ᠬᠥᠪᠡᠭᠡᠳᠤ ᠰᠢᠷ᠎ᠠ ᠬᠤᠰᠢᠭᠤ ᠮᠢᠬᠠᠨ ᠤ ᠬᠤᠨᠢᠨ ᠳᠤ ᠬᠥᠪᠤᠷᠠᠯ ᠰᠢᠯᠵᠢᠬᠦᠯᠬᠦ ᠠᠵᠢᠯ ᠢ ᠬᠢᠪᠡ
ᠨᠡᠶᠢᠲᠡᠯᠡᠭᠰᠡᠨ ᠴᠠᠭ᠄
2020/11/25
     ᠴᠡᠪᠡᠷ ᠡᠬᠦᠯᠳᠡᠷ ᠤᠨ ᠮᠢᠬᠠᠨ ᠤ ᠬᠤᠨᠢ ᠶᠢ ᠨᠠᠮᠡᠭᠳᠡᠬᠦᠯᠵᠤ᠂ ᠬᠥᠪᠡᠭᠡᠳᠤ ᠰᠢᠷ᠎ᠠ ᠬᠤᠰᠢᠭᠤᠨ ᠤ ᠮᠢᠬᠠᠨ ᠤ ᠬᠤᠨᠢᠨ ᠤ ᠥᠷᠡᠵᠢᠯ ᠤᠨ ᠰᠢᠰᠲ᠋ᠧᠮ ᠤᠨ ᠪᠠᠶᠢᠭᠤᠯᠤᠯᠳᠠ ᠶᠢ ᠠᠬᠢᠭᠤᠯᠬᠤ ᠶᠢᠨ ᠳᠤᠰᠠᠳᠠ ᠬᠥᠪᠡᠭᠡᠳᠤ ᠰᠢᠷ᠎ᠠ ᠬᠤᠰᠢᠭᠤᠨ ᠤ ᠡᠬᠦᠯᠳᠡᠷ ᠤᠨ ᠬᠤᠨᠢᠨ ᠤ ᠳᠠᠯᠠᠪᠠᠢ 2019 ᠤᠨ ᠳᠤ ᠠᠦ᠋ᠰᠲᠷᠠᠯᠢᠶ᠎ᠠ ᠠᠴᠠ ᠨᠢᠭᠡ ᠪᠥᠯᠥᠭ ᠴᠡᠪᠡᠷ ᠡᠬᠦᠯᠳᠡᠷ ᠤᠨ ᠭᠧᠷᠮᠠᠨ ᠤ ᠮᠧᠷᠨᠥ᠋ᠰ ᠬᠤᠨᠢ ᠤᠷᠤᠭᠤᠯᠵᠤ᠂ ᠤᠳᠤ ᠪᠤᠯᠬᠤ ᠳᠤ ᠲᠤᠰ ᠲᠠᠯᠠᠪᠠᠢ ᠳᠤ ᠪᠠᠨ 125 ᠴᠡᠪᠡᠷ ᠡᠬᠦᠯᠳᠡᠷ ᠤᠨ ᠭᠧᠷᠮᠠᠨ ᠤ ᠮᠧᠷᠨᠥ᠋ᠰ ᠬᠤᠴᠠ᠂ 60 ᠡᠮ᠎ᠠ ᠬᠤᠨᠢ ᠲᠠᠢ ᠪᠤᠯᠵᠠᠢ᠃     10 ᠰᠠᠷ᠎ᠠ ᠶᠢᠨ 19 ᠤ ᠡᠳᠤᠷ ᠠᠴᠠ 11 ᠰᠠᠷ᠎ᠠ ᠶᠢᠨ 9 ᠤ ᠡᠳᠤᠷ ᠪᠤᠯᠳᠠᠯ᠎ᠠ᠂ ᠠᠶᠢᠮᠠᠭ ᠪᠠ ᠬᠤᠰᠢᠭᠤ ᠬᠤᠶᠠᠷ ᠱᠠᠳᠤᠨ ᠤ ᠮᠠᠯ ᠠᠵᠤ ᠠᠬᠤᠢ ᠶᠢᠨ ᠠᠵᠢᠯᠯᠠᠬᠤ ᠥᠷᠳᠡᠭᠡ ᠶᠢᠨ ᠮᠡᠷᠭᠡᠵᠢᠯᠳᠡᠨ ᠠᠴᠠ ᠬᠥᠪᠡᠭᠡᠳᠤ ᠰᠢᠷ᠎ᠠ ᠬᠤᠰᠢᠭᠤᠨ ᠤ ᠡᠬᠦᠯᠳᠡᠷ ᠤᠨ ᠬᠤᠨᠢᠨ ᠤ ᠳᠠᠯᠠᠪᠠᠢ ᠳᠤ ᠮᠢᠬᠠᠨ ᠤ ᠬᠤᠨᠢᠨ ᠳᠤ ᠬᠥᠪᠤᠷᠠᠯ ᠰᠢᠯᠵᠢᠬᠦᠯᠬᠦ ᠠᠵᠢᠯ ᠢ ᠬᠢᠭᠰᠡᠨ ᠪᠠᠶᠢᠨ᠎ᠠ᠃ ᠳᠤᠰ ᠤᠳᠠᠭᠠᠨ ᠤ ᠬᠥᠪᠤᠷᠠᠯ ᠰᠢᠯᠵᠢᠬᠦᠯᠬᠦ ᠠᠵᠢᠯ ᠨᠢ 38 ᠴᠡᠪᠡᠷ ᠡᠬᠦᠯᠳᠡᠷ ᠤᠨ ᠭᠧᠷᠮᠠᠨ ᠤ ᠮᠧᠷᠨᠥ᠋ᠰ ᠡᠮ᠎ᠠ ᠬᠤᠨᠢ ᠶᠢ ᠬᠠᠩᠭᠠᠭᠴᠢ ᠪᠠᠶ᠎ᠠ ᠪᠤᠯᠭᠠᠵᠤ᠂ ᠳᠤᠰ ᠭᠠᠵᠠᠷ ᠤᠷᠤᠨ ᠠᠴᠠ 300 ᠨᠤᠳᠤᠭ ᠤᠨ ᠬᠤᠨᠢ ᠶᠢ ᠬᠤᠳᠠᠯᠳᠤᠨ ᠠᠪᠴᠢᠷᠠᠵᠤ᠂ ᠠᠳᠠᠯᠢ ᠬᠤᠭᠤᠴᠠᠭᠠᠨ ᠳᠤ ᠤᠷᠤᠭ᠎ᠠ ᠤᠷᠤᠭᠤᠯᠵᠤ᠂ ᠬᠥᠪᠤᠷᠠᠯ ᠢ ᠭᠠᠷᠭᠠᠬᠤ᠂ ᠬᠥᠪᠤᠷᠠᠯ ᠢ ᠪᠠᠶᠢᠴᠠᠭᠠᠬᠤ ᠵᠡᠷᠭᠡ ᠠᠯᠬᠤᠮ ᠳᠠᠷᠠᠭ᠎ᠠ ᠪᠠᠷ 486 ᠬᠥᠪᠤᠷᠠᠯ ᠢ ᠭᠠᠷᠭᠠᠵᠦ᠂ 384 ᠬᠦᠪᠤᠷᠡᠯ ᠢ ᠰᠢᠯᠵᠢᠬᠦᠯᠵᠤ᠂ ᠬᠥᠪᠤᠷᠠᠯ ᠬᠠᠩᠭᠠᠭᠴᠢ ᠬᠤᠨᠢ ᠳᠡᠭᠰᠢᠳᠭᠡᠭᠡᠳ ᠬᠤᠨᠢ ᠪᠥᠷᠢ 12.8 ᠬᠥᠪᠤᠷᠠᠯ ᠬᠠᠩᠭᠠᠵᠤ᠂ ᠡᠬᠦᠨ ᠳᠤ ᠭᠡᠷᠡᠭᠯᠡᠵᠤ ᠪᠤᠯᠬᠤ ᠬᠥᠪᠤᠷᠠᠯ ᠨᠢ 10.1 ᠳᠤ ᠬᠥᠷᠴᠡᠢ᠃ 267 ᠬᠤᠨᠢᠨ ᠳᠤ ᠬᠥᠪᠤᠷᠠᠯ ᠰᠢᠯᠵᠢᠬᠦᠯᠵᠤ᠂ ᠡᠬᠦᠨ ᠳᠤ 145 ᠬᠤᠨᠢᠨ ᠳᠤ ᠨᠢᠭᠡ ᠬᠥᠪᠤᠷᠠᠯ ᠢ ᠪᠤᠶᠢᠵᠢᠭᠤᠯᠵᠤ᠂ 118 ᠬᠤᠨᠢᠨ ᠳᠤ ᠬᠤᠶᠠᠷ ᠬᠥᠪᠤᠷᠠᠯ ᠢ ᠪᠤᠶᠢᠵᠢᠭᠤᠯᠵᠤ᠂ 6 ᠬᠤᠨᠢᠨ ᠳᠤ 3 ᠬᠥᠪᠤᠷᠠᠯ ᠢ ᠪᠤᠶᠢᠵᠢᠭᠤᠯᠤᠭᠰᠠᠨ ᠪᠠᠶᠢᠨ᠎ᠠ᠃     ᠳᠤᠰ ᠤᠳᠠᠭᠠᠨ ᠤ ᠮᠢᠬᠠᠨ ᠤ ᠬᠤᠨᠢᠨ ᠳᠤ ᠬᠥᠪᠤᠷᠠᠯ ᠰᠢᠯᠵᠢᠬᠦᠯᠬᠦ ᠠᠵᠢᠯ ᠨᠢ ᠴᠠᠬᠠᠷ ᠬᠤᠨᠢᠨ ᠤ ᠡᠬᠦᠯᠳᠡᠷ ᠤᠨ ᠳᠠᠯᠠᠪᠠᠢ ᠶᠢᠨ ᠥᠷ᠎ᠠ ᠬᠠᠩᠭᠠᠬᠤ ᠴᠢᠳᠠᠪᠤᠷᠢ ᠶᠢ ᠳᠡᠭᠡᠭᠰᠢᠯᠡᠬᠦᠯᠵᠤ᠂ ᠴᠠᠬᠠᠷ ᠬᠤᠨᠢᠨ ᠤ ᠥᠷᠡᠵᠢᠯᠳᠡ ᠳᠤ ᠴᠢᠬᠤᠯᠠ ᠥᠢᠯᠡᠳᠤᠯ ᠥᠵᠡᠬᠦᠯᠬᠦ ᠪᠤᠯᠤᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号