ᠬᠡᠯᠡ ᠰᠢᠨᠵᠢᠯᠡᠯ ᠤᠨ ᠤᠬᠠᠭᠠᠨ ᠤ ᠳ᠋ᠤᠺᠲ᠋ᠤᠷ ᠲᠡᠭᠦᠰ
ᠨᠡᠶᠢᠲᠡᠯᠡᠭᠰᠡᠨ ᠴᠠᠭ᠄
2020/11/13
     ᠬᠡᠯᠡ ᠰᠢᠨᠵᠢᠯᠡᠯ ᠤᠨ ᠤᠬᠠᠭᠠᠨ ᠤ ᠳ᠋ᠤᠺᠲ᠋ᠤᠷ ᠲᠡᠭᠦᠰ ︵1965.7-  ︶ ᠦᠪᠦᠷ ᠮᠤᠩᠭᠤᠯ ᠤᠨ ᠬᠦᠪᠡᠭᠡᠲᠤ ᠰᠢᠷ᠎ᠠ ᠬᠤᠰᠢᠭᠤᠨ ᠤ ᠤᠤᠭᠠᠯ ᠬᠠᠷᠢᠶᠠᠲᠤ᠃ ᠪᠠᠷᠠᠭᠤᠨ ᠰᠦᠨᠢᠳ ᠬᠤᠰᠢᠭᠤᠨ ᠤ ᠲᠦᠪ ᠰᠠᠶᠢᠬᠠᠨᠲᠠᠯ᠎ᠠ ᠪᠠᠯᠭᠠᠰᠤᠨ ᠳᠤ ᠷᠢᠨᠴᠢᠨᠳᠤᠩᠷᠤᠪ ᠤᠨ ᠤᠤᠭᠠᠨ ᠬᠦᠪᠡᠭᠦᠨ ᠨᠢ ᠪᠤᠯᠤᠨ ᠲᠦᠷᠦᠵᠠᠢ᠃ ᠲᠦᠷᠪᠡᠨ ᠨᠠᠰᠤᠲᠠᠢ ᠪᠠᠶᠢᠬᠤ ᠳᠤ ᠪᠠᠨ ᠭᠡᠷ ᠪᠦᠯᠢ ᠪᠠᠨ ᠲᠠᠭᠠᠵᠦ᠂ ᠠᠪᠤ ᠡᠵᠢ ᠶᠢᠨ ᠲᠡᠭᠡᠲᠤ ᠶᠢᠨ ᠨᠤᠲᠤᠭ ᠪᠤᠯᠬᠤ ᠬᠦᠪᠡᠭᠡᠲᠤ ᠰᠢᠷ᠎ᠠ ᠬᠤᠰᠢᠭᠤᠨ ᠤ ᠨᠠᠷᠠᠨ ᠠᠭᠤᠯᠠ ᠰᠤᠮᠤᠨ ᠤ ᠬᠠᠳᠠᠨ ᠬᠤᠰᠢᠭᠤ ᠪᠠᠷᠢᠭᠠᠳᠠ ᠳᠤ ᠪᠤᠴᠠᠨ ᠢᠷᠡᠵᠦ ᠨᠤᠲᠤᠭᠰᠢᠭᠰᠠᠨ ᠪᠠᠶᠢᠨ᠎ᠠ᠃ ᠬᠦᠳᠡᠭᠡ ᠨᠤᠲᠤᠭ ᠤᠨ ᠠᠮᠢᠳᠤᠷᠠᠯ ᠳᠤ ᠲᠠᠰᠴᠤ᠂ ᠪᠦᠬᠦᠯᠢ ᠲᠤᠯᠤᠭᠠᠨ ᠨᠠᠰᠤᠨ ᠠᠴᠠ ᠪᠠᠨ ᠡᠮᠦᠨ᠎ᠡ᠂ 1972 ᠤᠨ ᠤ ᠬᠠᠪᠤᠷ ᠬᠠᠳᠠᠨ ᠬᠤᠰᠢᠭᠤ ᠪᠠᠷᠢᠭᠠᠳᠠ ᠶᠢᠨ ᠪᠠᠭ᠎ᠠ ᠰᠤᠷᠭᠠᠭᠤᠯᠢ ᠶᠢᠨ ᠪᠤᠱᠤᠭ᠎ᠠ ᠶᠢ ᠠᠯᠬᠤᠨ᠂ ᠰᠤᠷᠤᠯᠭ᠎ᠠ ᠶᠢᠨ ᠮᠦᠷ ᠢᠶᠠᠨ ᠡᠬᠢᠯᠡᠭᠦᠯᠵᠠᠢ᠃ ᠲᠡᠭᠡᠭᠡᠳ ᠠᠩᠬ᠎ᠠ ᠲᠤᠮᠲᠠᠲᠤ ᠰᠤᠷᠭᠠᠭᠤᠯᠢ ᠪᠠᠨ ᠨᠠᠷᠠᠨ ᠠᠭᠤᠯᠠ ᠰᠤᠮᠤᠨ ᠤ ᠰᠤᠷᠭᠠᠭᠤᠯᠢ ᠪᠠ ᠪᠠᠶᠠᠨᠲᠠᠯ᠎ᠠ ᠰᠤᠮᠤᠨ ᠤ ᠲᠤᠮᠲᠠᠲᠤ ᠰᠤᠷᠭᠠᠭᠤᠯᠢ ᠪᠠᠷ ᠲᠠᠮᠵᠢᠨ ᠰᠤᠷᠤᠯᠴᠠᠵᠦ᠂ 1980 ᠤᠨ ᠤ ᠨᠠᠮᠤᠷ᠂ ᠰᠢᠯᠢ ᠶᠢᠨ ᠭᠤᠤᠯ ᠠᠶᠢᠮᠠᠭ ᠤᠨ ᠮᠤᠩᠭᠤᠯ ᠲᠤᠮᠲᠠᠲᠤ ᠰᠤᠷᠭᠠᠭᠤᠯᠢ ᠶᠢᠨ ᠲᠡᠭᠡᠲᠤ ᠲᠤᠮᠲᠠᠲᠤ ᠶᠢᠨ ᠠᠩᠭᠢ ᠳᠤ ᠡᠯᠰᠡᠭᠳᠡᠨ ᠰᠤᠷᠤᠯᠴᠠᠪᠠ᠃ ᠭᠡᠷ ᠨᠤᠲᠤᠭ ᠠᠴᠠ ᠪᠠᠨ ᠰᠠᠯᠵᠦ᠂ ᠠᠶᠢᠮᠠᠭ ᠤᠨ ᠮᠤᠩᠭᠤᠯ ᠲᠤᠮᠲᠠᠲᠤ ᠰᠤᠷᠭᠠᠭᠤᠯᠢ ᠦᠩᠭᠡᠷᠡᠭᠡᠭᠰᠡᠨ ᠭᠤᠷᠪᠠᠨ ᠵᠢᠯ ᠤᠨ ᠠᠮᠢᠳᠤᠷᠠᠯ ᠨᠢ ᠲᠡᠭᠦᠨ ᠤ ᠨᠢᠳᠤ ᠶᠢ ᠨᠢ ᠨᠡᠭᠡᠭᠡᠯᠭᠡᠵᠦ᠂ ᠬᠤᠯᠠ ᠶᠢ ᠵᠤᠷᠢᠬᠤ ᠵᠡᠭᠦᠳᠤ ᠬᠦᠰᠡᠯᠡᠩ ᠢ ᠤᠷᠭᠤᠭᠤᠯᠵᠦ ᠦᠭᠭᠦᠭᠰᠡᠨ ᠭᠡᠵᠦ ᠲᠡᠷᠡ ᠦᠪᠡᠷ ᠢᠶᠠᠨ ᠦᠷᠭᠦᠯᠵᠢ ᠪᠤᠳᠤᠳᠠᠭ ᠪᠠᠶᠢᠨ᠎ᠠ᠃ 1983 ᠤᠨ ᠤ ᠵᠤᠨ ᠶᠡᠭᠡ ᠲᠡᠭᠡᠳᠤ ᠰᠤᠷᠭᠠᠭᠤᠯᠢ ᠳᠤ ᠡᠯᠰᠡᠬᠦ ᠰᠢᠯᠭᠠᠯᠲᠠ ᠳᠤ ᠦᠨᠳᠦᠷ ᠤᠨᠤᠭ᠎ᠠ ᠠᠪᠴᠤ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠬᠡᠯᠡ ᠤᠳᠬ᠎ᠠ ᠵᠤᠬᠢᠶᠠᠯ ᠤᠨ ᠰᠠᠯᠪᠤᠷᠢ ᠳᠤ ᠡᠯᠰᠡᠭᠳᠡᠵᠦ᠂ ᠤᠶᠤᠲᠠᠨ ᠤ ᠠᠮᠢᠳᠤᠷᠠᠯ ᠢᠶᠠᠨ ᠡᠬᠢᠯᠡᠭᠦᠯᠵᠠᠢ᠃ ᠬᠡᠤᠭᠡᠳ ᠪᠠᠭ᠎ᠠ ᠨᠠᠰᠤᠨ ᠠᠴᠠ ᠪᠠᠨ ᠠᠪᠠᠭ᠎ᠠ ᠯᠢᠭᠳᠡᠨ ᠤ ᠵᠤᠬᠢᠶᠠᠯ ᠪᠦᠲᠦᠭᠡᠯ ᠢ ᠰᠤᠨᠢᠷᠬᠠᠨ ᠤᠩᠰᠢᠵᠦ ᠦᠰᠦᠭᠰᠡᠨ ᠲᠡᠭᠦᠰ ᠤᠶᠤᠲᠠᠨ ᠤ ᠠᠮᠢᠳᠤᠷᠠᠯ ᠤᠨ ᠡᠬᠢᠨ ᠤ ᠵᠢᠯ ᠤᠳ ᠲᠤ᠂ ᠠᠪᠠᠭ᠎ᠠ ᠲᠠᠢ ᠪᠠᠨ ᠠᠳᠠᠯᠢ ᠵᠤᠬᠢᠶᠠᠯᠴᠢ ᠪᠤᠯᠬᠤ ᠬᠦᠰᠡᠯ ᠲᠠᠢ ᠪᠠᠶᠢᠵᠠᠢ᠃ ᠲᠡᠭᠡᠬᠦ ᠳᠤ ᠪᠠᠨ ᠮᠤᠩᠭᠤᠯ ᠬᠡᠯᠡᠨ ᠬᠠᠯᠬ᠎ᠠ᠂ ᠴᠠᠬᠠᠷ᠂ ᠬᠤᠷᠴᠢᠨ᠂ ᠪᠤᠷᠢᠶᠠᠳ᠂ ᠤᠶᠢᠷᠠᠳ ᠵᠡᠷᠭᠡ ᠤᠯᠠᠨ ᠬᠡᠯᠡ ᠠᠶᠠᠯᠭᠤᠨ ᠤ ᠢᠯᠭᠠᠭ᠎ᠠ ᠵᠦᠷᠢᠶ᠎ᠡ ᠶᠢ ᠤᠶᠢᠯᠠᠭᠠᠵᠦ ᠮᠡᠳᠡᠬᠦ ᠶᠠᠪᠤᠴᠠ ᠳᠤ ᠪᠠᠨ᠂ ᠬᠡᠯᠡ ᠰᠢᠨᠵᠢᠯᠡᠯ ᠤᠨ ᠰᠤᠳᠤᠯᠤᠯ ᠳᠤ ᠲᠤᠷ᠎ᠠ ᠪᠠᠬ᠎ᠠ ᠲᠠᠢ ᠪᠤᠯᠵᠦ᠂ ᠶᠡᠭᠡ ᠰᠤᠷᠭᠠᠭᠤᠯᠢ ᠶᠢᠨ ᠲᠦᠷᠪᠡᠨ ᠵᠢᠯ ᠤᠨ ᠦᠨᠳᠦᠰᠦᠨ ᠠᠩᠭᠢ ᠪᠠᠨ ᠲᠡᠭᠦᠰᠭᠡᠵᠦ᠂ ᠴᠢᠨᠠᠭᠰᠢ ᠪᠠᠨ ᠠᠰᠫᠢᠷᠠᠨᠲ ᠢᠶᠠᠷ ᠰᠢᠯᠭᠠᠨ ᠤᠷᠤᠵᠦ᠂ ᠤᠷᠴᠢᠨ ᠴᠠᠭ ᠤᠨ ᠮᠤᠩᠭᠤᠯ ᠬᠡᠯᠡᠨ ᠤ ᠴᠢᠭᠯᠡᠯ ᠢᠶᠠᠷ ᠭᠤᠷᠪᠠᠨ ᠵᠢᠯ ᠰᠤᠷᠤᠯᠴᠠᠵᠦ᠂ ᠮᠠᠰᠲ᠋ᠧᠷ ᠴᠤᠯᠠ ᠬᠠᠮᠠᠭᠠᠯᠠᠭᠰᠠᠨ ᠪᠠᠶᠢᠨ᠎ᠠ᠃ 1990 ᠤᠨ ᠤ ᠨᠠᠮᠤᠷ ᠲᠡᠭᠦᠰ ᠦᠪᠦᠷ ᠮᠣᠩᠭᠤᠯ ᠤᠷᠤᠨ ᠠᠴᠠ ᠪᠠᠨ ᠠᠶᠠᠷᠯᠠᠵᠦ ᠂ ᠠᠷᠠᠯ ᠤᠨ ᠤᠯᠤᠰ ᠶᠠᠫᠤᠨ ᠬᠦᠷᠦᠨ ᠢ ᠵᠤᠷᠢᠵᠦ᠂ ᠬᠤᠺᠠᠺᠠᠶᠢᠳᠤᠤ᠋ ᠶᠡᠭᠡ ᠰᠤᠷᠭᠠᠭᠤᠯᠢ ᠳᠤ ᠮᠡᠷᠭᠡᠵᠢᠯ ᠲᠡᠭᠡᠭᠰᠢᠯᠡᠭᠦᠯᠬᠦ ᠤᠶᠤᠲᠠᠨ ᠪᠤᠯᠵᠠᠢ᠃ ᠡᠨᠡ ᠬᠦ ᠶᠡᠭᠡ ᠰᠤᠷᠭᠠᠭᠤᠯᠢ ᠳᠤ ᠤᠷᠤᠭᠰᠠᠨ ᠵᠤᠷᠢᠯᠭ᠎ᠠ ᠪᠤᠯ᠂ ᠮᠤᠩᠭᠤᠯ ᠬᠡᠯᠡᠨ ᠤ ᠰᠤᠳᠤᠯᠭ᠎ᠠ  ᠪᠠᠨ ᠴᠢᠨᠠᠭᠰᠢ ᠪᠠᠨ ᠦᠷᠭᠡᠵᠢᠭᠦᠯᠬᠦ ᠶᠠᠪᠤᠳᠠᠯ ᠪᠤᠯᠤᠨ᠎ᠠ᠃       ᠬᠤᠺᠠᠺᠠᠶᠢᠳᠤᠤ᠋ ᠶᠡᠭᠡ ᠰᠤᠷᠭᠠᠭᠤᠯᠢ ᠶᠢᠨ ᠬᠡᠯᠡ ᠰᠢᠨᠵᠢᠯᠡᠯ ᠤᠨ ᠲᠠᠰᠤᠭ ᠪᠤᠯ ᠶᠠᠫᠤᠨ ᠤ ᠠᠶᠢᠨᠤ᠋ ᠬᠡᠯᠡᠨ ᠤ ᠰᠤᠳᠤᠯᠤᠯ᠂ ᠤᠷᠤᠰ ᠤᠨ ᠰᠢᠪᠧᠷᠢᠶ᠎ᠠ ᠶᠢᠨ ᠤᠯᠠᠨ ᠬᠡᠯᠡᠨ  ᠰᠤᠳᠤᠯᠤᠯ᠂ ᠴᠢᠨᠠᠭᠰᠢᠯᠠᠭᠠᠳ ᠠᠮᠧᠷᠢᠺᠠ ᠶᠢᠨ ᠤᠤᠭᠠᠯ ᠶᠠᠰᠤᠲᠠᠨ ᠪᠤᠯᠬᠤ ᠠᠶᠢᠰᠺᠢᠮᠤ᠋ ᠬᠦᠮᠦᠰ ᠤᠨ ᠬᠡᠯᠡᠨ ᠤ ᠰᠤᠳᠤᠯᠭᠠᠨ ᠤ ᠲᠠᠯ᠎ᠠ ᠪᠠᠷ ᠮᠠᠰᠢ ᠠᠯᠳᠠᠷᠲᠠᠢ ᠪᠠᠶᠢᠳᠠᠭ᠃ ᠮᠤᠩᠭᠤᠯ ᠬᠡᠯᠡᠨ ᠤ ᠰᠤᠳᠤᠯᠭᠠᠨ ᠤ ᠬᠦᠷᠢᠶᠠᠨ ᠳᠤ ᠭᠤᠷᠪᠠᠨ ᠵᠢᠯ ᠡᠷᠭᠢᠴᠡᠭᠰᠡᠨ ᠲᠡᠭᠦᠰ ᠲᠤ ᠠᠪᠴᠦ ᠬᠡᠯᠡᠪᠡᠯ᠂ ᠡᠨᠡ ᠰᠤᠳᠤᠯᠭᠠᠨ ᠤ ᠤᠷᠴᠢᠨ ᠨᠢ ᠮᠠᠰᠢ ᠭᠠᠶᠢᠬᠠᠯᠲᠠᠢ ᠰᠠᠶᠢᠬᠠᠨ ᠰᠠᠨᠠᠭᠳᠠᠵᠤ᠂ ᠦᠪᠡᠷ ᠤᠨ ᠤᠶᠤᠨ ᠤᠬᠠᠭᠠᠨ ᠢᠶᠠᠨ ᠰᠤᠷᠢᠵᠦ᠂ ᠮᠡᠳᠡᠯᠭᠡ ᠶᠢᠨ ᠬᠦᠷᠢᠶ᠎ᠡ ᠴᠠᠷᠠᠭ᠎ᠠ ᠪᠠᠨ ᠲᠡᠯᠡᠬᠦ ᠬᠤᠪᠤᠷ ᠵᠠᠪᠰᠢᠶᠠᠨ ᠪᠤᠯᠵᠠᠢ᠃ ᠨᠢᠭᠡ ᠵᠢᠯ ᠬᠠᠭᠠᠰ ᠤᠨ ᠮᠡᠳᠡᠯᠭᠡ ᠳᠡᠭᠡᠭᠰᠢᠯᠡᠭᠦᠯᠬᠦ ᠬᠤᠭᠤᠴᠠᠭᠠᠨ ᠳᠤ ᠪᠠᠨ ᠲᠡᠭᠦᠰ ᠶᠠᠫᠤᠨ ᠬᠡᠯᠡ ᠪᠠᠷ ᠪᠢᠴᠢᠭᠳᠡᠭᠰᠡᠨ ᠬᠡᠯᠡ ᠰᠢᠨᠵᠢᠯᠡᠯ ᠤᠨ ᠲᠤᠬᠠᠢ ᠦᠭᠦᠯᠡᠯ ᠵᠤᠬᠢᠶᠠᠯ ᠢ ᠤᠯᠠᠨᠲᠠ ᠤᠩᠰᠢᠵᠦ᠂ ᠲᠠᠬᠢᠨ ᠠᠰᠫᠢᠷᠠᠨᠲ ᠪᠤᠯᠬᠤ ᠪᠡᠯᠡᠳᠭᠡᠯ ᠢᠶᠠᠨ ᠬᠢᠵᠠᠢ᠃ ᠲᠡᠷᠡ ᠪᠠᠰᠠ ᠠᠩᠭ᠍ᠯᠢ ᠬᠡᠯᠡ ᠪᠠ ᠤᠷᠤᠰ ᠬᠡᠯᠡ ᠶᠢ ᠦᠪᠡᠷ ᠢᠶᠠᠨ ᠡᠬᠢᠯᠡᠨ ᠰᠤᠷᠤᠭᠰᠠᠨ ᠮᠦᠷᠲᠡᠭᠡᠨ ᠶᠠᠫᠦᠨ᠂ ᠤᠷᠤᠰ᠂ ᠠᠩᠭ᠍ᠯᠢ ᠬᠡᠯᠡ ᠪᠠᠷ ᠪᠢᠴᠢᠭᠳᠡᠭᠰᠡᠨ ᠬᠡᠯᠡ ᠰᠢᠨᠵᠢᠯᠡᠯ ᠤᠨ ᠪᠦᠲᠦᠭᠡᠯ ᠢ ᠤᠩᠰᠢᠵᠦ ᠠᠰᠢᠭᠯᠠᠵᠠᠢ᠃1992 ᠤᠨ ᠤ 4 ᠰᠠᠷ᠎ᠠ ᠳᠤ ᠲᠡᠭᠦᠰ ᠠᠰᠫᠢᠷᠠᠨᠲ ᠢᠶᠠᠷ ᠲᠠᠬᠢᠨ ᠰᠢᠯᠭᠠᠨ ᠤᠷᠤᠵᠦ᠂ ᠤᠷᠤᠰ ᠤᠨ ᠰᠢᠪᠧᠷᠢᠶ᠎ᠠ ᠤᠷᠤᠨ ᠤ ᠵᠡᠭᠦᠨ ᠬᠤᠶᠢᠲᠤ ᠵᠠᠬ᠎ᠠ ᠳᠤ ᠠᠮᠢᠳᠤᠷᠠᠳᠠᠭ ᠴᠦᠺᠡᠴᠢ ᠭᠡᠬᠦ ᠦᠨᠳᠦᠰᠦᠲᠡᠨ ᠤ ᠬᠡᠯᠡ ᠶᠢ ᠰᠤᠳᠤᠯᠬᠤ ᠪᠠᠷ ᠪᠤᠯᠵᠠᠢ᠃ ᠲᠤᠰ ᠵᠢᠯ ᠤᠨ 7 ᠰᠠᠷ᠎ᠠ ᠶᠢᠨ ᠲᠤᠮᠲᠠᠴᠢ ᠪᠠᠷ᠂ ᠲᠡᠭᠦᠰ ᠴᠦᠺᠡᠴᠢ ᠬᠡᠯᠡᠨ ᠤ ᠬᠡᠭᠡᠷ᠎ᠡ ᠶᠢᠨ ᠰᠢᠨᠵᠢᠯᠡᠭᠡᠨ ᠤ ᠠᠵᠢᠯ ᠢᠶᠠᠷ ᠤᠷᠤᠰ ᠤᠨ ᠵᠡᠭᠦᠨ ᠬᠤᠶᠢᠲᠤ ᠭᠡᠰᠡᠭ ᠢ ᠵᠤᠷᠢᠵᠦ᠂ ᠵᠤᠨ ᠤ ᠤᠯᠠᠷᠢᠯ ᠳᠤ ᠨᠠᠷᠠ ᠰᠢᠩᠭᠡᠳᠡᠭ ᠦᠭᠡᠢ ᠤᠮᠠᠷᠠᠲᠤ ᠲᠦᠢᠯ ᠤᠨ ᠤᠷᠤᠨ ᠳᠤ ᠰᠤᠳᠤᠯᠭᠠᠨ ᠤ ᠠᠵᠢᠯ ᠢᠶᠠᠨ ᠡᠬᠢᠯᠡᠬᠦᠯᠵᠠᠢ᠃ ᠴᠦᠺᠡᠴᠢ ᠬᠡᠯᠡ ᠪᠤᠯ ᠬᠡᠪ ᠰᠢᠨᠵᠢ ᠶᠢᠨ ᠬᠤᠪᠢ ᠳᠤ ᠨᠡᠶᠢᠯᠡᠮᠡᠯ ᠪᠦᠲᠦᠴᠡ ᠲᠠᠢ ᠬᠡᠯᠡᠨ ᠳᠤ ᠪᠠᠭᠲᠠᠵᠤ᠂ ᠲᠡᠭᠦᠨ ᠤ ᠤᠨᠠᠭᠠᠨ ᠬᠡᠯᠡ ᠪᠤᠯᠬᠤ ᠮᠤᠩᠭᠤᠯ ᠬᠡᠯᠡ  ᠲᠠᠢ ᠱᠠᠯ ᠦᠭᠡᠷ᠎ᠡ ᠪᠠᠶᠢᠵᠦ᠂ ᠨᠢᠭᠡ ᠦᠭᠡ ᠨᠢ ᠵᠠᠷᠢᠮ ᠳᠤ ᠪᠠᠨ ᠤᠯᠠᠨ ᠶᠠᠩᠵᠦ ᠶᠢᠨ ᠤᠭᠲᠤᠪᠤᠷᠢ ᠪᠠ ᠲᠠᠭᠠᠪᠤᠷᠢ ᠵᠠᠯᠭᠠᠨ ᠪᠦᠲᠦᠳᠡᠭ ᠪᠤᠯᠬᠤᠷ ᠪᠤᠰᠤᠳ ᠬᠡᠯᠡᠨ ᠤ ᠨᠢᠭᠡ ᠦᠭᠦᠯᠡᠪᠦᠷᠢ ᠪᠠᠷ ᠢᠯᠡᠳᠭᠡᠬᠦ ᠠᠭᠤᠯᠭ᠎ᠠ ᠶᠢ ᠴᠦᠺᠡᠴᠢ ᠬᠡᠯᠡᠨ ᠳᠤ ᠨᠢᠭᠡ ᠦᠭᠡ ᠪᠠᠷ ᠢᠯᠡᠳᠭᠡᠳᠡᠭ᠃ ᠲᠡᠭᠦᠰ ᠭᠤᠷᠪᠠᠨ ᠵᠢᠯ ᠤᠨ ᠠᠰᠫᠢᠷᠠᠨᠲ ᠤᠨ ᠬᠤᠭᠤᠴᠠᠭᠠᠨ ᠳᠤ ᠪᠠᠨ ᠭᠤᠷᠪᠠ ᠤᠳᠠᠭ᠎ᠠ ᠨᠡᠶᠢᠲᠡ 8 ᠰᠠᠷ᠎ᠠ ᠢᠯᠡᠭᠦᠦ ᠴᠦᠺᠡᠴᠢ ᠨᠠᠰᠤᠲᠠᠨ ᠲᠠᠢ ᠬᠠᠮᠲᠤ ᠠᠮᠢᠳᠤᠷᠠᠵᠦ᠂ ᠡᠨᠡ ᠬᠦ ᠪᠤᠳᠤᠯᠢᠶᠠᠨᠲᠠᠢ ᠬᠡᠯᠡᠨ ᠤ ᠠᠪᠢᠶ᠎ᠠ ᠵᠦᠢ ᠪᠠ ᠬᠡᠯᠡ ᠵᠦᠢ ᠶᠢᠨ ᠲᠤᠬᠠᠢ ᠨᠠᠷᠢᠨ ᠰᠤᠳᠤᠯᠤᠭᠰᠠᠨ ᠪᠠᠶᠢᠨ᠎ᠠ᠃1995 ᠤᠨ ᠤ 3 ᠰᠠᠷ᠎ᠠ ᠳᠤ ᠲᠡᠭᠦᠰ ᠴᠦᠺᠡᠴᠢ ᠬᠡᠯᠡᠨ ᠤ ᠦᠭᠦᠯᠡᠯ ᠢᠶᠠᠷ ᠢᠶᠠᠨ ᠮᠠᠰᠲ᠋ᠧᠷ ᠴᠤᠯᠠ ᠬᠠᠮᠠᠭᠠᠯᠠᠵᠦ᠂ ᠲᠤᠰ ᠵᠢᠯ ᠤᠨ 4 ᠰᠠᠷ᠎ᠠ ᠠᠴᠠ ᠶᠠᠫᠤᠨ ᠤ ᠺᠢᠤᠲ᠋ᠤ᠋ ᠶᠡᠭᠡ ᠰᠤᠷᠭᠠᠭᠤᠯᠢ ᠳᠤ ᠬᠡᠯᠡ ᠰᠢᠨᠵᠢᠯᠡᠯ ᠤᠨ ᠮᠡᠷᠭᠡᠵᠢᠯ ᠢᠶᠠᠷ ᠳ᠋ᠤᠺᠲ᠋ᠤᠷᠠᠨᠲ ᠪᠤᠯᠵᠦ᠂ ᠰᠤᠷᠤᠯᠴᠠᠯᠭ᠎ᠠ ᠪᠠᠨ ᠦᠷᠭᠦᠯᠵᠢᠯᠡᠬᠦᠯᠵᠠᠢ᠃  ᠲᠡᠭᠦᠨ ᠤ ᠳ᠋ᠤᠺᠲ᠋ᠤᠷᠠᠨᠲ ᠶᠢᠨ ᠰᠤᠷᠤᠯᠭ᠎ᠠ ᠶᠢᠨ ᠬᠤᠭᠤᠴᠠᠭᠠᠨ ᠳᠤ ᠪᠢᠴᠢᠭᠰᠡᠨ ᠠᠩᠭ᠍ᠯᠢ ᠬᠡᠯᠡᠨ ᠤ ᠦᠭᠦᠯᠡᠯ ︽ᠴᠦᠺᠡᠴᠢ ᠬᠡᠯᠡᠨ ᠤ ᠨᠡᠷ᠎ᠡ ᠦᠭᠡ ᠶᠢ ᠦᠢᠯᠡ ᠦᠭᠡᠨ ᠳᠤ ᠬᠤᠷᠰᠢᠨ ᠨᠡᠶᠢᠯᠡᠬᠦᠯᠬᠦ ᠠᠷᠭ᠎ᠠ ᠶᠢᠨ ᠲᠤᠬᠠᠢ︾ ᠭᠡᠬᠦ ᠦᠬᠦᠯᠡᠯ ᠢ ᠶᠠᠫᠤᠨ ᠤ ᠬᠡᠯᠡ ᠰᠢᠨᠵᠢᠯᠡᠯ ᠤᠨ ᠠᠯᠲᠠᠷᠲᠤ ᠡᠷᠲᠡᠮᠲᠡᠨ ᠺᠡᠤᠤᠨᠤ᠋ ᠷᠤᠺᠦ᠋ᠷᠦᠦ ᠫᠷᠤᠹᠧᠰᠰᠤᠷ ᠠᠴᠠ ︽ᠴᠦᠺᠡᠴᠢ ᠬᠡᠯᠡᠨ ᠤ ᠤᠨᠴᠠᠯᠢᠭ ᠢ ᠲᠤᠳᠤᠷᠬᠠᠢ ᠬᠠᠷᠠᠭᠤᠯᠵᠦ ᠴᠢᠳᠠᠭᠰᠠᠨ ᠢᠶᠠᠷ ᠪᠠᠷᠠᠬᠤ ᠦᠭᠡᠢ᠂ ᠲᠤᠰ ᠬᠡᠯᠡᠨ ᠤ ᠰᠤᠳᠤᠯᠭᠠᠨ ᠤ ᠲᠠᠯ᠎ᠠ ᠪᠠᠷ ᠤᠷᠤᠰ ᠤᠨ ᠡᠷᠲᠡᠮᠲᠡᠳ ᠤᠨ ᠰᠤᠳᠤᠯᠭᠠᠨ ᠳᠤ ᠬᠠᠷᠠᠭᠳᠠᠭ᠎ᠠ ᠦᠭᠡᠢ ᠵᠦᠢ ᠢ ᠢᠯᠡᠷᠡᠭᠦᠯᠦᠭᠰᠡᠨ ᠪᠠᠶᠢᠨ᠎ᠠ︾ ᠭᠡᠵᠦ ᠦᠨᠳᠦᠷ ᠢᠶᠠᠷ ᠦᠨᠡᠯᠡᠭᠰᠡᠨ ᠪᠠᠶᠢᠨ᠎ᠠ᠃1998 ᠤᠨ ᠤ ᠬᠠᠪᠤᠷ ᠲᠡᠭᠦᠰ ᠳ᠋ᠤᠺᠲ᠋ᠤᠷᠠᠨᠲ ᠤᠨ ᠺᠦᠷᠰ ᠢᠶᠠᠨ ᠲᠡᠭᠦᠰᠭᠡᠬᠦ ᠦᠶ᠎ᠡ ᠳᠤ  ᠪᠠᠨ ᠲᠤᠤᠺᠢᠤ᠋ ᠶᠢᠨ ᠭᠠᠲᠠᠭᠠᠲᠤ ᠬᠡᠯᠡᠨ ᠤ ᠶᠡᠭᠡ ᠰᠤᠷᠭᠠᠭᠤᠯᠢ ᠶᠢᠨ ᠠᠽᠢᠶ᠎ᠠ ᠠᠹᠷᠢᠺᠠ ᠶᠢᠨ ᠬᠡᠯᠡ ᠰᠤᠶᠤᠯ ᠰᠤᠳᠤᠯᠬᠤ ᠬᠦᠷᠢᠶᠡᠯᠡᠩ ᠤᠨ ᠪᠠᠭᠰᠢ ᠪᠠᠷ ᠠᠵᠢᠯᠯᠠᠭᠰᠠᠨ ᠪᠠᠶᠢᠨ᠎ᠠ᠃ ᠶᠠᠫᠤᠨ ᠤᠯᠤᠰ ᠲᠤ ᠬᠦᠷᠦᠭᠰᠡᠨ ᠤ ᠲᠠᠷᠠᠭ᠎ᠠ ᠲᠤᠯᠤᠭᠠᠨ ᠵᠢᠯ ᠬᠠᠭᠠᠰ ᠤᠨ ᠬᠤᠭᠤᠴᠠᠭᠠᠨ ᠳᠤ ᠲᠡᠭᠦᠰ ᠶᠠᠫᠤᠨ ᠬᠡᠯᠡᠨ ᠠᠴᠠ ᠭᠠᠳᠠᠨ᠎ᠠ ᠤᠷᠤᠰ᠂ ᠠᠩᠭ᠍ᠯᠢ ᠬᠡᠯᠡ ᠶᠢ ᠰᠠᠶᠢᠨ ᠰᠤᠷᠴᠤ ᠡᠵᠡᠮᠰᠢᠭᠰᠡᠨ ᠢᠶᠠᠷ ᠪᠠᠷᠠᠬᠤ ᠦᠭᠡᠢ ᠤᠷᠤᠰ ᠤᠨ ᠨᠢᠭᠡ ᠵᠢᠵᠢᠭ ᠦᠨᠳᠦᠰᠦᠲᠡᠨ ᠤ ᠬᠡᠯᠡ ᠶᠢ ᠰᠤᠳᠤᠯᠵᠦ᠂ ᠤᠯᠤᠭᠰᠠᠨ ᠦᠷ᠎ᠡ ᠪᠦᠲᠦᠭᠡᠯ ᠢᠶᠠᠷ ᠢᠶᠠᠨ ᠡᠷᠲᠡᠮᠲᠡᠳ ᠲᠤ ᠲᠠᠨᠢᠭᠳᠠᠵᠤ᠂ ᠤᠯᠤᠰ ᠤᠨ ᠶᠡᠭᠡ ᠰᠤᠷᠭᠠᠭᠤᠯᠢ ᠳᠤ ᠪᠠᠭᠰᠢ ᠪᠤᠯᠤᠭᠰᠠᠨ ᠭᠡᠳᠡᠭ ᠪᠤᠯ ᠲᠡᠶᠢᠮᠤ ᠬᠢᠯᠪᠠᠷᠬᠠᠨ ᠶᠠᠪᠤᠳᠠᠯ ᠪᠢᠰᠢ ᠶᠤᠮ᠃ ᠡᠨᠡ ᠬᠦ ᠰᠤᠳᠤᠯᠭᠠᠨ ᠤ ᠬᠦᠷᠢᠶᠡᠯᠡᠩ ᠳᠤ ᠭᠤᠷᠪᠠᠨ ᠵᠢᠯ ᠠᠵᠢᠯᠯᠠᠭᠰᠠᠨ ᠤ ᠲᠠᠷᠠᠭ᠎ᠠ᠂ 2001 ᠤᠨ ᠤ 3 ᠰᠠᠷ᠎ᠠ ᠳᠤ ᠬᠡᠯᠡ ᠰᠢᠨᠵᠢᠯᠡᠯ ᠤᠨ ᠤᠬᠠᠭᠠᠨ ᠤ ᠳ᠋ᠤᠺᠲ᠋ᠤᠷ ᠴᠤᠯᠠ ᠬᠠᠮᠠᠭᠠᠯᠠᠵᠦ᠂ 2001 ᠤᠨ ᠤ ᠵᠤᠨ ᠠᠮᠧᠷᠢᠺᠠ ᠤᠯᠤᠰ ᠤᠨ ᠠᠯᠠᠰᠺᠠ ᠶᠡᠭᠡ ᠰᠤᠷᠭᠠᠭᠤᠯᠢ ᠶᠢᠨ ᠬᠠᠷᠢᠶᠠᠲᠤ ︽ᠠᠯᠠᠰᠺᠠ ᠶᠢᠨ ᠤᠤᠭᠠᠯ ᠦᠨᠳᠦᠰᠦᠲᠡᠨ ᠤ ᠬᠡᠯᠡ ᠰᠤᠳᠤᠯᠦᠯ ᠤᠨ ᠲᠦᠪ︾ ᠲᠤ ᠬᠦᠷᠴᠦ᠂ ᠵᠤᠴᠢᠨ ᠰᠤᠳᠤᠯᠤᠭᠠᠴᠢ  ᠪᠠᠷ 9 ᠰᠠᠷ᠎ᠠ ᠤᠷᠴᠢᠮ ᠠᠵᠢᠯᠯᠠᠵᠤ᠂ ᠲᠤᠰ ᠰᠤᠳᠤᠯᠬᠤ ᠲᠦᠪ ᠠᠴᠠ ᠨᠠᠶᠢᠷᠠᠭᠤᠯᠵᠦ ᠪᠠᠶᠢᠭᠰᠠᠨ ︽ᠰᠢᠪᠧᠷᠢᠶ᠎ᠠ ᠶᠢᠨ ᠠᠶᠢᠰᠺᠢᠮᠤ᠋ ᠬᠡᠯᠡᠨ ᠤ ᠲᠤᠯᠠᠢ ᠪᠢᠴᠢᠭ︾ ᠲᠤᠩ ᠬᠠᠮᠦᠷᠦᠭ᠌ᠳᠠᠭᠰᠠᠨ ᠴᠦᠺᠡᠴᠢ ᠬᠡᠯᠡᠨ ᠠᠴᠠ ᠭᠠᠷᠦᠯ ᠲᠠᠢ ᠦᠭᠡᠰ ᠢ ᠵᠠᠳᠠᠯᠦᠨ ᠲᠠᠶᠢᠯᠪᠤᠷᠢᠯᠠᠬᠤ ᠠᠵᠢᠯ ᠳᠤ ᠨᠢ ᠲᠤᠰᠠᠯᠠᠵᠦ ᠦᠭᠭᠦᠭᠰᠡᠨ ᠪᠠᠶᠢᠳᠠᠭ᠃ ᠲᠡᠭᠡᠭᠡᠳ ᠪᠠᠰᠠ ᠲᠤᠰ ᠰᠤᠳᠤᠯᠬᠤ ᠬᠦᠷᠢᠶᠡᠯᠡᠩ ᠠᠴᠠ ᠤᠤᠭᠠᠯ ᠶᠠᠰᠤᠲᠠᠨ ᠦᠨᠳᠦᠰᠦᠲᠡᠨ ᠤ ᠬᠡᠯᠡ ᠶᠢ ᠰᠣᠳᠤᠯᠬᠤ ᠪᠠ ᠵᠢᠭᠠᠬᠤ ᠠᠷᠭ᠎ᠠ ᠵᠦᠢ᠂ ᠴᠢᠨᠠᠭᠰᠢᠯᠠᠭᠠᠳ ᠤᠰᠠᠳᠴᠤ ᠰᠦᠢᠳᠬᠦ ᠭᠡᠵᠦ ᠪᠠᠶᠢᠭ᠎ᠠ ᠬᠡᠯᠡ ᠶᠢ ᠶᠠᠭᠠᠬᠢᠵᠦ ᠰᠡᠷᠭᠦᠭᠡᠵᠦ ᠠᠪᠤᠷᠠᠬᠤ ᠲᠤᠬᠠᠢ ᠠᠷᠭ᠎ᠠ ᠲᠤᠷᠰᠢᠯᠭ᠎ᠠ ᠶᠢ ᠰᠤᠷᠴᠤ ᠠᠪᠬᠤ ᠪᠠᠷ ᠬᠢᠴᠢᠶᠡᠨ ᠠᠵᠢᠯᠯᠠᠪᠠ᠃
 
ᠢᠷᠡᠯᠲᠡ᠄ ︽ᠳ᠋ᠣᠺᠲ᠋ᠣᠷ ᠤᠨ ᠥᠯᠦᠭᠡᠢ ᠬᠦᠪᠡᠭᠡᠲᠦ ᠰᠢᠷ᠎ᠠ︾ ᠠᠴᠠ ᠰᠡᠶᠢᠷᠡᠬᠦᠯᠪᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号