᠠᠮᠠ ᠪᠠᠨ  ᠵᠠᠶᠢᠯᠬᠤ ᠨᠢ‌‍ᠬᠡᠳᠦ᠋ᠢᠪᠡᠷ ᠠᠮᠠᠨ ᠬᠥᠨᠳᠡᠶ ᠶᠢᠨ ᠰᠠᠯᠢᠰᠤᠲᠤ ᠪᠦᠷᠬᠦᠪᠴᠢ ᠳᠡᠭᠡᠷᠡᠬᠢ ᠲᠠᠭᠰᠢᠭᠤᠷ ᠤᠨ ᠸᠢᠷᠦ᠋ᠰ ᠢ ᠵᠠᠶᠢᠯᠵᠤ ᠬᠠᠶᠠᠬᠤ  ᠪᠤᠯᠪᠠᠴᠤ‌ᠡᠪᠡᠳᠴᠢᠨ ᠤ ᠪᠠᠺᠲ᠋ᠧᠷᠢ ᠨᠢ ᠬᠠᠮᠤᠭ ᠬᠤᠷᠳᠤᠨ ᠳᠠᠭᠠᠨ 20 ᠮᠢᠨᠦ᠋ᠲ ᠳᠤ ᠳᠠᠷᠤᠶ ᠡᠰ ᠤᠨ ᠳᠣᠲᠣᠷ᠎ᠠ ᠣᠷᠣᠵᠤ  ᠴᠢᠳᠠᠳᠠᠭ᠃ᠺᠢᠰᠢᠳᠠ ᠰᠠᠨᠠᠭᠤᠯᠤᠭᠰᠠᠨ ᠨᠢ᠂ ᠲᠤᠩᠭᠠᠯᠠᠭ ᠤᠰᠤ ᠪᠠᠷ ᠠᠮᠠ ᠪᠠᠨ ᠵᠠᠶᠢᠯᠵᠤ ᠪᠠᠶᠢᠪᠠᠯ  ᠪᠣᠯᠴᠢᠬᠠᠨ᠎ᠠ᠂  ᠡᠰᠡ  ᠲᠡᠭᠡᠪᠡᠯ  ᠠᠮᠠᠨ‌‍ᠬᠥ᠋ᠨᠳᠡᠶ ᠳᠠᠬᠢ ᠬᠤᠣᠷ ᠲᠠᠢ ᠪᠠᠺᠲ᠋ᠧᠷᠢ ᠶᠢᠨ  ᠬᠠᠯᠳᠠᠯᠭ᠎ᠠ ᠠᠴᠠ  ᠰᠡᠷᠭᠡᠶᠢᠯᠡᠬᠦ  ᠡᠷᠡᠭᠦᠯ  ᠪᠠᠺᠲ᠋ᠧᠷᠢ ᠶᠢᠨ  ᠰᠦᠷᠦᠭ ᠢ  ᠡᠪᠳᠡᠵᠦ‌ᠮᠡᠳᠡᠨ᠎ᠡ᠃ ᠨᠢᠭᠡ ᠡᠳᠦᠷ ᠲᠤ 4-5 ᠤᠳᠠᠭ᠎ᠠ ᠠᠮᠠ ᠵᠠᠶᠢᠯᠵᠤ ᠪᠠᠶᠢᠪᠠᠯ ᠪᠤᠯᠴᠢᠬᠠᠨ᠎ᠠ᠃                  ᠠᠮᠠᠪᠴᠢ ᠵᠡᠭᠦᠪᠡᠯ ᠲᠠᠭᠰᠢᠭᠤᠷ ᠢ  ᠰᠡᠷᠭᠡᠶᠢᠯᠡᠬᠦ  ᠦᠢᠯᠡᠳᠦᠯ ᠨᠢ  ᠶᠠᠮᠠᠷ  ᠵᠡᠷᠭᠡ  ᠪᠤᠢ︖  ᠰᠢᠬᠠᠯᠳᠤᠭᠰᠠᠨ  ᠣᠯᠠᠨ‌‍ᠬᠥ᠋ᠮᠦᠨ ᠤ ᠳᠤᠮᠳᠠ ᠪᠤᠯ ᠠᠮᠠᠪᠴᠢ ᠵᠡᠭᠦᠬᠦ ᠨᠢ ᠵᠡᠭᠦᠬᠦ ᠦᠭᠡᠢ ᠠᠴᠠ ᠪᠠᠨ ᠰᠠᠶᠢᠨ᠂  ᠭᠡᠪᠡᠴᠦ  ᠡᠩ ᠤᠨ  ᠪᠦᠰ  ᠠᠮᠠᠪᠴᠢ ᠵᠢᠨ‌ᠦᠢᠯᠡᠳᠦᠯ ᠠᠨᠠᠢ᠂ ᠡᠷᠬᠡᠪᠰᠢ N95 ᠬᠡᠯᠪᠡᠷᠢ ᠶᠢᠨ ᠠᠮᠠᠪᠴᠢ ᠶᠢ ᠬᠡᠷᠡᠭᠯᠡᠬᠦ ᠬᠡᠷᠡᠭᠲᠡᠶ᠃ ᠡᠶᠢᠮᠦ ᠠᠮᠠᠪᠴᠢ ᠶᠢᠨ  ᠴᠡᠪᠡᠷᠰᠢᠭᠦᠯᠬᠦ‌ᠦᠢᠯᠡᠳᠦᠯ ᠨᠢ 95% ᠳᠤ ᠬᠦᠷᠳᠡᠭ᠂ ᠡᠪᠡᠳᠴᠢᠲᠡᠨ ᠤ ᠪᠡᠶ᠎ᠡ ᠶᠢᠨ ᠰᠢᠩᠭᠡᠨ ᠪᠤᠶᠤ ᠴᠢᠰᠤᠨ ᠤ  ᠦᠰᠦᠷᠬᠦ ᠠᠴᠠ  ᠪᠣᠯᠤᠭᠰᠠᠨ‌‍ᠰᠢᠯᠦᠰᠦᠯᠢᠭ  ᠮᠥᠬᠦᠯᠢᠭ ᠢᠶᠠᠷ  ᠬᠠᠯᠳᠠᠪᠤᠷᠢᠯᠠᠬᠤ ᠠᠴᠠ  ᠰᠡᠷᠭᠡᠶᠢᠯᠡᠵᠦ ᠳᠡᠶᠢᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号