ᠬᠡᠯᠡ ᠰᠢᠨᠵᠢᠯᠡᠯ ᠤᠨ ᠤᠬᠠᠭᠠᠨ ᠤ ᠳ᠋ᠤᠺᠲ᠋ᠤᠷ ᠲᠡᠭᠦᠰ ︵1965.7- ︶ ᠦᠪᠦᠷ ᠮᠤᠩᠭᠤᠯ ᠤᠨ ᠬᠦᠪᠡᠭᠡᠲᠤ | ᠰᠢᠷ᠎ᠠ ᠬᠤᠰᠢᠭᠤᠨ ᠤ ᠤᠤᠭᠠᠯ ᠬᠠᠷᠢᠶᠠᠲᠤ᠃ ᠪᠠᠷᠠᠭᠤᠨ ᠰᠦᠨᠢᠳ ᠬᠤᠰᠢᠭᠤᠨ ᠤ ᠲᠦᠪ ᠰᠠᠶᠢᠬᠠᠨᠲᠠᠯ᠎ᠠ | ᠪᠠᠯᠭᠠᠰᠤᠨ ᠳᠤ ᠷᠢᠨᠴᠢᠨᠳᠤᠩᠷᠤᠪ ᠤᠨ ᠤᠤᠭᠠᠨ ᠬᠦᠪᠡᠭᠦᠨ ᠨᠢ ᠪᠤᠯᠤᠨ ᠲᠦᠷᠦᠵᠠᠢ᠃ ᠲᠦᠷᠪᠡᠨ ᠨᠠᠰᠤᠲᠠᠢ | ᠪᠠᠶᠢᠬᠤ ᠳᠤ ᠪᠠᠨ ᠭᠡᠷ ᠪᠦᠯᠢ ᠪᠠᠨ ᠲᠠᠭᠠᠵᠦ᠂ ᠠᠪᠤ ᠡᠵᠢ ᠶᠢᠨ ᠲᠡᠭᠡᠲᠤ ᠶᠢᠨ ᠨᠤᠲᠤᠭ ᠪᠤᠯᠬᠤ ᠬᠦᠪᠡᠭᠡᠲᠤ ᠰᠢᠷ᠎ᠠ | ᠬᠤᠰᠢᠭᠤᠨ ᠤ ᠨᠠᠷᠠᠨ ᠠᠭᠤᠯᠠ ᠰᠤᠮᠤᠨ ᠤ ᠬᠠᠳᠠᠨ ᠬᠤᠰᠢᠭᠤ ᠪᠠᠷᠢᠭᠠᠳᠠ ᠳᠤ ᠪᠤᠴᠠᠨ ᠢᠷᠡᠵᠦ ᠨᠤᠲᠤᠭᠰᠢᠭᠰᠠᠨ | ᠪᠠᠶᠢᠨ᠎ᠠ᠃ ᠬᠦᠳᠡᠭᠡ ᠨᠤᠲᠤᠭ ᠤᠨ ᠠᠮᠢᠳᠤᠷᠠᠯ ᠳᠤ ᠲᠠᠰᠴᠤ᠂ ᠪᠦᠬᠦᠯᠢ ᠲᠤᠯᠤᠭᠠᠨ ᠨᠠᠰᠤᠨ ᠠᠴᠠ ᠪᠠᠨ ᠡᠮᠦᠨ᠎ᠡ᠂ | 1972 ᠤᠨ ᠤ ᠬᠠᠪᠤᠷ ᠬᠠᠳᠠᠨ ᠬᠤᠰᠢᠭᠤ ᠪᠠᠷᠢᠭᠠᠳᠠ ᠶᠢᠨ ᠪᠠᠭ᠎ᠠ ᠰᠤᠷᠭᠠᠭᠤᠯᠢ ᠶᠢᠨ ᠪᠤᠱᠤᠭ᠎ᠠ ᠶᠢ ᠠᠯᠬᠤᠨ᠂ | ᠰᠤᠷᠤᠯᠭ᠎ᠠ ᠶᠢᠨ ᠮᠦᠷ ᠢᠶᠠᠨ ᠡᠬᠢᠯᠡᠭᠦᠯᠵᠠᠢ᠃ ᠲᠡᠭᠡᠭᠡᠳ ᠠᠩᠬ᠎ᠠ ᠲᠤᠮᠲᠠᠲᠤ ᠰᠤᠷᠭᠠᠭᠤᠯᠢ ᠪᠠᠨ ᠨᠠᠷᠠᠨ ᠠᠭᠤᠯᠠ | ᠰᠤᠮᠤᠨ ᠤ ᠰᠤᠷᠭᠠᠭᠤᠯᠢ ᠪᠠ ᠪᠠᠶᠠᠨᠲᠠᠯ᠎ᠠ ᠰᠤᠮᠤᠨ ᠤ ᠲᠤᠮᠲᠠᠲᠤ ᠰᠤᠷᠭᠠᠭᠤᠯᠢ ᠪᠠᠷ ᠲᠠᠮᠵᠢᠨ ᠰᠤᠷᠤᠯᠴᠠᠵᠦ᠂ 1980 | ᠤᠨ ᠤ ᠨᠠᠮᠤᠷ᠂ ᠰᠢᠯᠢ ᠶᠢᠨ ᠭᠤᠤᠯ ᠠᠶᠢᠮᠠᠭ ᠤᠨ ᠮᠤᠩᠭᠤᠯ ᠲᠤᠮᠲᠠᠲᠤ ᠰᠤᠷᠭᠠᠭᠤᠯᠢ ᠶᠢᠨ ᠲᠡᠭᠡᠲᠤ ᠲᠤᠮᠲᠠᠲᠤ ᠶᠢᠨ | ᠠᠩᠭᠢ ᠳᠤ ᠡᠯᠰᠡᠭᠳᠡᠨ ᠰᠤᠷᠤᠯᠴᠠᠪᠠ᠃ ᠭᠡᠷ ᠨᠤᠲᠤᠭ ᠠᠴᠠ ᠪᠠᠨ ᠰᠠᠯᠵᠦ᠂ ᠠᠶᠢᠮᠠᠭ ᠤᠨ ᠮᠤᠩᠭᠤᠯ ᠲᠤᠮᠲᠠᠲᠤ | ᠰᠤᠷᠭᠠᠭᠤᠯᠢ ᠦᠩᠭᠡᠷᠡᠭᠡᠭᠰᠡᠨ ᠭᠤᠷᠪᠠᠨ ᠵᠢᠯ ᠤᠨ ᠠᠮᠢᠳᠤᠷᠠᠯ ᠨᠢ ᠲᠡᠭᠦᠨ ᠤ ᠨᠢᠳᠤ ᠶᠢ ᠨᠢ ᠨᠡᠭᠡᠭᠡᠯᠭᠡᠵᠦ᠂ ᠬᠤᠯᠠ ᠶᠢ | ᠵᠤᠷᠢᠬᠤ ᠵᠡᠭᠦᠳᠤ ᠬᠦᠰᠡᠯᠡᠩ ᠢ ᠤᠷᠭᠤᠭᠤᠯᠵᠦ ᠦᠭᠭᠦᠭᠰᠡᠨ ᠭᠡᠵᠦ ᠲᠡᠷᠡ ᠦᠪᠡᠷ ᠢᠶᠠᠨ ᠦᠷᠭᠦᠯᠵᠢ ᠪᠤᠳᠤᠳᠠᠭ | ᠪᠠᠶᠢᠨ᠎ᠠ᠃ 1983 ᠤᠨ ᠤ ᠵᠤᠨ ᠶᠡᠭᠡ ᠲᠡᠭᠡᠳᠤ ᠰᠤᠷᠭᠠᠭᠤᠯᠢ ᠳᠤ ᠡᠯᠰᠡᠬᠦ ᠰᠢᠯᠭᠠᠯᠲᠠ ᠳᠤ ᠦᠨᠳᠦᠷ ᠤᠨᠤᠭ᠎ᠠ | ᠠᠪᠴᠤ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠬᠡᠯᠡ ᠤᠳᠬ᠎ᠠ ᠵᠤᠬᠢᠶᠠᠯ ᠤᠨ ᠰᠠᠯᠪᠤᠷᠢ ᠳᠤ ᠡᠯᠰᠡᠭᠳᠡᠵᠦ᠂ | ᠤᠶᠤᠲᠠᠨ ᠤ ᠠᠮᠢᠳᠤᠷᠠᠯ ᠢᠶᠠᠨ ᠡᠬᠢᠯᠡᠭᠦᠯᠵᠠᠢ᠃ ᠬᠡᠤᠭᠡᠳ ᠪᠠᠭ᠎ᠠ ᠨᠠᠰᠤᠨ ᠠᠴᠠ ᠪᠠᠨ ᠠᠪᠠᠭ᠎ᠠ ᠯᠢᠭᠳᠡᠨ ᠤ ᠵᠤᠬᠢᠶᠠᠯ | ᠪᠦᠲᠦᠭᠡᠯ ᠢ ᠰᠤᠨᠢᠷᠬᠠᠨ ᠤᠩᠰᠢᠵᠦ ᠦᠰᠦᠭᠰᠡᠨ ᠲᠡᠭᠦᠰ ᠤᠶᠤᠲᠠᠨ ᠤ ᠠᠮᠢᠳᠤᠷᠠᠯ ᠤᠨ ᠡᠬᠢᠨ ᠤ ᠵᠢᠯ ᠤᠳ ᠲᠤ᠂ | ᠠᠪᠠᠭ᠎ᠠ ᠲᠠᠢ ᠪᠠᠨ ᠠᠳᠠᠯᠢ ᠵᠤᠬᠢᠶᠠᠯᠴᠢ ᠪᠤᠯᠬᠤ ᠬᠦᠰᠡᠯ ᠲᠠᠢ ᠪᠠᠶᠢᠵᠠᠢ᠃ ᠲᠡᠭᠡᠬᠦ ᠳᠤ ᠪᠠᠨ ᠮᠤᠩᠭᠤᠯ ᠬᠡᠯᠡᠨ ᠬᠠᠯᠬ᠎ᠠ᠂ | ᠴᠠᠬᠠᠷ᠂ ᠬᠤᠷᠴᠢᠨ᠂ ᠪᠤᠷᠢᠶᠠᠳ᠂ ᠤᠶᠢᠷᠠᠳ ᠵᠡᠷᠭᠡ ᠤᠯᠠᠨ ᠬᠡᠯᠡ ᠠᠶᠠᠯᠭᠤᠨ ᠤ ᠢᠯᠭᠠᠭ᠎ᠠ ᠵᠦᠷᠢᠶ᠎ᠡ ᠶᠢ ᠤᠶᠢᠯᠠᠭᠠᠵᠦ | ᠮᠡᠳᠡᠬᠦ ᠶᠠᠪᠤᠴᠠ ᠳᠤ ᠪᠠᠨ᠂ ᠬᠡᠯᠡ ᠰᠢᠨᠵᠢᠯᠡᠯ ᠤᠨ ᠰᠤᠳᠤᠯᠤᠯ ᠳᠤ ᠲᠤᠷ᠎ᠠ ᠪᠠᠬ᠎ᠠ ᠲᠠᠢ ᠪᠤᠯᠵᠦ᠂ ᠶᠡᠭᠡ | ᠰᠤᠷᠭᠠᠭᠤᠯᠢ ᠶᠢᠨ ᠲᠦᠷᠪᠡᠨ ᠵᠢᠯ ᠤᠨ ᠦᠨᠳᠦᠰᠦᠨ ᠠᠩᠭᠢ ᠪᠠᠨ ᠲᠡᠭᠦᠰᠭᠡᠵᠦ᠂ ᠴᠢᠨᠠᠭᠰᠢ ᠪᠠᠨ ᠠᠰᠫᠢᠷᠠᠨᠲ ᠢᠶᠠᠷ | ᠰᠢᠯᠭᠠᠨ ᠤᠷᠤᠵᠦ᠂ ᠤᠷᠴᠢᠨ ᠴᠠᠭ ᠤᠨ ᠮᠤᠩᠭᠤᠯ ᠬᠡᠯᠡᠨ ᠤ ᠴᠢᠭᠯᠡᠯ ᠢᠶᠠᠷ ᠭᠤᠷᠪᠠᠨ ᠵᠢᠯ ᠰᠤᠷᠤᠯᠴᠠᠵᠦ᠂ ᠮᠠᠰᠲ᠋ᠧᠷ | ᠴᠤᠯᠠ ᠬᠠᠮᠠᠭᠠᠯᠠᠭᠰᠠᠨ ᠪᠠᠶᠢᠨ᠎ᠠ᠃ 1990 ᠤᠨ ᠤ ᠨᠠᠮᠤᠷ ᠲᠡᠭᠦᠰ ᠦᠪᠦᠷ ᠮᠣᠩᠭᠤᠯ ᠤᠷᠤᠨ ᠠᠴᠠ ᠪᠠᠨ ᠠᠶᠠᠷᠯᠠᠵᠦ | ᠂ ᠠᠷᠠᠯ ᠤᠨ ᠤᠯᠤᠰ ᠶᠠᠫᠤᠨ ᠬᠦᠷᠦᠨ ᠢ ᠵᠤᠷᠢᠵᠦ᠂ ᠬᠤᠺᠠᠺᠠᠶᠢᠳᠤᠤ᠋ ᠶᠡᠭᠡ ᠰᠤᠷᠭᠠᠭᠤᠯᠢ ᠳᠤ ᠮᠡᠷᠭᠡᠵᠢᠯ ᠲᠡᠭᠡᠭᠰᠢᠯᠡᠭᠦᠯᠬᠦ | ᠤᠶᠤᠲᠠᠨ ᠪᠤᠯᠵᠠᠢ᠃ ᠡᠨᠡ ᠬᠦ ᠶᠡᠭᠡ ᠰᠤᠷᠭᠠᠭᠤᠯᠢ ᠳᠤ ᠤᠷᠤᠭᠰᠠᠨ ᠵᠤᠷᠢᠯᠭ᠎ᠠ ᠪᠤᠯ᠂ ᠮᠤᠩᠭᠤᠯ ᠬᠡᠯᠡᠨ ᠤ ᠰᠤᠳᠤᠯᠭ᠎ᠠ | ᠪᠠᠨ ᠴᠢᠨᠠᠭᠰᠢ ᠪᠠᠨ ᠦᠷᠭᠡᠵᠢᠭᠦᠯᠬᠦ ᠶᠠᠪᠤᠳᠠᠯ ᠪᠤᠯᠤᠨ᠎ᠠ᠃ | ᠬᠤᠺᠠᠺᠠᠶᠢᠳᠤᠤ᠋ ᠶᠡᠭᠡ ᠰᠤᠷᠭᠠᠭᠤᠯᠢ ᠶᠢᠨ ᠬᠡᠯᠡ ᠰᠢᠨᠵᠢᠯᠡᠯ ᠤᠨ ᠲᠠᠰᠤᠭ ᠪᠤᠯ ᠶᠠᠫᠤᠨ ᠤ ᠠᠶᠢᠨᠤ᠋ ᠬᠡᠯᠡᠨ ᠤ | ᠰᠤᠳᠤᠯᠤᠯ᠂ ᠤᠷᠤᠰ ᠤᠨ ᠰᠢᠪᠧᠷᠢᠶ᠎ᠠ ᠶᠢᠨ ᠤᠯᠠᠨ ᠬᠡᠯᠡᠨ ᠰᠤᠳᠤᠯᠤᠯ᠂ ᠴᠢᠨᠠᠭᠰᠢᠯᠠᠭᠠᠳ ᠠᠮᠧᠷᠢᠺᠠ ᠶᠢᠨ ᠤᠤᠭᠠᠯ | ᠶᠠᠰᠤᠲᠠᠨ ᠪᠤᠯᠬᠤ ᠠᠶᠢᠰᠺᠢᠮᠤ᠋ ᠬᠦᠮᠦᠰ ᠤᠨ ᠬᠡᠯᠡᠨ ᠤ ᠰᠤᠳᠤᠯᠭᠠᠨ ᠤ ᠲᠠᠯ᠎ᠠ ᠪᠠᠷ ᠮᠠᠰᠢ ᠠᠯᠳᠠᠷᠲᠠᠢ ᠪᠠᠶᠢᠳᠠᠭ᠃ | ᠮᠤᠩᠭᠤᠯ ᠬᠡᠯᠡᠨ ᠤ ᠰᠤᠳᠤᠯᠭᠠᠨ ᠤ ᠬᠦᠷᠢᠶᠠᠨ ᠳᠤ ᠭᠤᠷᠪᠠᠨ ᠵᠢᠯ ᠡᠷᠭᠢᠴᠡᠭᠰᠡᠨ ᠲᠡᠭᠦᠰ ᠲᠤ ᠠᠪᠴᠦ ᠬᠡᠯᠡᠪᠡᠯ᠂ ᠡᠨᠡ | ᠰᠤᠳᠤᠯᠭᠠᠨ ᠤ ᠤᠷᠴᠢᠨ ᠨᠢ ᠮᠠᠰᠢ ᠭᠠᠶᠢᠬᠠᠯᠲᠠᠢ ᠰᠠᠶᠢᠬᠠᠨ ᠰᠠᠨᠠᠭᠳᠠᠵᠤ᠂ ᠦᠪᠡᠷ ᠤᠨ ᠤᠶᠤᠨ ᠤᠬᠠᠭᠠᠨ ᠢᠶᠠᠨ | ᠰᠤᠷᠢᠵᠦ᠂ ᠮᠡᠳᠡᠯᠭᠡ ᠶᠢᠨ ᠬᠦᠷᠢᠶ᠎ᠡ ᠴᠠᠷᠠᠭ᠎ᠠ ᠪᠠᠨ ᠲᠡᠯᠡᠬᠦ ᠬᠤᠪᠤᠷ ᠵᠠᠪᠰᠢᠶᠠᠨ ᠪᠤᠯᠵᠠᠢ᠃ ᠨᠢᠭᠡ ᠵᠢᠯ ᠬᠠᠭᠠᠰ ᠤᠨ | ᠮᠡᠳᠡᠯᠭᠡ ᠳᠡᠭᠡᠭᠰᠢᠯᠡᠭᠦᠯᠬᠦ ᠬᠤᠭᠤᠴᠠᠭᠠᠨ ᠳᠤ ᠪᠠᠨ ᠲᠡᠭᠦᠰ ᠶᠠᠫᠤᠨ ᠬᠡᠯᠡ ᠪᠠᠷ ᠪᠢᠴᠢᠭᠳᠡᠭᠰᠡᠨ ᠬᠡᠯᠡ ᠰᠢᠨᠵᠢᠯᠡᠯ ᠤᠨ | ᠲᠤᠬᠠᠢ ᠦᠭᠦᠯᠡᠯ ᠵᠤᠬᠢᠶᠠᠯ ᠢ ᠤᠯᠠᠨᠲᠠ ᠤᠩᠰᠢᠵᠦ᠂ ᠲᠠᠬᠢᠨ ᠠᠰᠫᠢᠷᠠᠨᠲ ᠪᠤᠯᠬᠤ ᠪᠡᠯᠡᠳᠭᠡᠯ ᠢᠶᠠᠨ ᠬᠢᠵᠠᠢ᠃ ᠲᠡᠷᠡ | ᠪᠠᠰᠠ ᠠᠩᠭ᠍ᠯᠢ ᠬᠡᠯᠡ ᠪᠠ ᠤᠷᠤᠰ ᠬᠡᠯᠡ ᠶᠢ ᠦᠪᠡᠷ ᠢᠶᠠᠨ ᠡᠬᠢᠯᠡᠨ ᠰᠤᠷᠤᠭᠰᠠᠨ ᠮᠦᠷᠲᠡᠭᠡᠨ ᠶᠠᠫᠦᠨ᠂ ᠤᠷᠤᠰ᠂ ᠠᠩᠭ᠍ᠯᠢ | ᠬᠡᠯᠡ ᠪᠠᠷ ᠪᠢᠴᠢᠭᠳᠡᠭᠰᠡᠨ ᠬᠡᠯᠡ ᠰᠢᠨᠵᠢᠯᠡᠯ ᠤᠨ ᠪᠦᠲᠦᠭᠡᠯ ᠢ ᠤᠩᠰᠢᠵᠦ ᠠᠰᠢᠭᠯᠠᠵᠠᠢ᠃1992 ᠤᠨ ᠤ 4 | ᠰᠠᠷ᠎ᠠ ᠳᠤ ᠲᠡᠭᠦᠰ ᠠᠰᠫᠢᠷᠠᠨᠲ ᠢᠶᠠᠷ ᠲᠠᠬᠢᠨ ᠰᠢᠯᠭᠠᠨ ᠤᠷᠤᠵᠦ᠂ ᠤᠷᠤᠰ ᠤᠨ ᠰᠢᠪᠧᠷᠢᠶ᠎ᠠ ᠤᠷᠤᠨ ᠤ ᠵᠡᠭᠦᠨ | ᠬᠤᠶᠢᠲᠤ ᠵᠠᠬ᠎ᠠ ᠳᠤ ᠠᠮᠢᠳᠤᠷᠠᠳᠠᠭ ᠴᠦᠺᠡᠴᠢ ᠭᠡᠬᠦ ᠦᠨᠳᠦᠰᠦᠲᠡᠨ ᠤ ᠬᠡᠯᠡ ᠶᠢ ᠰᠤᠳᠤᠯᠬᠤ ᠪᠠᠷ ᠪᠤᠯᠵᠠᠢ᠃ ᠲᠤᠰ | ᠵᠢᠯ ᠤᠨ 7 ᠰᠠᠷ᠎ᠠ ᠶᠢᠨ ᠲᠤᠮᠲᠠᠴᠢ ᠪᠠᠷ᠂ ᠲᠡᠭᠦᠰ ᠴᠦᠺᠡᠴᠢ ᠬᠡᠯᠡᠨ ᠤ ᠬᠡᠭᠡᠷ᠎ᠡ ᠶᠢᠨ ᠰᠢᠨᠵᠢᠯᠡᠭᠡᠨ ᠤ ᠠᠵᠢᠯ ᠢᠶᠠᠷ | ᠤᠷᠤᠰ ᠤᠨ ᠵᠡᠭᠦᠨ ᠬᠤᠶᠢᠲᠤ ᠭᠡᠰᠡᠭ ᠢ ᠵᠤᠷᠢᠵᠦ᠂ ᠵᠤᠨ ᠤ ᠤᠯᠠᠷᠢᠯ ᠳᠤ ᠨᠠᠷᠠ ᠰᠢᠩᠭᠡᠳᠡᠭ ᠦᠭᠡᠢ ᠤᠮᠠᠷᠠᠲᠤ | ᠲᠦᠢᠯ ᠤᠨ ᠤᠷᠤᠨ ᠳᠤ ᠰᠤᠳᠤᠯᠭᠠᠨ ᠤ ᠠᠵᠢᠯ ᠢᠶᠠᠨ ᠡᠬᠢᠯᠡᠬᠦᠯᠵᠠᠢ᠃ ᠴᠦᠺᠡᠴᠢ ᠬᠡᠯᠡ ᠪᠤᠯ ᠬᠡᠪ ᠰᠢᠨᠵᠢ ᠶᠢᠨ | ᠬᠤᠪᠢ ᠳᠤ ᠨᠡᠶᠢᠯᠡᠮᠡᠯ ᠪᠦᠲᠦᠴᠡ ᠲᠠᠢ ᠬᠡᠯᠡᠨ ᠳᠤ ᠪᠠᠭᠲᠠᠵᠤ᠂ ᠲᠡᠭᠦᠨ ᠤ ᠤᠨᠠᠭᠠᠨ ᠬᠡᠯᠡ ᠪᠤᠯᠬᠤ ᠮᠤᠩᠭᠤᠯ ᠬᠡᠯᠡ | ᠲᠠᠢ ᠱᠠᠯ ᠦᠭᠡᠷ᠎ᠡ ᠪᠠᠶᠢᠵᠦ᠂ ᠨᠢᠭᠡ ᠦᠭᠡ ᠨᠢ ᠵᠠᠷᠢᠮ ᠳᠤ ᠪᠠᠨ ᠤᠯᠠᠨ ᠶᠠᠩᠵᠦ ᠶᠢᠨ ᠤᠭᠲᠤᠪᠤᠷᠢ ᠪᠠ ᠲᠠᠭᠠᠪᠤᠷᠢ | ᠵᠠᠯᠭᠠᠨ ᠪᠦᠲᠦᠳᠡᠭ ᠪᠤᠯᠬᠤᠷ ᠪᠤᠰᠤᠳ ᠬᠡᠯᠡᠨ ᠤ ᠨᠢᠭᠡ ᠦᠭᠦᠯᠡᠪᠦᠷᠢ ᠪᠠᠷ ᠢᠯᠡᠳᠭᠡᠬᠦ ᠠᠭᠤᠯᠭ᠎ᠠ ᠶᠢ ᠴᠦᠺᠡᠴᠢ | ᠬᠡᠯᠡᠨ ᠳᠤ ᠨᠢᠭᠡ ᠦᠭᠡ ᠪᠠᠷ ᠢᠯᠡᠳᠭᠡᠳᠡᠭ᠃ ᠲᠡᠭᠦᠰ ᠭᠤᠷᠪᠠᠨ ᠵᠢᠯ ᠤᠨ ᠠᠰᠫᠢᠷᠠᠨᠲ ᠤᠨ ᠬᠤᠭᠤᠴᠠᠭᠠᠨ ᠳᠤ ᠪᠠᠨ | ᠭᠤᠷᠪᠠ ᠤᠳᠠᠭ᠎ᠠ ᠨᠡᠶᠢᠲᠡ 8 ᠰᠠᠷ᠎ᠠ ᠢᠯᠡᠭᠦᠦ ᠴᠦᠺᠡᠴᠢ ᠨᠠᠰᠤᠲᠠᠨ ᠲᠠᠢ ᠬᠠᠮᠲᠤ ᠠᠮᠢᠳᠤᠷᠠᠵᠦ᠂ ᠡᠨᠡ ᠬᠦ | ᠪᠤᠳᠤᠯᠢᠶᠠᠨᠲᠠᠢ ᠬᠡᠯᠡᠨ ᠤ ᠠᠪᠢᠶ᠎ᠠ ᠵᠦᠢ ᠪᠠ ᠬᠡᠯᠡ ᠵᠦᠢ ᠶᠢᠨ ᠲᠤᠬᠠᠢ ᠨᠠᠷᠢᠨ ᠰᠤᠳᠤᠯᠤᠭᠰᠠᠨ ᠪᠠᠶᠢᠨ᠎ᠠ᠃1995 | ᠤᠨ ᠤ 3 ᠰᠠᠷ᠎ᠠ ᠳᠤ ᠲᠡᠭᠦᠰ ᠴᠦᠺᠡᠴᠢ ᠬᠡᠯᠡᠨ ᠤ ᠦᠭᠦᠯᠡᠯ ᠢᠶᠠᠷ ᠢᠶᠠᠨ ᠮᠠᠰᠲ᠋ᠧᠷ ᠴᠤᠯᠠ ᠬᠠᠮᠠᠭᠠᠯᠠᠵᠦ᠂ ᠲᠤᠰ | ᠵᠢᠯ ᠤᠨ 4 ᠰᠠᠷ᠎ᠠ ᠠᠴᠠ ᠶᠠᠫᠤᠨ ᠤ ᠺᠢᠤᠲ᠋ᠤ᠋ ᠶᠡᠭᠡ ᠰᠤᠷᠭᠠᠭᠤᠯᠢ ᠳᠤ ᠬᠡᠯᠡ ᠰᠢᠨᠵᠢᠯᠡᠯ ᠤᠨ ᠮᠡᠷᠭᠡᠵᠢᠯ ᠢᠶᠠᠷ | ᠳ᠋ᠤᠺᠲ᠋ᠤᠷᠠᠨᠲ ᠪᠤᠯᠵᠦ᠂ ᠰᠤᠷᠤᠯᠴᠠᠯᠭ᠎ᠠ ᠪᠠᠨ ᠦᠷᠭᠦᠯᠵᠢᠯᠡᠬᠦᠯᠵᠠᠢ᠃ ᠲᠡᠭᠦᠨ ᠤ ᠳ᠋ᠤᠺᠲ᠋ᠤᠷᠠᠨᠲ ᠶᠢᠨ ᠰᠤᠷᠤᠯᠭ᠎ᠠ ᠶᠢᠨ | ᠬᠤᠭᠤᠴᠠᠭᠠᠨ ᠳᠤ ᠪᠢᠴᠢᠭᠰᠡᠨ ᠠᠩᠭ᠍ᠯᠢ ᠬᠡᠯᠡᠨ ᠤ ᠦᠭᠦᠯᠡᠯ ︽ᠴᠦᠺᠡᠴᠢ ᠬᠡᠯᠡᠨ ᠤ ᠨᠡᠷ᠎ᠡ ᠦᠭᠡ ᠶᠢ ᠦᠢᠯᠡ | ᠦᠭᠡᠨ ᠳᠤ ᠬᠤᠷᠰᠢᠨ ᠨᠡᠶᠢᠯᠡᠬᠦᠯᠬᠦ ᠠᠷᠭ᠎ᠠ ᠶᠢᠨ ᠲᠤᠬᠠᠢ︾ ᠭᠡᠬᠦ ᠦᠬᠦᠯᠡᠯ ᠢ ᠶᠠᠫᠤᠨ ᠤ ᠬᠡᠯᠡ ᠰᠢᠨᠵᠢᠯᠡᠯ ᠤᠨ | ᠠᠯᠲᠠᠷᠲᠤ ᠡᠷᠲᠡᠮᠲᠡᠨ ᠺᠡᠤᠤᠨᠤ᠋ ᠷᠤᠺᠦ᠋ᠷᠦᠦ ᠫᠷᠤᠹᠧᠰᠰᠤᠷ ᠠᠴᠠ ︽ᠴᠦᠺᠡᠴᠢ ᠬᠡᠯᠡᠨ ᠤ ᠤᠨᠴᠠᠯᠢᠭ ᠢ ᠲᠤᠳᠤᠷᠬᠠᠢ | ᠬᠠᠷᠠᠭᠤᠯᠵᠦ ᠴᠢᠳᠠᠭᠰᠠᠨ ᠢᠶᠠᠷ ᠪᠠᠷᠠᠬᠤ ᠦᠭᠡᠢ᠂ ᠲᠤᠰ ᠬᠡᠯᠡᠨ ᠤ ᠰᠤᠳᠤᠯᠭᠠᠨ ᠤ ᠲᠠᠯ᠎ᠠ ᠪᠠᠷ ᠤᠷᠤᠰ ᠤᠨ | ᠡᠷᠲᠡᠮᠲᠡᠳ ᠤᠨ ᠰᠤᠳᠤᠯᠭᠠᠨ ᠳᠤ ᠬᠠᠷᠠᠭᠳᠠᠭ᠎ᠠ ᠦᠭᠡᠢ ᠵᠦᠢ ᠢ ᠢᠯᠡᠷᠡᠭᠦᠯᠦᠭᠰᠡᠨ ᠪᠠᠶᠢᠨ᠎ᠠ︾ ᠭᠡᠵᠦ ᠦᠨᠳᠦᠷ ᠢᠶᠠᠷ | ᠦᠨᠡᠯᠡᠭᠰᠡᠨ ᠪᠠᠶᠢᠨ᠎ᠠ᠃1998 ᠤᠨ ᠤ ᠬᠠᠪᠤᠷ ᠲᠡᠭᠦᠰ ᠳ᠋ᠤᠺᠲ᠋ᠤᠷᠠᠨᠲ ᠤᠨ ᠺᠦᠷᠰ ᠢᠶᠠᠨ ᠲᠡᠭᠦᠰᠭᠡᠬᠦ ᠦᠶ᠎ᠡ ᠳᠤ | ᠪᠠᠨ ᠲᠤᠤᠺᠢᠤ᠋ ᠶᠢᠨ ᠭᠠᠲᠠᠭᠠᠲᠤ ᠬᠡᠯᠡᠨ ᠤ ᠶᠡᠭᠡ ᠰᠤᠷᠭᠠᠭᠤᠯᠢ ᠶᠢᠨ ᠠᠽᠢᠶ᠎ᠠ ᠠᠹᠷᠢᠺᠠ ᠶᠢᠨ ᠬᠡᠯᠡ ᠰᠤᠶᠤᠯ ᠰᠤᠳᠤᠯᠬᠤ | ᠬᠦᠷᠢᠶᠡᠯᠡᠩ ᠤᠨ ᠪᠠᠭᠰᠢ ᠪᠠᠷ ᠠᠵᠢᠯᠯᠠᠭᠰᠠᠨ ᠪᠠᠶᠢᠨ᠎ᠠ᠃ ᠶᠠᠫᠤᠨ ᠤᠯᠤᠰ ᠲᠤ ᠬᠦᠷᠦᠭᠰᠡᠨ ᠤ ᠲᠠᠷᠠᠭ᠎ᠠ ᠲᠤᠯᠤᠭᠠᠨ ᠵᠢᠯ | ᠬᠠᠭᠠᠰ ᠤᠨ ᠬᠤᠭᠤᠴᠠᠭᠠᠨ ᠳᠤ ᠲᠡᠭᠦᠰ ᠶᠠᠫᠤᠨ ᠬᠡᠯᠡᠨ ᠠᠴᠠ ᠭᠠᠳᠠᠨ᠎ᠠ ᠤᠷᠤᠰ᠂ ᠠᠩᠭ᠍ᠯᠢ ᠬᠡᠯᠡ ᠶᠢ ᠰᠠᠶᠢᠨ ᠰᠤᠷᠴᠤ | ᠡᠵᠡᠮᠰᠢᠭᠰᠡᠨ ᠢᠶᠠᠷ ᠪᠠᠷᠠᠬᠤ ᠦᠭᠡᠢ ᠤᠷᠤᠰ ᠤᠨ ᠨᠢᠭᠡ ᠵᠢᠵᠢᠭ ᠦᠨᠳᠦᠰᠦᠲᠡᠨ ᠤ ᠬᠡᠯᠡ ᠶᠢ ᠰᠤᠳᠤᠯᠵᠦ᠂ ᠤᠯᠤᠭᠰᠠᠨ | ᠦᠷ᠎ᠡ ᠪᠦᠲᠦᠭᠡᠯ ᠢᠶᠠᠷ ᠢᠶᠠᠨ ᠡᠷᠲᠡᠮᠲᠡᠳ ᠲᠤ ᠲᠠᠨᠢᠭᠳᠠᠵᠤ᠂ ᠤᠯᠤᠰ ᠤᠨ ᠶᠡᠭᠡ ᠰᠤᠷᠭᠠᠭᠤᠯᠢ ᠳᠤ ᠪᠠᠭᠰᠢ ᠪᠤᠯᠤᠭᠰᠠᠨ | ᠭᠡᠳᠡᠭ ᠪᠤᠯ ᠲᠡᠶᠢᠮᠤ ᠬᠢᠯᠪᠠᠷᠬᠠᠨ ᠶᠠᠪᠤᠳᠠᠯ ᠪᠢᠰᠢ ᠶᠤᠮ᠃ ᠡᠨᠡ ᠬᠦ ᠰᠤᠳᠤᠯᠭᠠᠨ ᠤ ᠬᠦᠷᠢᠶᠡᠯᠡᠩ ᠳᠤ ᠭᠤᠷᠪᠠᠨ ᠵᠢᠯ | ᠠᠵᠢᠯᠯᠠᠭᠰᠠᠨ ᠤ ᠲᠠᠷᠠᠭ᠎ᠠ᠂ 2001 ᠤᠨ ᠤ 3 ᠰᠠᠷ᠎ᠠ ᠳᠤ ᠬᠡᠯᠡ ᠰᠢᠨᠵᠢᠯᠡᠯ ᠤᠨ ᠤᠬᠠᠭᠠᠨ ᠤ ᠳ᠋ᠤᠺᠲ᠋ᠤᠷ ᠴᠤᠯᠠ | ᠬᠠᠮᠠᠭᠠᠯᠠᠵᠦ᠂ 2001 ᠤᠨ ᠤ ᠵᠤᠨ ᠠᠮᠧᠷᠢᠺᠠ ᠤᠯᠤᠰ ᠤᠨ ᠠᠯᠠᠰᠺᠠ ᠶᠡᠭᠡ ᠰᠤᠷᠭᠠᠭᠤᠯᠢ ᠶᠢᠨ ᠬᠠᠷᠢᠶᠠᠲᠤ ︽ | ᠠᠯᠠᠰᠺᠠ ᠶᠢᠨ ᠤᠤᠭᠠᠯ ᠦᠨᠳᠦᠰᠦᠲᠡᠨ ᠤ ᠬᠡᠯᠡ ᠰᠤᠳᠤᠯᠦᠯ ᠤᠨ ᠲᠦᠪ︾ ᠲᠤ ᠬᠦᠷᠴᠦ᠂ ᠵᠤᠴᠢᠨ ᠰᠤᠳᠤᠯᠤᠭᠠᠴᠢ | ᠪᠠᠷ 9 ᠰᠠᠷ᠎ᠠ ᠤᠷᠴᠢᠮ ᠠᠵᠢᠯᠯᠠᠵᠤ᠂ ᠲᠤᠰ ᠰᠤᠳᠤᠯᠬᠤ ᠲᠦᠪ ᠠᠴᠠ ᠨᠠᠶᠢᠷᠠᠭᠤᠯᠵᠦ ᠪᠠᠶᠢᠭᠰᠠᠨ ︽ᠰᠢᠪᠧᠷᠢᠶ᠎ᠠ ᠶᠢᠨ | ᠠᠶᠢᠰᠺᠢᠮᠤ᠋ ᠬᠡᠯᠡᠨ ᠤ ᠲᠤᠯᠠᠢ ᠪᠢᠴᠢᠭ︾ ᠲᠤᠩ ᠬᠠᠮᠦᠷᠦᠭ᠌ᠳᠠᠭᠰᠠᠨ ᠴᠦᠺᠡᠴᠢ ᠬᠡᠯᠡᠨ ᠠᠴᠠ ᠭᠠᠷᠦᠯ ᠲᠠᠢ ᠦᠭᠡᠰ ᠢ | ᠵᠠᠳᠠᠯᠦᠨ ᠲᠠᠶᠢᠯᠪᠤᠷᠢᠯᠠᠬᠤ ᠠᠵᠢᠯ ᠳᠤ ᠨᠢ ᠲᠤᠰᠠᠯᠠᠵᠦ ᠦᠭᠭᠦᠭᠰᠡᠨ ᠪᠠᠶᠢᠳᠠᠭ᠃ ᠲᠡᠭᠡᠭᠡᠳ ᠪᠠᠰᠠ ᠲᠤᠰ ᠰᠤᠳᠤᠯᠬᠤ | ᠬᠦᠷᠢᠶᠡᠯᠡᠩ ᠠᠴᠠ ᠤᠤᠭᠠᠯ ᠶᠠᠰᠤᠲᠠᠨ ᠦᠨᠳᠦᠰᠦᠲᠡᠨ ᠤ ᠬᠡᠯᠡ ᠶᠢ ᠰᠣᠳᠤᠯᠬᠤ ᠪᠠ ᠵᠢᠭᠠᠬᠤ ᠠᠷᠭ᠎ᠠ ᠵᠦᠢ᠂ | ᠴᠢᠨᠠᠭᠰᠢᠯᠠᠭᠠᠳ ᠤᠰᠠᠳᠴᠤ ᠰᠦᠢᠳᠬᠦ ᠭᠡᠵᠦ ᠪᠠᠶᠢᠭ᠎ᠠ ᠬᠡᠯᠡ ᠶᠢ ᠶᠠᠭᠠᠬᠢᠵᠦ ᠰᠡᠷᠭᠦᠭᠡᠵᠦ ᠠᠪᠤᠷᠠᠬᠤ ᠲᠤᠬᠠᠢ ᠠᠷᠭ᠎ᠠ | ᠲᠤᠷᠰᠢᠯᠭ᠎ᠠ ᠶᠢ ᠰᠤᠷᠴᠤ ᠠᠪᠬᠤ ᠪᠠᠷ ᠬᠢᠴᠢᠶᠡᠨ ᠠᠵᠢᠯᠯᠠᠪᠠ᠃ |