ᠬᠠᠶᠢᠷ᠎ᠠ ᠶᠢᠨ ᠬᠠᠯᠠᠭᠤᠨ ᠭᠠᠷ ᠢᠶᠠᠨ ᠰᠤᠩᠭᠠᠨ ᠬᠢᠵᠢᠭ ᠢ ᠬᠠᠮᠳᠤᠪᠠᠷ ᠡᠰᠡᠷᠭᠦᠴᠡᠶ᠎ᠡ
ᠨᠡᠶᠢᠲᠡᠯᠡᠭᠰᠡᠨ ᠴᠠᠭ᠄
2020-02-11
       ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠤᠷᠢᠯᠠᠭᠰᠠᠨ ᠠᠭᠤᠰᠬᠢᠨ ᠤ ᠦᠷᠪᠢᠰᠦᠯ ᠲᠡᠯᠭᠡᠷᠡᠭᠰᠡᠨ ᠠᠴᠠ ᠨᠠᠭᠠᠰᠢ ᠬᠦᠪᠡᠭᠡᠲᠦ ᠰᠢᠷ᠎ᠠ ᠬᠤᠰᠢᠭᠤᠨ ᠤ ᠦᠷᠭᠡᠨ ᠤᠯᠠᠨ ᠲᠦᠮᠡᠨ ᠰᠡᠳᠬᠢᠯ ᠨᠢᠭᠡᠳᠦᠨ᠂ ᠬᠦᠮᠦᠨ ᠪᠦᠬᠦᠨ ᠠᠮᠢ ᠨᠠᠰᠤᠨ ᠤ ᠠᠮᠤᠷ ᠲᠦᠪᠰᠢᠨ ᠳᠤ ᠲᠡᠭᠡᠲᠦ ᠬᠡᠮᠵᠢᠶᠡᠨ ᠤ ᠬᠠᠷᠢᠭᠤᠴᠠᠯᠭᠠᠲᠦ ᠤᠪᠤᠷ ᠢᠶᠠᠷ ᠬᠠᠨᠳᠤᠨ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠳᠤ ᠦᠪᠡᠷ ᠤᠨ ᠬᠤᠪᠢ ᠨᠡᠮᠡᠷᠢ ᠪᠠᠨ ᠦᠵᠡᠬᠦᠯᠵᠦ ᠪᠠᠶᠢᠨ᠎ᠠ᠃ ᠡᠳᠡᠭᠡᠷ ᠤᠨ ᠨᠢᠭᠡᠨ ᠪᠤᠯ ᠬᠦᠪᠡᠭᠡᠲᠦ ᠰᠢᠷ᠎ᠠ ᠬᠤᠰᠢᠭᠤᠨ ᠤ ᠠᠷᠠᠳ ᠳᠤ ᠲᠦᠭᠦᠮ ᠦᠵᠡᠬᠦᠯᠬᠦ ᠡᠮ ᠤᠨ ᠲᠡᠯᠭᠡᠭᠦᠷ ᠤᠨ ᠡᠵᠡᠭᠲᠠᠢ ᠰᠡᠴᠡᠩᠭᠤᠸ᠎ᠠ ᠪᠤᠯᠤᠨ᠎ᠠ᠃        ᠲᠡᠷᠡ ᠬᠤᠰᠢᠭᠤᠨ ᠤ ᠪᠠᠨ ᠴᠡᠭᠡᠯ ᠰᠠᠭᠤᠭᠠᠯᠢ ᠠᠷᠠᠳ ᠤᠨ ᠲᠤᠭᠤᠷᠢᠭ ᠤᠨ ᠡᠬᠦᠳᠡᠨ ᠳᠤ ᠲᠠᠭᠠᠷᠠᠵᠦ ᠪᠡᠭᠡᠷᠡᠨ ᠪᠦᠷᠢᠳᠬᠡᠨ ᠲᠡᠮᠳᠡᠭᠯᠡᠵᠦ ᠪᠠᠶᠢᠬᠤ ᠠᠵᠢᠯᠳᠠᠳ ᠢ ᠬᠠᠷᠠᠭᠠᠳ ᠰᠡᠳᠬᠢᠯ ᠤᠶᠠᠷᠠᠵᠦ᠂ ᠤᠤᠯ ᠨᠢ ᠦᠪᠡᠷᠳᠡᠭᠡᠨ ᠡᠮᠴᠢᠯᠡᠬᠡᠨ ᠳᠤ ᠬᠡᠷᠡᠭᠯᠡᠵᠦ ᠪᠠᠶᠢᠭᠰᠠᠨ ᠨᠡᠬᠦᠳᠡᠯ ᠪᠠᠶᠢᠰᠢᠩ ᠢ ᠬᠠᠨᠳᠢᠪᠯᠠᠬᠤ ᠪᠠᠷ ᠵᠤᠷᠢᠭ ᠰᠢᠭᠤᠳᠴᠦ᠂ 2 ᠰᠠᠷ᠎ᠠ ᠎ ᠶᠢᠨ 4᠎ ᠤ ᠦᠷᠯᠦᠭᠡ ᠡᠷᠳᠡᠯᠡᠨ ᠪᠤᠰᠴᠦ ᠨᠦᠬᠦᠷ ᠲᠠᠢ ᠪᠠᠨ ᠬᠤᠶᠠᠭᠤᠯᠠ ᠲᠤᠰ ᠪᠠᠶᠢᠰᠢᠩ ᠢ ᠨᠡᠬᠦᠯᠭᠡᠨ᠂  ᠴᠡᠭᠡᠯ ᠰᠠᠭᠤᠭᠠᠯᠢ ᠠᠷᠠᠳ ᠤᠨ ᠲᠤᠭᠤᠷᠢᠭ ᠤᠨ ᠡᠬᠦᠳᠡᠨ ᠲᠡᠷᠭᠡᠳᠡ ᠪᠠᠶᠢᠷᠢᠯᠠᠭᠤᠯᠤᠭᠰᠠᠨ ᠪᠠᠶᠢᠨ᠎ᠠ᠃ ᠰᠡᠴᠡᠩᠭᠤᠸ᠎ᠠ᠄ ︽ ᠬᠢᠵᠢᠭ ᠤᠨ ᠪᠠᠶᠢᠳᠠᠯ ᠬᠦᠨᠲᠦ ᠨᠤᠴᠢᠳᠠᠢ ᠪᠠᠶᠢᠭ᠎ᠠ ᠴᠠᠭ ᠲᠤ ᠡᠳᠡᠭᠡᠷ ᠬᠦᠮᠦᠰ ᠡᠶᠢᠮᠦ ᠬᠠᠳᠠᠭᠤᠯᠵᠢᠳᠠᠢ ᠠᠵᠢᠯᠯᠠᠵᠦ ᠪᠠᠶᠢᠬᠤ ᠶᠢ ᠪᠢᠳᠡ ᠬᠠᠷᠠᠭᠠᠳ ᠯᠡ ᠰᠠᠭᠤᠵᠦ ᠪᠤᠯᠬᠤ ᠦᠬᠡᠢ᠂ ᠪᠠᠭ᠎ᠠ ᠴᠦ ᠬᠡᠰᠡᠨ ᠲᠤᠰᠠ ᠪᠤᠯᠤᠭ ᠭᠡᠳ ᠡᠨᠡ ᠨᠡᠬᠦᠳᠡᠯ ᠪᠠᠶᠢᠰᠢᠩ ᠢ ᠠᠪᠴᠢᠷᠠᠵᠦ ᠦᠭᠬᠦᠯ᠎ᠡ᠃ ᠦᠨᠦᠳᠦᠷ ᠠᠴᠠ ᠬᠤᠶᠢᠰᠢ ᠴᠡᠭᠡᠯ ᠰᠠᠭᠤᠭᠠᠯᠢ ᠠᠷᠠᠳ ᠤᠨ ᠲᠤᠭᠤᠷᠢᠭ ᠤᠨ ᠡᠬᠦᠳᠡᠨ ᠭᠠᠳᠠᠨ᠎ᠠ ᠵᠤᠭᠰᠤᠵᠦ ᠪᠠᠶᠢᠭ᠎ᠠ ᠬᠦᠮᠦᠰ ᠲᠠᠭᠠᠷᠠᠵᠦ ᠪᠡᠭᠡᠷᠡᠬᠦ ᠦᠬᠡᠢ ᠪᠤᠯᠤᠭᠰᠠᠨ᠂  ᠪᠠᠶᠢᠰᠢᠩ ᠤᠨ ᠲᠤᠳᠤᠷ᠎ᠠ ᠪᠠᠰᠠ ᠵᠤᠤᠬ᠎ᠠ ᠲᠠᠯᠪᠢᠵᠦ ᠦᠭᠴᠠᠢ︾ ᠭᠡᠵᠦ  ᠤᠷᠮᠠᠳᠠᠶᠢᠬᠠᠨ ᠶᠠᠷᠢᠵᠦ ᠪᠠᠶᠢᠯ᠎ᠠ᠃        ᠬᠦᠪᠡᠭᠡᠲᠦ ᠰᠢᠷ᠎ᠠ ᠬᠤᠰᠢᠭᠤᠨ ᠤ ︽ᠨᠠᠷᠠᠨ᠎ᠠ︾ ᠴᠠᠭᠠᠨ ᠢᠳᠡᠭᠡᠨ ᠤ ᠲᠡᠯᠭᠡᠭᠦᠷ ᠤᠨ ᠡᠵᠡᠨᠲᠡᠨ ᠰᠠᠷᠭᠠᠢ ᠬᠢᠵᠢᠭ ᠢ ᠡᠰᠡᠷᠬᠦᠴᠡᠬᠦ ᠳᠤ ᠲᠡᠷᠢᠬᠦᠨ ᠳᠤ ᠭᠠᠪᠰᠢᠭᠠᠶᠢᠯᠠᠨ᠂ ᠠᠵᠢᠯ ᠤᠨ ᠪᠠᠶᠢᠷᠢ ᠪᠠᠨ ᠰᠠᠬᠢᠵᠤ ᠡᠭᠦᠷᠭᠡ ᠬᠠᠷᠢᠭᠤᠴᠠᠯᠭ᠎ᠠ ᠪᠠᠨ ᠬᠦᠢᠴᠡᠳᠬᠡᠵᠤ ᠪᠠᠶᠢᠭ᠎ᠠ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ ᠤᠨ ᠲᠦᠪ ᠪᠤᠯᠤᠨ ᠵᠠᠮ ᠬᠠᠷᠢᠯᠴᠠᠭᠠᠨ ᠤᠨ ᠴᠠᠭᠳᠠᠭᠠᠨ ᠤ ᠶᠡᠭᠡ ᠠᠩᠭᠢ ᠶᠢᠨ ᠪᠦᠬᠦ ᠠᠵᠢᠯᠳᠠᠳ ᠲᠤ ᠴᠠᠭᠠᠨ ᠢᠳᠡᠭᠡ ᠬᠦᠷᠭᠡᠨ ᠦᠭᠴᠦ᠂ ᠪᠠᠶᠠᠷᠯᠠᠵᠦ ᠲᠠᠯᠠᠷᠬᠠᠭᠰᠠᠨ ᠰᠦᠨ ᠴᠠᠭᠠᠨ ᠰᠡᠳᠬᠢᠯ ᠢᠶᠠᠨ ᠢᠯᠡᠳᠬᠡᠭᠰᠡᠨ ᠪᠠᠶᠢᠨ᠎ᠠ᠃
 
ᠢᠷᠡᠯᠲᠡ᠄ ᠬᠦᠪᠡᠭᠡᠲᠦ ᠰᠢᠷ᠎ᠠ ᠬᠣᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号