ᠬᠤᠰᠢᠭᠤ ᠬᠠᠮ ᠵᠠᠭᠤᠴᠢᠯᠠᠭᠤᠷ ᠤᠨ ᠲᠦᠪ ᠨᠢ ᠰᠤᠷᠪᠤᠯᠵᠢᠯᠠᠭᠴᠢᠳ ᠤᠨ ᠪᠠᠶᠠᠷ ᠢᠶᠠᠨ ᠤᠳᠬ᠎ᠠ ᠠᠭᠤᠯᠭ᠎ᠠ ᠎ ᠲᠠᠢ ᠲᠡᠮᠳᠡᠭᠯᠡᠪᠡ
ᠨᠡᠶᠢᠲᠡᠯᠡᠭᠰᠡᠨ ᠴᠠᠭ᠄
2020/11/9
     ᠬᠤᠰᠢᠭᠤᠨ ᠤ ᠬᠠᠮ ᠵᠠᠭᠤᠴᠢᠯᠠᠭᠤᠷ ᠤᠨ ᠲᠦᠪ ᠨᠢ 21 ᠳ᠋ᠣᠭᠡᠷ ᠤᠳᠠᠭᠠᠨ ᠤ ᠰᠤᠷᠪᠤᠯᠵᠢᠯᠠᠭᠴᠢᠳ ᠤᠨ ᠪᠠᠶᠠᠷ ᠤᠨ ᠡᠳᠦᠷ ᠢ ᠲᠤᠬᠢᠶᠠᠯᠳᠤᠭᠤᠯᠤᠨ᠂ ᠭᠡᠷ ᠤᠨ ᠠᠮᠢᠳᠣᠷᠠᠯ ᠢ ᠭᠦᠴᠢᠷᠳᠡᠢ ᠰᠣᠷᠣᠬᠴᠢ ᠶᠢ ᠲᠣᠰᠯᠠᠨ ᠳᠡᠮᠵᠢᠭᠦ᠂ ᠶᠠᠳᠠᠭᠤ ᠭᠦᠴᠢᠷᠳᠡᠢ ᠭᠦᠮᠦᠰ ᠢ ᠲᠣᠰᠠᠯᠠᠬᠤ ᠵᠡᠷᠭᠡ ᠠᠵᠢᠯᠯᠠᠭ᠎ᠠ ᠦᠷᠨᠢᠭᠦᠯᠵᠦ᠂ ᠰᠤᠷᠪᠤᠯᠵᠢᠯᠠᠭᠴᠢᠳ ᠤᠨ ᠪᠠᠶᠠᠷ ᠢᠶᠠᠨ ᠣᠳᠬ᠎ᠠ ᠠᠭᠤᠯᠭ᠎ᠠ ᠲᠠᠢ ᠲᠣᠷᠰᠬᠠᠨ ᠳᠡᠮᠳᠡᠭᠯᠡᠵᠡᠢ᠃      11 ᠰᠠᠷ᠎ᠠ ᠶᠢᠨ 5᠎ ᠤ ᠡᠳᠦᠷ᠂ ᠬᠤᠰᠢᠭᠤᠨ ᠤ ᠬᠠᠮ ᠵᠠᠭᠤᠴᠢᠯᠠᠭᠤᠷ ᠤᠨ ᠲᠦᠪ ᠤᠨ ᠬᠢᠨ᠂ ᠬᠤᠰᠢᠭᠤᠨ ᠤ ᠎ ᠪᠠᠨ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ ᠶᠢᠨ ᠭᠡᠷ ᠤᠨ ᠠᠮᠢᠳᠤᠷᠠᠯ ᠨᠢ ᠬᠦᠴᠢᠷᠳᠡᠯᠳᠠᠢ 4 ᠰᠤᠷᠤᠭᠴᠢ ᠶᠢ ᠲᠣᠰᠠᠯᠠᠨ ᠳᠡᠮᠵᠢᠭᠦ ᠠᠵᠢᠯᠯᠠᠭ᠎ᠠ ᠦᠷᠨᠢᠭᠦᠯᠵᠦ᠂ ᠠᠵᠢᠯᠳᠠᠳ ᠤᠨ ᠢᠶᠠᠨ ᠰᠠᠶᠢᠨ ᠲᠤᠷ᠎ᠠ ᠠᠴᠠ ᠬᠠᠨᠳᠢᠪᠯᠠᠭᠰᠠᠨ 2000 ᠲᠦᠭᠦᠷᠢᠭ ᠢ ᠭᠡᠷ ᠤᠨ ᠠᠮᠢᠳᠣᠷᠠᠯ ᠨᠢ ᠭᠦᠴᠢᠷᠳᠡᠯᠳᠡᠢ ᠭᠡᠭᠡᠭᠡᠨ᠂ ᠰᠤᠳᠤᠨ᠂ ᠮᠦᠢᠯ᠂ ᠬᠤᠷ᠎ᠠ ᠵᠡᠷᠭᠡ ᠲᠦᠷᠪᠡᠨ ᠰᠤᠷᠤᠭᠴᠢ ᠳᠤ ᠬᠠᠨᠳᠢᠪᠯᠠᠵᠦ᠂ ᠳᠡᠳᠡᠨ ᠤ ᠰᠤᠷᠤᠯᠭ᠎ᠠ ᠬᠢᠴᠢᠶᠡᠯ ᠳᠤ ᠪᠠᠨ ᠦᠷᠭᠦᠯᠵᠢᠯᠡᠨ ᠴᠢᠷᠮᠠᠶᠢᠬᠤ ᠶᠢ ᠵᠣᠷᠢᠬᠵᠢᠭᠤᠯᠵᠠᠢ᠃        ᠮᠠᠨ ᠤ ᠬᠤᠰᠢᠭᠤᠨ ᠤ ᠪᠢᠶᠤᠤ ᠪᠠᠩ ᠦᠰᠦ ᠵᠠᠰᠠᠬᠤ ᠭᠠᠵᠠᠷ ᠨᠢ ᠬᠠᠮ ᠵᠠᠭᠤᠴᠢᠯᠠᠭᠤᠷ ᠤᠨ ᠲᠦᠪ ᠤᠨ ᠡᠨᠡᠬᠦ ᠰᠠᠶᠢᠬᠠᠨ ᠠᠵᠢᠯᠯᠠᠭ᠎ᠠ ᠶᠢ ᠢᠪᠡᠭᠡᠨ ᠲᠡᠳᠬᠦᠵᠤ᠂ ᠮᠦᠨ ᠡᠳᠡᠭᠡᠷ ᠲᠦᠷᠪᠡᠨ ᠰᠤᠷᠤᠭᠴᠢ ᠳᠤ ᠦᠪᠦᠷ ᠮᠤᠩᠭᠤᠯ ᠎ ᠤᠨ ︽ᠠᠨᠤ︾ ᠰᠤᠶᠤᠯ ᠰᠢᠨᠵᠢᠯᠡᠭᠡ ᠮᠡᠷᠭᠡᠵᠢᠯ ᠤᠨ ᠺᠤᠮᠫᠠᠨᠢ ᠶᠢᠨ ᠦᠢᠯᠡᠳᠪᠦᠷᠢᠯᠡᠭᠰᠡᠨ ᠠᠷᠪᠠᠨ ᠶᠡᠭᠡ ᠠᠩᠭᠢᠯᠠᠯ ᠎ ᠲᠠᠢ᠂ ᠬᠤᠷᠢ ᠭᠠᠷᠦᠢ ᠲᠦᠷᠦᠯ ᠵᠦᠢᠯ ᠤᠨ ᠲᠤᠯᠤᠭᠠᠨ ᠵᠠᠭᠤ ᠭᠠᠷᠦᠢ ᠠᠭᠤᠯᠭ᠎ᠠ ᠲᠠᠢ ᠠᠨᠤ ᠲᠧᠯᠸᠢᠰ ᠬᠠᠶᠢᠷᠴᠠᠭ ᠢ ᠬᠡᠤᠬᠡᠳ ᠪᠦᠷᠢ ᠳᠤ ᠪᠡᠯᠡᠭᠯᠡᠵᠤ᠂ ᠡᠬᠡ ᠬᠡᠯᠡ ᠪᠠᠨ ᠬᠠᠶᠢᠷᠠᠯᠠᠵᠤ ᠤᠯᠠᠮ ᠰᠠᠶᠢᠨ ᠰᠤᠷᠬᠤ ᠶᠢ ᠭᠦᠰᠡᠵᠡᠢ᠃      ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ ᠤᠨ ᠲᠦᠪ ᠨᠢ ᠪᠠᠰᠠ 21ᠳ᠋ᠣᠭᠡᠷ ᠤᠳᠠᠭᠠᠨ ᠤ ᠰᠤᠷᠪᠤᠯᠵᠢᠯᠠᠭᠴᠢᠳ ᠤᠨ ᠪᠠᠶᠠᠷ ᠤᠨ ᠡᠳᠦᠷ ᠢᠶᠠᠨ ᠲᠤᠬᠢᠶᠠᠯᠳᠤᠭᠤᠯᠤᠨ᠂ ᠳᠠᠭᠠᠭᠠᠴᠢᠯᠠᠨ ᠲᠡᠳᠬᠦᠵᠤ ᠪᠠᠶᠢᠭ᠎ᠠ ᠪᠠᠶᠠᠨᠳᠠᠯ᠎ᠠ ᠪᠠᠯᠭᠠᠰᠣᠨ ᠤ ᠤᠪᠤᠭᠠᠨ ᠭᠤᠤᠯ ᠭᠠᠴᠠᠭᠠᠨ ᠤ ᠤᠯᠤᠰ ᠤᠨ ᠲᠡᠰ ᠤᠨ ᠶᠠᠳᠠᠭᠤ ᠡᠷᠦᠬᠡ ᠰᠡᠴᠡᠨᠴᠢᠮᠡᠭ ᠎ ᠤᠨ ᠰᠢᠨ᠎ᠡ ᠤᠷᠤᠨ ᠰᠠᠭᠤᠴᠠᠨ ᠳᠤ ᠪᠠᠨ ᠲᠦᠭᠡᠭᠡᠯ ᠤᠰᠤ ᠨᠡᠪᠳᠡᠷᠡᠭᠦᠯᠭᠦ ᠳᠤ ᠭᠦᠴᠢᠷᠳᠡᠵᠦ ᠪᠠᠶᠢᠭ᠎ᠠ ᠠᠰᠠᠭᠤᠳᠠᠯ ᠢ ᠰᠢᠢᠳᠪᠦᠷᠢᠯᠡᠨ ᠦᠭᠴᠡᠢ᠃        
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠷᠠᠳᠢᠤ᠋ ᠲᠧᠯᠸᠢᠰ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号