ᠬᠠᠶ᠋ᠢᠩᠬᠢᠷᠸ᠎ᠠ ᠰᠦᠮ᠎ᠡ ᠶᠢᠨ ᠴᠠᠮ ᠪᠦᠵᠢᠭ ᠤᠨ ᠲᠤᠬᠠᠢ
ᠨᠡᠶᠢᠲᠡᠯᠡᠭᠰᠡᠨ ᠴᠠᠭ᠄
2020/3/26
     ᠬᠠᠶ᠋ᠢᠩᠬᠢᠷᠸ᠎ᠠ ᠰᠦᠮ᠎ᠡ ᠶᠢᠨ ᠬᠤᠷᠠᠯ ᠨᠣᠮ᠂ ᠱᠠᠰᠢᠨ ᠤ ᠠᠵᠢᠯᠯᠠᠭ᠎ᠠ ᠳᠤ ᠮᠠᠰᠢ ᠪᠠᠶᠠᠯᠢᠭ ᠤᠷᠠᠯᠢᠭ ᠤᠨ ᠵᠦᠢᠯᠡᠰ ᠪᠠ ᠤᠷᠠᠯᠢᠭ ᠤᠨ ᠪᠦᠳᠦᠭᠡᠯ ᠤᠳ ᠪᠠᠶᠢᠵᠤ᠂ ᠬᠤᠰᠢᠭᠤ ᠨᠤᠲᠤᠭ᠂ ᠲᠡᠷᠡᠴᠢᠯᠡᠨ ᠮᠤᠩᠭᠤᠯ ᠦᠨᠳᠦᠰᠦᠳᠡᠨ ᠎ ᠤ ᠤᠳᠬ᠎ᠠ ᠤᠷᠠᠯᠢᠭ ᠤᠨ ᠬᠦᠷᠢᠶᠡᠯᠡᠩ ᠳᠤ ᠵᠤᠬᠢᠬᠤ ᠪᠠᠶᠢᠷᠢ ᠰᠠᠭᠤᠷᠢ ᠡᠵᠡᠯᠡᠵᠤ᠂ ᠨᠡᠮᠡᠷᠢ ᠬᠠᠨᠳᠢᠪ ᠤᠷᠤᠭᠤᠯᠤᠭᠰᠠᠨ ᠶᠤᠮ᠃ ᠡᠬᠦᠨ ᠤ ᠲᠤᠳᠤᠷ᠎ᠠ ᠤᠨᠴᠠᠯᠠᠨ ᠲᠤᠷᠠᠳᠪᠠᠯ ᠬᠠᠶ᠋ᠢᠩᠬᠢᠷᠸ᠎ᠠ ᠰᠦᠮ᠎ᠡ ᠶᠢᠨ ᠴᠠᠮ ᠪᠦᠵᠢᠭ ᠎ ᠤᠨ ᠤᠷᠠᠯᠢᠭ ᠨᠢ ᠤᠷᠤᠨ ᠨᠤᠲᠤᠭ ᠤᠨ ᠲᠡᠦᠬᠡ ᠰᠤᠶᠤᠯ ᠤᠨ ᠤᠯᠠ ᠮᠦᠷ ᠢ ᠪᠦᠷᠢᠨ ᠬᠠᠳᠠᠭᠠᠯᠠᠭᠰᠠᠨ ᠰᠤᠶᠤᠯ ᠤᠨ ᠦᠯᠡᠳᠡᠭᠳᠡᠯ ᠪᠤᠯᠬᠤ ᠪᠦᠭᠡᠳ ᠤᠳᠬ᠎ᠠ ᠤᠷᠠᠯᠢᠭ ᠤᠨ ᠲᠤᠲᠠᠭᠳᠠᠵᠤ ᠪᠤᠯᠤᠰᠢ ᠦᠭᠡᠢ ᠨᠢᠭᠡ ᠬᠡᠰᠡᠭ ᠪᠠᠶᠢᠵᠤ᠂ ᠤᠯᠤᠰ ᠤᠨ ᠲᠠᠰ ᠤᠨ ᠪᠤᠳᠠᠰ ᠤᠨ ᠪᠤᠰᠤ ᠰᠤᠶᠤᠯ ᠶᠢᠨ ᠥᠪ ᠳᠤ ᠵᠢᠭᠰᠠᠭᠠᠭᠳᠠᠵᠤ᠂ ᠡᠬᠦᠨ ᠢ ᠰᠡᠷᠭᠦᠭᠡᠨ ᠠᠮᠢᠯᠠᠭᠤᠯᠵᠤ᠂ ᠰᠤᠳᠤᠯᠤᠨ ᠬᠦᠭᠵᠢᠬᠦᠯᠬᠦ ᠨᠢ ᠮᠠᠰᠢ ᠬᠦᠨ᠎ᠡ ᠠᠴᠢ ᠬᠤᠯᠪᠤᠭᠳᠠᠯ ᠲᠠᠢ ᠶᠤᠮ᠃      ᠬᠠᠶ᠋ᠢᠩᠬᠢᠷᠸ᠎ᠠ ᠰᠦᠮ᠎ᠡ ᠶᠢᠨ ᠴᠠᠮ ᠪᠦᠵᠢᠭ ᠨᠢ ᠱᠠᠰᠢᠨ ᠤ ᠠᠵᠢᠯᠯᠠᠭ᠎ᠠ ᠶᠢᠨ ᠴᠢᠬᠤᠯᠠ ᠨᠢᠭᠡ ᠠᠭᠤᠯᠭ᠎ᠠ ᠪᠤᠯᠬᠤ ᠶᠤᠮ᠃ ᠴᠠᠮ ᠭᠡᠳᠡᠭ ᠪᠤᠯ ᠪᠦᠵᠢᠭ ᠭᠡᠰᠡᠨ ᠤᠳᠬ᠎ᠠ ᠲᠠᠢ ᠲᠦᠪᠡᠳ ᠦᠭᠡ ᠪᠤᠯᠤᠨ᠎ᠠ᠂ ᠲᠦᠪᠡᠳ ᠤᠨ ᠱᠠᠰᠢᠨ ᠰᠢᠳᠦᠯᠭᠡ ᠶᠢᠨ ᠰᠤᠶᠤᠯ ᠠᠴᠠ ᠡᠭᠦᠰᠦᠯᠳᠡᠢ ᠶᠤᠮ᠃ ᠤᠳᠠᠭᠠᠨ ᠵᠢᠯ ᠤᠨ ᠲᠦᠪᠡᠳ ᠮᠤᠩᠭᠤᠯ ᠤᠨ ᠰᠤᠶᠤᠯ ᠎ ᠤᠨ ᠰᠤᠯᠢᠯᠴᠠᠭᠠᠨ ᠤ ᠲᠤᠮᠳᠠ ᠤᠯᠠᠮ ᠢᠶᠠᠷ ᠮᠤᠩᠭᠤᠯ ᠤᠷᠤᠨ ᠳᠤ ᠢᠵᠢᠯᠢᠳᠦᠨ ᠠᠭᠤᠰᠴᠤ᠂ ᠮᠤᠩᠭᠤᠯ ᠦᠨᠳᠦᠰᠦᠳᠡᠨ ᠪᠠ ᠮᠠᠨ ᠤ ᠭᠠᠵᠠᠷ ᠤᠷᠤᠨ ᠤ ᠵᠠᠩ ᠦᠢᠯᠡ᠂ ᠬᠡᠪ ᠨᠠᠮᠪᠠ ᠶᠢ ᠰᠢᠩᠭᠡᠭᠡᠨ ᠠᠪᠴᠤ ᠮᠤᠩᠭᠤᠯ ᠴᠠᠮ ᠪᠦᠷᠢᠯᠳᠦᠨ ᠲᠤᠭᠳᠠᠭᠰᠠᠨ ᠪᠠᠶᠢᠨ᠎ᠠ᠃ ᠴᠠᠮ ᠪᠦᠵᠢᠭ ᠤᠨ ᠡᠭᠦᠰᠦᠯ ᠤᠨ ᠲᠤᠬᠠᠢ ᠲᠦᠬᠦᠮ ᠲᠤᠭᠠᠴᠢᠪᠠᠯ᠄ ᠶᠢᠰᠦᠳᠦᠭᠡᠷ ᠵᠠᠭᠤᠨ ᠤ ᠦᠶ᠎ᠡ ᠪᠠᠷ ᠲᠦᠪᠡᠳ ᠲᠤ ᠯᠠᠩᠳᠠᠷᠮ᠎ᠠ ᠭᠡᠭᠴᠢ ᠬᠦᠮᠦᠨ ᠬᠠᠭᠠᠨ ᠰᠠᠭᠤᠵᠤ᠂ ᠪᠡᠶ᠎ᠡ ᠶᠦᠭᠡᠨ ︽ᠡᠵᠡᠨ ᠲᠡᠭᠷᠢ︾ ᠬᠡᠮᠡᠨ ᠡᠷᠬᠦᠮᠵᠢᠯᠡᠨ᠂ ᠤᠯᠠᠨ ᠠᠮᠢᠳᠠᠳ ᠢ ᠬᠠᠷᠬᠢᠰᠯᠠᠨ ᠲᠠᠷᠤᠯᠠᠵᠤ ᠰᠠᠭᠤᠳᠠᠭ ᠭᠡᠨ᠎ᠡ᠃ ᠲᠦᠪᠡᠳ ᠤᠨ ᠪᠠᠯᠳᠤᠷᠵᠢ ᠬᠡᠳᠡᠭ ᠬᠡᠯᠦᠩ ᠱᠠᠰᠢᠨ ᠨᠤᠮ ᠬᠢᠭᠡᠳ ᠤᠯᠠᠨ ᠠᠮᠢᠳᠠᠨ ᠢ ᠠᠮᠤᠷᠵᠢᠭᠤᠯᠬᠤ ᠶᠢᠨ ᠲᠤᠯᠠᠳᠠ ︽ᠴᠠᠮ︾᠎ ᠢ ᠡᠬᠦᠳᠦᠨ ᠵᠤᠬᠢᠶᠠᠵᠤ᠂ ᠨᠢᠭᠤᠷ ᠲᠤᠷ ᠪᠠᠭ ᠬᠢᠵᠤ᠂ ᠭᠠᠨᠳᠢᠭ ᠴᠠᠭᠠᠨ ᠮᠤᠷᠢ ᠪᠠᠨ ᠬᠠᠷ᠎ᠠ ᠪᠡᠭᠡ ᠪᠠᠷ ᠪᠤᠳᠤᠵᠤ᠂ ᠬᠠᠷ᠎ᠠ ᠮᠤᠷᠢ ᠪᠤᠯᠭᠠᠨ ᠬᠠᠭᠠᠨ ᠤ ᠬᠤᠳᠠᠨ ᠤ ᠡᠬᠦᠳᠡᠨ ᠳᠤ ᠢᠷᠡᠵᠤ ᠴᠠᠮ ᠴᠠᠮᠨᠠᠳᠠᠭ ᠪᠠᠶᠢᠪᠠ ᠭᠡᠨ᠎ᠡ᠃ ᠨᠢᠭᠡ ᠡᠳᠦᠷ ᠬᠠᠭᠠᠨ ᠴᠠᠮ ᠪᠦᠵᠢᠭ ᠰᠤᠨᠢᠷᠬᠠᠬᠤ ᠭᠡᠵᠤ ᠭᠠᠷᠴᠤ ᠢᠷᠡᠭᠰᠡᠨ ᠳᠤ ᠪᠠᠯᠳᠤᠷᠵᠢ ᠲᠠᠪᠠᠯ ᠤᠨ ᠵᠡᠬᠦᠨ ᠬᠠᠮᠴᠤᠢ ᠳᠤ ᠨᠤᠮᠤ ᠨᠢᠭᠤᠨ᠂ ᠪᠠᠷᠠᠭᠤᠨ ᠬᠠᠨᠴᠤᠢ ᠳᠤ ᠰᠤᠮᠤ ᠨᠢᠭᠤᠵᠤ᠂ ᠴᠠᠮ ᠴᠠᠮᠨᠠᠬᠤ ᠲᠠᠯᠢᠮ ᠢᠶᠠᠷ ᠬᠠᠭᠠᠨ ᠢ ᠬᠠᠷᠪᠤᠨ ᠠᠯᠠᠵᠤ᠂ ᠬᠠᠮᠤᠭ ᠠᠮᠢᠳᠠᠨ ᠢ ᠭᠠᠰᠠᠯᠠᠩ ᠵᠤᠪᠠᠭᠤᠷᠢ ᠠᠴᠠ ᠠᠪᠤᠷᠠᠵᠤ᠂ ᠱᠠᠰᠢᠨ ᠨᠤᠮ ᠰᠡᠷᠭᠦᠨ ᠮᠠᠨᠳᠤᠵᠠᠢ ᠃ ᠡᠬᠦᠨ ᠠᠴᠠ ᠬᠤᠶᠢᠰᠢ ᠴᠠᠮ ᠴᠠᠮᠨᠠᠬᠤ ᠨᠢ ᠱᠠᠰᠢᠨ ᠤ ᠠᠵᠢᠯᠠᠯᠭ᠎ᠠ ᠶᠢᠨ ᠲᠤᠳᠠᠭᠳᠠᠵᠤ ᠪᠤᠯᠤᠰᠢ ᠦᠭᠡᠢ ᠴᠢᠬᠤᠯᠠ ᠪᠦᠬᠦᠢ ᠠᠭᠤᠯᠭ᠎ᠠ ᠪᠤᠯᠤᠭᠰᠠᠨ ᠶᠤᠮ᠃ ᠴᠠᠮ ᠪᠦᠵᠢᠭ ᠨᠢ ᠮᠤᠩᠭᠤᠯᠴᠤᠳ ᠤᠨ ᠠᠮᠢᠳᠤᠷᠠᠯ ᠠᠴᠠ ᠡᠬᠢ ᠠᠪᠴᠤ᠂ ᠲᠡᠷᠡ ᠦᠶ᠎ᠡ ᠶᠢᠨ ᠪᠦᠭᠡ ᠶᠢᠨ ᠰᠤᠷᠳᠠᠬᠤᠨ ᠤ ᠬᠦᠳᠡᠯᠦᠯ ᠪᠠᠷᠢᠯ᠂ ᠮᠤᠩᠭᠤᠯ ᠪᠦᠭᠡ ᠶᠢᠨ ᠲᠠᠪᠢᠯᠳᠠ᠂ ᠤᠪᠤᠭ᠎ᠠ ᠪᠤᠩᠬᠤᠨ ᠲᠠᠬᠢᠬᠤ᠂ ᠰᠠᠴᠤᠯᠢ ᠰᠡᠷᠴᠢᠮ ᠡᠷᠬᠦᠬᠦ᠂ ᠮᠤᠷᠢ ᠤᠨᠤᠭ᠎ᠠ᠂ ᠠᠳᠤᠭᠤᠰᠤ ᠠᠮᠢᠳᠠᠨ ᠤ ᠬᠦᠳᠡᠯᠦᠯ ᠪᠠᠷᠢᠯ ᠢ ᠲᠠᠭᠤᠷᠢᠶᠠᠬᠤ ᠵᠡᠷᠭᠡ ᠡᠩ ᠤᠨ ᠠᠮᠢᠳᠤᠷᠠᠯ ᠤᠨ ᠵᠠᠩ ᠦᠢᠯᠡ ᠠᠴᠠ ᠪᠤᠷᠤ ᠮᠠᠲ᠋ᠧᠷᠢᠶᠠᠯ ᠠᠪᠳᠠᠭ᠃ ᠮᠤᠩᠭᠤᠯ ᠪᠦᠵᠢᠭ ᠤᠨ ᠬᠦᠳᠡᠯᠭᠡᠭᠡᠨ ᠢ ᠴᠠᠮ ᠳᠤ ᠰᠢᠩᠭᠡᠭᠡᠭᠰᠡᠨ ᠢᠶᠠᠷ ᠪᠠᠷᠠᠬᠤ ᠦᠭᠡᠢ᠂ ᠤᠳᠤ ᠦᠶ᠎ᠡ ᠶᠢᠨ ᠵᠠᠷᠢᠮ ᠮᠤᠩᠭᠤᠯ ᠪᠦᠵᠢᠭ ᠲᠤ ᠴᠠᠮ ᠤᠨ ᠬᠦᠳᠡᠯᠭᠡᠭᠡᠨ ᠤ ᠤᠯᠠ ᠮᠦᠷ ᠦᠵᠡᠭᠳᠡᠵᠤ ᠪᠠᠶᠢᠳᠠᠭ᠃ ᠴᠠᠮ ᠨᠢ ᠪᠤᠷᠬᠠᠨ ᠱᠠᠰᠢᠨ ᠤ ᠨᠢᠭᠤᠴᠠ ᠲᠠᠷᠨᠢ ᠶᠢᠨ ᠶᠤᠰᠤᠨ ᠤ ᠨᠠᠷᠢᠨ ᠤᠪᠠᠳᠢᠰ ᠠᠷᠭ᠎ᠠ ᠵᠠᠰᠠᠯ ᠠᠴᠠ ᠶᠡᠷᠦ ᠶᠢᠨ ᠠᠮᠢᠳᠤᠷᠠᠯ ᠤᠷᠤᠭᠤ ᠬᠡᠯᠪᠡᠶᠢᠵᠤ᠂ ᠱᠠᠰᠢᠨ ᠤ ᠵᠠᠩ ᠦᠢᠯᠡ ᠶᠢᠨ ᠲᠤᠭᠳᠠᠭᠰᠠᠨ ᠲᠢᠭᠯᠢᠮ ᠮᠠᠶ᠋ᠢᠭ ᠠᠴᠠ ᠲᠠᠶᠢᠰᠠ ᠶᠢᠨ ᠤᠷᠠᠯᠢᠭ ᠤᠷᠤᠭᠤ ᠬᠦᠭᠵᠢᠵᠤ᠂ ᠶᠡᠷᠦᠳᠡ ᠶᠢᠨ ᠲᠢᠶᠠᠲ᠋ᠠᠷᠴᠢᠯᠠᠭᠰᠠᠨ ᠬᠡᠯᠪᠡᠷᠢ ᠲᠠᠢ᠂ ᠪᠦᠵᠢᠭ ᠵᠦᠴᠦᠭᠡ ᠶᠢᠨ ᠵᠦᠢᠯ ᠤᠷᠤᠭᠤ ᠡᠷᠭᠡᠨᠰᠢᠨ ᠬᠡᠯᠪᠡᠷᠢᠰᠢᠵᠠᠢ᠃ ᠡᠨᠡ ᠲᠠᠯ᠎ᠠ ᠪᠠᠷ ᠬᠠᠶ᠋ᠢᠩᠬᠢᠷᠸ᠎ᠠ ᠰᠦᠮ᠎ᠡ ᠶᠢᠨ ᠴᠠᠮ᠂ ᠬᠦᠷᠦ ᠲᠠᠭᠤᠤ᠂ ᠲᠠᠭᠤᠯᠠᠯᠳᠤ ᠵᠦᠴᠦᠭᠡᠲᠦ ᠴᠠᠮ᠂ ᠬᠡᠦᠭᠡᠯᠳᠡᠢ ᠴᠠᠮ ᠵᠡᠷᠭᠡ ᠳᠤ ᠪᠦᠷᠢᠨ ᠲᠤᠰᠬᠠᠭᠳᠠᠭᠰᠠᠨ ᠪᠠᠶᠢᠳᠠᠭ᠃ ᠭᠦᠷᠦ ᠲᠠᠭᠤᠤ ︽ᠰᠠᠷᠠᠨ ᠭᠦᠭᠦᠭᠡ ᠶᠢᠨ ᠲᠠᠭᠤᠯᠠᠯ︾᠂ ︽ᠮᠢᠯᠠ ᠶᠢᠨ ᠨᠠᠮᠳᠠᠷ︾ ᠵᠡᠷᠭᠡ ᠲᠦᠪᠡᠳ ᠤᠷᠤᠨ ᠤ ᠲᠤᠮᠤ ᠬᠡᠯᠪᠡᠷᠢ ᠶᠢᠨ ᠲᠠᠭᠤᠯᠠᠯᠳᠤ ᠵᠦᠴᠦᠭᠡ ᠶᠢ ᠪᠠᠰᠠ ᠲᠤᠭᠯᠠᠵᠤ ᠦᠩᠭᠡᠷᠡᠵᠡᠢ᠃       ᠨᠠᠶᠠᠭᠠᠳ ᠣᠨ ᠤ ᠡᠬᠢ ᠪᠠᠷ ᠦᠪᠦᠷ ᠮᠣᠩᠭᠤᠯ ᠤᠨ ᠤᠳᠬ᠎ᠠ ᠵᠤᠬᠢᠶᠠᠯ ᠰᠤᠳᠤᠯᠬᠤ ᠭᠠᠵᠠᠷ ᠤᠨ ᠳ᠋᠊᠂ ᠰᠠᠮᠪᠤᠤ ᠴᠠᠮ ᠤᠨ ᠲᠤᠬᠠᠢ ᠠᠩᠬ᠎ᠠ ᠰᠤᠳᠤᠯᠵᠤ᠂ ᠳᠤᠮᠳᠠᠳᠤ ᠤᠯᠤᠰ ᠤᠨ ᠦᠨᠳᠦᠰᠦᠳᠡᠨ ᠤᠨ ᠠᠷᠠᠳ ᠤᠨ ︽ᠪᠦᠵᠢᠭ ᠤᠨ ᠴᠢᠭᠤᠯᠭᠠᠨ︾᠎ ᠳᠤ ᠵᠤᠷᠢᠭᠤᠯᠤᠨ᠂ ᠴᠠᠮ ᠤᠨ ᠪᠦᠵᠢᠭ ᠢ ᠡᠮᠬᠢᠳᠬᠡᠨ ᠨᠠᠶᠢᠷᠠᠭᠤᠯᠵᠤ᠂ ᠤᠨ ᠴᠠᠭ ᠤᠨ ᠤᠷᠴᠢᠯ ᠳᠤ ᠬᠡᠭᠡᠭᠳᠡᠮᠡᠷ ᠪᠠᠶᠢᠭᠰᠠᠨ ᠮᠤᠩᠭᠤᠯ ᠱᠠᠰᠢᠨ ᠤ ᠰᠤᠶᠤᠯ ᠤᠨ ᠠᠵᠢᠯᠠᠯᠭ᠎ᠠ ᠪᠤᠯᠬᠤ ᠴᠠᠮ ᠢ ᠰᠡᠷᠭᠦᠭᠡᠨ ᠤᠯᠠᠮᠵᠢᠯᠠᠬᠤ ᠳᠤ ᠴᠢᠬᠤᠯᠠ ᠰᠠᠭᠤᠷᠢ ᠲᠠᠯᠪᠢᠪᠠ᠃ ᠡᠬᠦᠨ ᠤ ᠤᠯᠠᠮ ᠢᠶᠠᠷ ᠬᠠᠶ᠋ᠢᠩᠬᠢᠷᠸ᠎ᠠ ᠰᠦᠮ᠎ᠡ ᠶᠢᠨ ᠠᠬᠠᠮᠠᠳ ᠴᠠᠮᠴᠢᠳ ᠬᠠᠶ᠋ᠢᠩᠬᠢᠷᠸ᠎ᠠ ᠰᠦᠮ᠎ᠡ ᠶᠢᠨ ᠴᠠᠮ ᠢᠶᠠᠷ ᠭᠤᠤᠯ ᠡᠬᠢ ᠪᠤᠯᠭᠠᠨ ᠡᠮᠬᠢᠳᠭᠡᠨ ᠨᠠᠶᠢᠷᠠᠭᠤᠯᠵᠤ᠂ ᠨᠠᠶᠢᠳᠡ ᠠᠷᠪᠠᠨ ᠬᠤᠶᠠᠷ ᠴᠠᠮ ᠢ ᠰᠤᠩᠭᠤᠨ ᠡᠮᠬᠢᠳᠬᠡᠵᠤ᠂ ᠬᠦᠪᠡᠭᠡᠲᠦ ᠰᠢᠷ᠎ᠠ ᠬᠤᠰᠢᠭᠤᠨ ᠤ ᠤᠯᠠᠭᠠᠨᠮᠦᠴᠢᠷ ᠤᠨ ᠬᠢᠨ ᠲᠤᠭᠯᠠᠵᠠᠢ᠃ ᠪᠠᠭ ᠢ ᠨᠢ ᠰᠧᠪᠡᠭᠵᠡᠪ᠂ ᠰᠤ᠂ ᠲᠤᠷᠵᠢᠵᠠᠪ ᠨᠠᠷ ᠱᠤᠭᠤᠵᠠᠢ᠃ ᠪᠠᠰᠠ ᠬᠠᠶ᠋ᠢᠩᠬᠢᠷᠸ᠎ᠠ ᠰᠦᠮ᠎ᠡ ᠶᠢᠨ ᠠᠬᠠᠮᠠᠳ ᠯᠠᠮᠠ ᠰᠧᠪᠡᠭᠵᠡᠪ ᠨᠠᠷ ᠴᠠᠮ ᠤᠨ ᠲᠤᠬᠠᠢ ᠦᠭᠦᠯᠡᠯ ᠪᠢᠴᠢᠵᠤ᠂ ᠴᠠᠮ ᠤᠨ ᠤᠷᠠᠯᠢᠭ ᠢ ᠰᠡᠷᠭᠦᠭᠡᠨ ᠬᠦᠭᠵᠢᠬᠦᠯᠬᠦ᠂ ᠰᠤᠳᠤᠯᠬᠤ ᠳᠤ ᠮᠠᠰᠢ ᠰᠠᠭᠤᠷᠢ ᠶᠢ ᠲᠠᠯᠪᠢᠵᠤ ᠦᠭᠴᠠᠢ᠃ ᠡᠬᠦᠨ ᠤ ᠲᠠᠷᠠᠭ᠎ᠠ ᠰᠤ᠂ ᠲᠤᠷᠵᠢᠵᠠᠪ ᠭᠤᠸᠠᠢ ᠴᠠᠮ ᠤᠨ ᠤᠷᠠᠯᠢᠭ ᠤᠨ ᠲᠤᠬᠠᠢ ᠨᠠᠷᠢᠨ ᠰᠤᠳᠤᠯᠵᠤ᠂ ᠦᠪᠡᠷᠳᠡᠭᠡᠨ ᠴᠠᠮ ᠤᠨ ᠪᠠᠭ ᠪᠠ ᠪᠠᠷᠢᠳᠠᠭ ᠵᠡᠪᠰᠡᠭ ᠎ ᠢ ᠬᠢᠵᠤ᠂ ᠬᠤᠷᠢᠭᠠᠳ ᠬᠦᠮᠦᠨ ᠢ ᠵᠤᠬᠢᠶᠠᠨ ᠪᠠᠶᠢᠭᠤᠯᠵᠤ᠂ ᠬᠤᠷᠢᠨ ᠲᠤᠯᠤᠭᠠᠨ ᠵᠦᠢᠯ ᠤᠨ ᠴᠠᠮ ᠴᠠᠮᠨᠠᠵᠤ ᠤᠷᠠᠯᠢᠭ ᠎ ᠤᠨ ᠲᠠᠶᠢᠰᠠᠨ ᠳᠤ ᠭᠠᠷᠭᠠᠵᠠᠢ᠃
 
ᠢᠷᠡᠯᠲᠡ᠄ ︽ᠶᠡᠭᠡ ᠲᠤᠰᠠᠳᠠᠢ ᠬᠡᠶᠢᠳ- ᠬᠠᠶ᠋ᠢᠩᠬᠢᠷᠸ᠎ᠠ︾ ᠭᠡᠬᠦ ᠨᠣᠮ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号