ᠴᠠᠮ ᠪᠦᠵᠢᠭ ᠤᠨ ᠲᠦᠷᠦᠯ ᠵᠦᠢᠯ
ᠨᠡᠶᠢᠲᠡᠯᠡᠭᠰᠡᠨ ᠴᠠᠭ᠄
2020/3/26
     ᠬᠠᠶ᠋ᠢᠩᠬᠢᠷᠸ᠎ᠠ ᠰᠦᠮ᠎ᠡ ᠶᠢᠨ ᠴᠠᠮ ᠳᠤ ᠭᠤᠤᠯᠳᠠᠭᠤ ᠴᠠᠮᠪᠠᠩ ᠴᠠᠮ᠂ ᠬᠤᠬᠢᠮᠠᠢ ᠴᠠᠮ᠂ ᠠᠽᠠᠷ ᠴᠠᠮ᠂ ᠡᠷᠪᠡᠭᠡᠢ ᠴᠠᠮ᠂ ᠪᠤᠭᠤ ᠴᠠᠮ᠂ ᠴᠤᠶᠢᠷᠵᠢᠯ ᠴᠠᠮ᠂ ᠲᠦᠰᠢ ᠯᠾᠮᠦ ᠴᠠᠮ᠂ ᠡᠪᠦᠭᠡᠨ ᠡᠮᠡᠭᠡᠨ ᠴᠠᠮ᠂ ᠮᠠᠾᠠᠺᠠᠯᠠ ᠴᠠᠮ ᠂ ᠵᠠᠮᠰᠠᠷᠠᠩ ᠴᠠᠮ᠂ ᠬᠤᠩ ᠬᠡᠷᠢᠶ᠎ᠡ ᠰᠢᠷ᠎ᠠ ᠰᠢᠪᠠᠭᠤᠨ ᠴᠠᠮ᠂ ᠱᠠᠨᠠᠭ ᠴᠠᠮ ᠪᠠ ᠬᠦᠷᠢᠶ᠎ᠡ ᠴᠠᠮ ᠵᠡᠷᠭᠡ‌ᠠᠷᠪᠠᠨ ᠭᠤᠷᠪᠠᠨ ᠵᠦᠢᠯ ᠪᠠᠶᠢᠳᠠᠭ᠃ ᠡᠳᠡᠭᠡᠷ ᠴᠠᠮ ᠪᠦᠵᠢᠭ ᠨᠢ ᠪᠦᠷ ᠦᠪᠡᠷᠮᠢᠴᠠ ᠬᠤᠪᠴᠠᠰᠤ ᠵᠠᠰᠠᠯ᠂ ᠪᠠᠭᠠᠵᠢ ᠬᠡᠷᠡᠭᠯᠡᠯ᠂ ᠲᠤᠭᠯᠠᠬᠤ ᠬᠡᠪ ᠨᠠᠮᠪᠠ ᠲᠠᠢ ᠪᠠᠶᠢᠵᠤ᠂ ᠲᠤᠳᠤᠷ᠎ᠠ ᠨᠢ ᠮᠠᠰᠢ ᠨᠠᠷᠢᠨ ᠨᠢᠮᠪᠠᠢ ᠱᠠᠰᠢᠨ ᠤ ᠰᠤᠶᠤᠯ ᠤᠨ ᠶᠤᠰᠤ ᠭᠤᠷᠢᠮ ᠠᠭᠤᠯᠤᠭᠳᠠᠵᠤ ᠪᠤᠢ᠃ ᠲᠤᠭᠳᠠᠭᠰᠠᠨ ᠡᠳᠦᠷ ᠴᠠᠮ ᠴᠠᠮᠨᠠᠳᠠᠭ ᠪᠦᠭᠡᠳ ᠶᠡᠷᠦᠩᠭᠡᠢ ᠳᠡᠭᠡᠨ ᠵᠢᠯ ᠪᠦᠷᠢ ᠶᠢᠨ ᠪᠢᠯᠢᠭ ᠤᠯᠠᠷᠢᠯ ᠤᠨ ᠴᠠᠭᠠᠨ ᠰᠠᠷ᠎ᠠ ᠶᠢᠨ ᠠᠷᠪᠠᠨ ᠲᠠᠪᠤᠨ ᠪᠤᠯᠤᠨ ᠵᠢᠷᠭᠤᠭᠠᠨ ᠰᠠᠷ᠎ᠠ ᠶᠢᠨ ᠠᠷᠪᠠᠨ ᠲᠠᠪᠤᠨ ᠳᠤ ᠴᠠᠮᠨᠠᠳᠠᠭ ᠪᠢᠯᠡ᠃ ᠴᠠᠮ ᠴᠠᠮᠨᠠᠬᠤ ᠳᠤ ᠬᠡᠳᠦᠨ ᠠᠴᠠ ᠵᠠᠭᠤᠭᠠᠳ ᠬᠦᠮᠦᠨ ᠤᠷᠤᠯᠴᠠᠵᠤ ᠪᠤᠯᠳᠠᠭ᠃      ︵ᠨᠢᠭᠡ︶ ᠴᠠᠮᠪᠠᠩ ᠴᠠᠮ      ᠴᠠᠮᠪᠠᠩ ᠢ ᠷᠠᠯᠴᠤᠭ ᠴᠠᠮᠪᠠᠩ ᠪᠠ ᠳᠠᠷᠤᠯᠭ᠎ᠠ ᠴᠠᠮᠪᠠᠩ ᠭᠡᠵᠤ ᠬᠡᠯᠡᠳᠡᠭ᠃ ᠡᠨᠡ ᠨᠢ ᠭᠤᠤᠯᠳᠠᠭᠤ ᠴᠠᠮᠪᠠᠩ ᠴᠠᠮᠨᠠᠬᠤ ᠳᠤ ᠷᠠᠯᠴᠤᠭ ᠭᠡᠳᠡᠭ ᠳᠠᠶᠢᠰᠤᠨ ᠲᠤᠳᠬᠠᠷ ᠢ ᠲᠠᠷᠤᠵᠤ ᠲᠦᠮᠡᠨ ᠠᠮᠢᠳᠠᠨ ᠢ ᠠᠮᠤᠷᠵᠢᠭᠤᠯᠬᠤ ᠲᠠᠷᠤᠯᠭ᠎ᠠ ᠶᠢᠨ ᠨᠠᠪᠴᠢᠨ ᠤ ᠮᠢᠬ᠎ᠠ ᠪᠤᠯᠤᠨ᠎ᠠ᠃ ᠴᠠᠮᠪᠠᠩ ᠭᠡᠳᠡᠭ ᠪᠣᠯ ᠴᠠᠮ ᠤᠨ ᠨᠣᠶᠠᠨ ᠭᠡᠳᠡᠭ ᠤᠳᠬ᠎ᠠ ᠲᠠᠢ ᠲᠥᠪᠡᠳ ᠦᠭᠡ᠃ ᠴᠠᠮ ᠢ ᠪᠣᠯᠪᠠᠰᠤᠷᠠᠭᠤᠯᠬᠤ᠂ ᠵᠢᠭᠠᠨ ᠵᠢᠯᠣᠭᠤᠳᠬᠤ ᠡᠭᠦᠷᠭᠡ ᠲᠠᠢ᠂ ᠴᠠᠮ ᠤᠨ ᠲᠡᠷᠢᠬᠦᠨ ᠳᠤᠨᠢ ᠭᠠᠷᠴᠤ ᠪᠠᠶᠢᠳᠠᠭ᠃ ᠯᠾᠠᠮᠤ᠂ ᠴᠤᠶᠢᠷᠵᠢᠯ ᠱᠠᠨᠠᠭ ᠵᠡᠷᠭᠡ ᠴᠠᠮ ᠢ ᠴᠠᠮᠪᠠᠩ ᠤᠳᠤᠷᠢᠳᠤᠨ ᠭᠠᠷᠭᠠᠳᠠᠭ᠃      ᠴᠠᠮᠪᠠᠩ ᠠᠷᠪᠠᠨ ᠲᠠᠪᠤᠨ ᠵᠦᠢᠯ ᠤᠨ ᠠᠭᠤᠯᠭ᠎ᠠ ᠪᠦᠬᠦᠢ ᠬᠦᠳᠡᠯᠪᠦᠷᠢ ᠶᠢ ᠲᠡᠰ ᠲᠠᠷᠠᠭᠠᠯᠠᠨ ᠬᠦᠢᠴᠡᠳᠭᠡᠵᠦ᠂ ᠤᠳᠠᠭ᠎ᠠ ᠪᠦᠷᠢ ᠳᠤ ᠵᠣᠭᠰᠤᠰᠬᠢᠵᠤ᠂ ᠤᠯᠠᠨ ᠵᠦᠢᠯ ᠤᠨ ᠵᠡᠪᠰᠡᠭ ᠪᠠᠷᠢᠯ ᠢ ᠡᠭᠡᠯᠵᠢᠯᠡᠨ ᠪᠠᠷᠢᠵᠤ᠂ ᠤᠶᠠᠬᠤ ᠨᠤᠮᠤᠳᠠᠬᠤ ᠵᠡᠷᠭᠡ ᠶᠢᠰᠦ ᠶᠢᠰᠦ ᠨᠠᠶᠠᠨ ᠨᠢᠭᠡᠨ ᠬᠦᠳᠡᠯᠦᠯ ᠢ ᠬᠢᠵᠤ ᠲᠦᠢᠳ ᠲᠤᠳᠬᠠᠷ ᠲᠠᠢ ᠤᠯᠠᠨ ᠤᠳᠠᠭ᠎ᠠ ᠪᠠᠶᠢᠯᠳᠤᠵᠤ ᠡᠴᠦᠰ ᠤᠨ ᠢᠯᠠᠯᠳᠠ ᠤᠯᠤᠭᠰᠠᠨ ᠢ ᠢᠯᠡᠳᠭᠡᠨ ᠴᠠᠮᠨᠠᠳᠠᠭ᠃ ᠴᠠᠮ ᠤᠨ ᠰᠡᠭᠦᠯ ᠳᠤ ᠰᠢᠷ᠎ᠠ ᠰᠢᠪᠠᠭᠤ ᠪᠠ ᠬᠠᠷ᠎ᠠ ᠰᠢᠪᠠᠭᠤᠨ ᠤ ᠥᠳᠦ ᠪᠠᠷ ᠪᠡᠶ᠎ᠡ ᠪᠠᠨ ᠱᠦᠭᠦᠷᠳᠡᠵᠦ ᠲᠤᠭᠤᠰᠤ ᠪᠠᠨ ᠬᠦᠪᠢᠭᠡᠳ ᠲᠠᠶᠢᠰᠤᠨ ᠢᠶᠠᠨ ᠲᠠᠷᠤᠵᠤ ᠢᠯᠡᠯᠳᠡ ᠤᠯᠤᠭᠰᠠᠨ ᠢ ᠢᠯᠡᠳᠭᠡᠳᠡᠭ᠃ ᠴᠠᠮᠪᠠᠩ ᠴᠠᠮᠨᠠᠬᠤ ᠬᠦᠮᠦᠨ ᠪᠣᠯ ᠴᠠᠮ ᠤᠨ ᠶᠣᠰᠤ ᠶᠢ ᠰᠠᠶᠢᠨ ᠮᠡᠳᠡᠳᠡᠭ ᠴᠠᠮ ᠤᠨ ᠠᠶ᠎ᠠ ᠬᠦᠭᠵᠢᠮ ᠳᠡᠭᠡᠨ ᠴᠠᠭᠠᠷᠠᠭᠰᠠᠨ ᠤᠳᠤᠷᠢᠳᠬᠤ ᠴᠢᠳᠠᠪᠦᠷᠢᠳᠠᠢ᠂ ᠤᠷᠠᠨ ᠪᠤᠰᠢᠭᠤᠯᠢᠭ ᠪᠠᠶᠢᠬᠤ ᠶᠢ ᠱᠠᠭᠠᠷᠳᠠᠳᠠᠭ᠃      ︵ᠬᠤᠶᠠᠷ︶  ᠬᠤᠬᠢᠮᠠᠢ ᠴᠠᠮ     ᠬᠤᠬᠢᠮᠠᠢ ᠴᠠᠮ ᠢ ᠪᠠᠰᠠ ᠲᠤᠳᠭᠠᠮ ᠭᠡᠳᠡᠭ᠃ ᠴᠠᠮᠴᠢᠨ ᠪᠡᠶ᠎ᠡ ᠳᠤ ᠪᠠᠨ ᠲᠣᠩ ᠴᠠᠭᠠᠨ ᠣᠬᠤᠷ ᠬᠤᠪᠴᠠᠰᠤ ᠡᠮᠦᠰᠴᠦ᠂ ᠬᠤᠪᠠᠭ᠋ᠠᠢ ᠶᠠᠰᠤᠨ ᠲᠤᠯᠤᠭᠠᠶᠢᠳᠤ ᠪᠠᠭ ᠡᠮᠦᠰᠴᠦ᠂ ᠵᠡᠬᠦᠨ ᠭᠠᠷ ᠲᠤ ᠪᠠᠨ ᠲᠠᠪᠤᠨ ᠦᠩᠭᠡ ᠶᠢᠨ ᠲᠣᠷᠭ᠎ᠠ ᠪᠠᠷ ᠤᠷᠢᠶᠠᠨ ᠴᠢᠮᠡᠭᠯᠡᠭᠰᠡᠨ ᠮᠣᠳᠤᠨ ᠰᠢᠳᠠᠮ ᠪᠠᠷᠢᠵᠤ᠂ ᠬᠥᠯ ᠳᠡᠭᠡᠨ ᠴᠠᠭᠠᠨ ᠦᠩᠭᠡ ᠶᠢᠨ ᠦᠨᠳᠦᠷ ᠲᠦᠷᠡᠶᠢᠳᠦ ᠤᠶᠢᠮᠤᠰᠤ ᠡᠮᠦᠰᠴᠤ ᠴᠠᠮᠨᠠᠳᠠᠭ᠃ ᠲᠡᠷᠡ ᠨᠢ ᠡᠷᠯᠢᠭ ᠨᠤᠮᠤᠨ ᠬᠠᠭᠠᠨ ᠤ ᠵᠠᠷᠯᠢᠭ ᠢᠶᠠᠷ ᠲᠠᠮᠤ ᠶᠢᠨ ᠤᠷᠤᠨ ᠠᠴᠠ ᠡᠨᠡ ᠤᠷᠴᠢᠯᠠᠩ ᠳᠤ ᠡᠷᠯᠢᠭ ᠤᠨ ᠡᠯᠴᠢ ᠪᠠᠷ ᠢᠷᠡᠵᠤ᠂ ᠦᠬᠦᠬᠦ ᠴᠠᠭ ᠪᠤᠯᠤᠭᠰᠠᠨ ᠬᠦᠮᠦᠨ ᠤ ᠰᠦᠨᠡᠰᠦ ᠶᠢ ᠠᠪᠠᠴᠢᠬᠤ ᠪᠠᠷ ᠶᠠᠪᠤᠵᠤ ᠪᠠᠶᠢᠭ᠎ᠠ ᠶᠢ ᠲᠦᠷᠰᠦᠯᠡᠨ ᠴᠠᠮᠨᠠᠳᠠᠭ᠃      ︵ᠭᠤᠷᠪᠠ︶ ᠠᠽᠠᠷ ᠴᠠᠮ      ᠠᠽᠠᠷ ᠢ ᠪᠠᠰᠠ ᠠᠵᠠᠷ ᠭᠡᠳᠡᠭ᠃ ᠠᠽᠠᠷ ᠢ ᠬᠤᠶᠠᠷ ᠠᠴᠠ ᠲᠦᠷᠪᠡᠨ ᠬᠦᠮᠦᠨ ᠭᠠᠷᠯᠠᠨ ᠴᠠᠮᠨᠠᠳᠠᠭ᠃ ᠲᠡᠷᠡ  ᠨᠢ ᠡᠨᠡᠳᠭᠡᠭ ᠬᠦᠮᠦᠨ ᠤ ᠳᠦᠷᠢ ᠶᠢ ᠲᠦᠷᠰᠦᠯᠡᠨ ᠢᠯᠡᠳᠭᠡᠵᠤ᠂ ᠴᠠᠮᠨᠠᠭᠴᠢᠳ ᠨᠢ ᠬᠡᠩᠭᠡᠷᠭᠡ ᠶᠢᠨ ᠬᠤᠷᠳᠤᠨ ᠠᠶᠢᠵᠢᠮ ᠢᠶᠠᠷ ᠰᠦᠮ᠎ᠡ ᠶᠢᠨ ᠡᠬᠦᠳᠡ ᠪᠠᠷ ᠰᠠᠴᠤᠯᠢ ᠰᠡᠷᠵᠢᠮ ᠡᠷᠭᠦᠵᠦ ᠪᠠᠶᠢᠭ᠎ᠠ ᠮᠠᠶ᠋ᠢᠭ ᠲᠠᠢ ᠭᠠᠷᠴᠤ ᠢᠷᠡᠳᠡᠭ᠃ ᠡᠨᠡ ᠨᠢ ᠲᠦᠮᠡᠨ ᠠᠮᠢᠳᠠᠨ ᠳᠤ ᠲᠠᠪᠤᠨ ᠲᠠᠷᠢᠶᠠᠨ ᠤ ᠦᠷ᠎ᠡ ᠶᠢ ᠰᠠᠴᠤᠨ ᠦᠭᠴᠦ ᠪᠤᠶᠠᠨ ᠦᠢᠯᠡᠳᠴᠦ ᠪᠠᠶᠢᠭ᠎ᠠ ᠶᠢ ᠢᠯᠡᠳᠭᠡᠳᠡᠭ᠃ ᠲᠤᠰ ᠴᠠᠮ ᠳᠤ ᠡᠨᠡᠳᠭᠡᠭ ᠤᠨ ᠬᠦᠳᠡᠯᠮᠦᠷᠢᠴᠢᠨ ᠠᠷᠠᠳ ᠲᠦᠮᠡᠨ ᠤ ᠠᠵᠢᠯᠴᠢ ᠪᠤᠷᠤᠭᠵᠢᠭᠤᠨ ᠪᠠᠶᠢᠳᠠᠯ ᠢ ᠲᠦᠷᠰᠦᠯᠡᠵᠤ᠂ ᠴᠢᠳᠬᠦᠷ ᠰᠢᠮᠨᠤᠰ ᠠᠴᠠ ᠠᠶᠤᠬᠤ ᠦᠭᠡᠢ ᠡᠷᠡᠯᠬᠡᠭ ᠪᠠᠭᠠᠳᠤᠷᠯᠢᠭ ᠵᠠᠩ ᠴᠢᠨᠠᠷ ᠢ ᠢᠯᠡᠳᠭᠡᠭᠰᠡᠨ ᠪᠠᠶᠢᠳᠠᠭ᠃       ︵ᠲᠦᠷᠪᠡ︶ ᠡᠷᠪᠡᠭᠡᠢ ᠴᠠᠮ       ᠡᠷᠪᠡᠭᠡᠢ ᠴᠠᠮ ᠨᠢ ᠪᠠᠰᠠ ᠬᠤᠬᠢᠮᠠᠢ ᠴᠠᠮ ᠲᠠᠢ ᠠᠳᠠᠯᠢᠬᠠᠨ ᠪᠠᠭ ᠡᠮᠦᠰᠴᠦ ᠴᠠᠮᠨᠠᠳᠠᠭ᠃ ᠭᠡᠪᠡᠴᠦ ᠬᠤᠶᠠᠷ ᠴᠢᠬᠢ ᠨᠢ ᠳᠡᠯᠳᠡᠭᠡᠷ᠂ ᠪᠠᠭ ᠲᠡᠭᠡᠷ᠎ᠡ ᠨᠢ ᠲᠠᠪᠤᠨ ᠪᠢᠴᠢᠬᠠᠨ ᠬᠤᠪᠠᠭ᠋ᠠᠢ ᠶᠠᠰᠤᠨ ᠲᠤᠯᠤᠭᠠᠢ ᠶᠢᠨ ᠴᠢᠮᠡᠭ ᠲᠠᠢ᠂ ᠲᠠᠪᠤᠨ ᠦᠩᠭᠡ ᠶᠢᠨ ᠭᠤᠷᠪᠠᠯᠵᠢᠨ ᠨᠢᠳᠦ ᠵᠢᠷᠤᠭᠰᠠᠨ ᠲᠠᠪᠤᠨ ᠦᠩᠭᠡ ᠶᠢᠨ ᠰᠤᠯᠤᠩᠭᠠᠨ ᠦᠩᠭᠡᠳᠦ ᠳᠠᠯᠪᠠᠭ᠎ᠠ ᠬᠠᠳᠬᠤᠳᠠᠭ᠃ ᠴᠠᠮᠴᠢᠨ ᠨᠢ ᠴᠠᠭᠠᠨ ᠪᠤᠶᠤ ᠴᠠᠭᠠᠨ ᠡᠷᠢᠶᠡᠨ ᠣᠬᠤᠷ ᠬᠤᠪᠴᠠᠰᠤ ᠡᠮᠦᠰᠴᠦ᠂ ᠭᠠᠷ ᠤᠨ ᠠᠯᠠᠭ᠎ᠠ ᠪᠠᠨ ᠴᠢᠰᠤᠨ ᠤᠯᠠᠭᠠᠨ ᠦᠩᠭᠡ ᠪᠠᠷ ᠪᠤᠳᠤᠵᠤ᠂ ᠬᠤᠯᠤᠰᠤ ᠪᠤᠶᠤ ᠰᠢᠪᠠᠭᠤᠨ ᠤ ᠥᠳᠦ ᠪᠠᠷ ᠬᠢᠭᠰᠡᠨ ᠤᠷᠳᠤ ᠬᠢᠮᠤᠰᠤ ᠲᠠᠢ ᠪᠡᠭᠡᠯᠡᠢ ᠬᠢᠵᠤ᠂ ᠵᠡᠬᠦᠨ ᠭᠠᠷ ᠲᠤ ᠪᠠᠨ ᠵᠢᠵᠢᠭ ᠬᠡᠩᠭᠡᠷᠭᠡ ᠪᠠᠷᠢᠵᠤ᠂ ᠪᠠᠷᠠᠭᠤᠨ ᠭᠠᠷ ᠢᠶᠠᠷ ᠢᠶᠠᠨ ᠴᠠᠮ ᠤᠨ ᠠᠶᠠᠰ ᠤᠨ ᠠᠶᠢᠵᠢᠮ ᠲᠠᠢ ᠵᠤᠬᠢᠴᠠᠭᠤᠯᠤᠨ ᠬᠡᠩᠭᠡᠷᠭᠡ ᠪᠠᠨ ᠲᠡᠯᠡᠳᠦᠨ᠂ ᠬᠦᠩᠭᠡᠨ ᠭᠠᠪᠰᠢᠭᠠᠢ ᠴᠠᠮᠨᠠᠳᠠᠭ᠃ ᠡᠷᠪᠡᠭᠡᠢ ᠴᠠᠮ ᠳᠤ ᠴᠣᠶᠢᠷᠵᠢᠯ ᠨᠣᠮᠣᠨ ᠬᠠᠭᠠᠨ ᠤ ᠪᠠᠷᠢᠵᠤ ᠬᠤᠷᠢᠶᠠᠭᠰᠠᠨ ᠲᠠᠶᠢᠰᠤᠨ ᠢ ᠡᠳᠦᠷ ᠤᠨ ᠬᠠᠷᠠᠭᠤᠯ ᠰᠦᠨᠢ ᠶᠢᠨ ᠮᠠᠨᠠᠭ᠎ᠠ ᠪᠠᠷ ᠣᠰᠣᠯᠳᠤᠯ ᠦᠭᠡᠢ ᠬᠠᠷᠠᠵᠤ ᠰᠠᠬᠢᠬᠤ ᠶᠢ ᠰᠤᠷᠭᠠᠵᠤ ᠪᠠᠶᠢᠭ᠎ᠠ ᠬᠦᠳᠡᠯᠭᠡᠭᠡᠡ ᠢ ᠲᠦᠷᠰᠦᠯᠡᠨ ᠢᠯᠡᠳᠭᠡᠳᠡᠭ᠃ ᠡᠬᠦᠨ ᠤ ᠬᠠᠮᠲᠤ ᠴᠡᠴᠡᠭ ᠨᠡᠪᠴᠢ ᠶᠢᠨ ᠲᠤᠮᠳᠠᠭᠤᠷ ᠡᠷᠬᠡ ᠴᠢᠯᠦᠭᠡᠳᠡᠢ ᠪᠠᠷ ᠨᠢᠰᠦᠨ ᠶᠠᠪᠤᠵᠤ ᠪᠠᠶᠢᠭ᠎ᠠ ᠰᠠᠨᠠᠭ᠎ᠠ ᠶᠢ ᠳᠦᠷᠰᠦᠯᠡᠨ ᠢᠯᠡᠳᠭᠡᠳᠡᠭ᠃ ᠡᠷᠪᠡᠭᠡᠢ ᠶᠢᠨ ᠲᠤᠯᠤᠭᠠᠢ ᠶᠢᠨ ᠪᠠᠭ ᠲᠡᠭᠡᠷ᠎ᠡ ᠬᠠᠮᠠᠷ ᠲᠠᠭᠠᠷᠠᠭᠤᠯᠳᠠᠭ ᠦᠭᠡᠢ ᠨᠢ ᠲᠠᠶᠢᠰᠤᠨ ᠲᠠᠢ ᠪᠠᠶᠢᠯᠳᠤᠵᠤ ᠪᠠᠶᠢᠭᠠᠳ ᠬᠠᠮᠠᠷ ᠢᠶᠠᠨ ᠠᠯᠳᠠᠭᠰᠠᠨ ᠢ ᠪᠡᠯᠭᠡᠳᠡᠳᠡᠭ᠃ ᠲᠡᠭᠡᠭᠡᠳ ᠪᠤᠷᠬᠠᠨ ᠳᠤ ᠢᠷᠡᠵᠤ ᠭᠠᠪᠢᠶ᠎ᠠ ᠲᠤᠭᠠᠴᠢᠵᠤ ᠪᠠᠶᠢᠨ᠎ᠠ ᠭᠡᠨ᠎ᠡ᠃ ᠡᠷᠪᠡᠭᠡᠢ ᠴᠠᠮ ᠢ ᠤᠯᠠᠩᠬᠢ ᠳᠤ ᠲᠦᠷᠪᠡᠨ ᠬᠦᠮᠦᠨ ᠴᠠᠮᠨᠠᠳᠠᠭ᠃ ᠲᠤᠰ ᠴᠠᠮ ᠤᠨ ᠭᠤᠣᠯ ᠪᠣᠯᠬᠤ ᠬᠦᠳᠡᠯᠭᠡᠭᠡᠨ ᠳᠤ ᠪᠡᠯᠡᠳᠭᠡᠯ᠂ ᠭᠠᠷ ᠤᠨ ᠰᠠᠵᠢᠯᠠᠭ᠎ᠠ᠂ ᠲᠡᠪᠭᠡᠴᠡᠯᠭᠡ᠂ ᠰᠦᠯᠪᠡᠭᠡᠯᠭᠡ᠂ ᠦᠪᠦᠷᠦᠯᠭᠡ᠂ ᠠᠷᠤᠯᠭ᠎ᠠ᠂ ᠵᠦᠷᠢᠯᠭᠡ᠂ ᠦᠰᠦᠷᠦᠯᠭᠡ ᠬᠢᠭᠡᠳ ᠪᠤᠴᠠᠯᠠᠭ᠎ᠠ ᠵᠡᠷᠭᠡ ᠬᠦᠳᠡᠯᠭᠡᠭᠡᠨ ᠪᠠᠶᠢᠳᠠᠭ᠃       ︵ᠲᠠᠪᠤ︶ ᠪᠤᠭᠤ ᠴᠠᠮ       ᠪᠤᠭᠤ ᠨᠢ ᠪᠡᠶ᠎ᠡ ᠳᠡᠭᠡᠨ ᠤᠰᠤᠨ ᠤᠭᠠᠯᠵᠢᠳᠤ ᠬᠤᠷᠮᠤᠶᠢᠪᠴᠢ ᠲᠠᠢ ᠰᠢᠷ᠎ᠠ ᠴᠤᠬᠤᠷᠢᠭ ᠮᠠᠩᠨᠤᠭ ᠡᠮᠦᠰᠴᠦ᠂ ᠲᠡᠷᠢᠬᠦᠨ ᠳᠡᠭᠡᠨ ᠰᠢᠷ᠎ᠠ ᠴᠤᠬᠤᠷᠢᠭ ᠦᠩᠭᠡᠲᠡᠢ ᠪᠤᠭᠤ ᠶᠢᠨ ᠲᠤᠯᠤᠭᠠᠶᠢᠳᠤ ᠪᠠᠭ ᠡᠮᠦᠰᠳᠡᠭ᠃ ᠪᠠᠭ ᠤᠨ ᠠᠷᠤ ᠳᠤᠬᠤ ᠶᠢ ᠬᠦᠷᠡᠩ ᠦᠩᠭᠡ ᠶᠢᠨ ᠠᠷᠤᠪᠴᠢ ᠪᠠᠷ ᠪᠢᠳᠡᠭᠦᠯᠡᠳᠡᠭ᠃ ᠲᠤᠰ ᠴᠠᠮ ᠳᠤ ᠮᠠᠾᠠᠺᠠᠯᠠ ᠶᠢᠨ ᠬᠤᠪᠢᠯᠭᠠᠨ ᠪᠤᠭᠤ ᠪᠣᠯᠵᠤ ᠮᠠᠩᠭᠤᠰ ᠤᠨ ᠤᠷᠤᠨ ᠳᠤ ᠠᠷᠪᠠᠨ ᠭᠤᠷᠪᠠᠨ ᠳᠠᠪᠬᠤᠷ ᠯᠠᠴᠠᠨ ᠬᠤᠳᠠ ᠶᠢ ᠭᠠᠯᠳᠠᠵᠤ᠂ ᠠᠷᠪᠠᠨ ᠭᠤᠷᠪᠠᠨ ᠦᠰᠢᠶᠡᠳᠡᠨ ᠳᠠᠶᠢᠰᠤᠨ ᠢᠶᠠᠨ ᠲᠠᠷᠤᠭᠠᠳ ᠴᠢᠯᠦᠭᠡᠳᠡᠢ ᠠᠮᠢᠳᠤᠷᠠᠵᠤ ᠪᠠᠶᠢᠭ᠎ᠠ ᠶᠢ ᠢᠯᠡᠳᠭᠡᠳᠡᠭ᠃ ᠲᠤᠰ ᠴᠠᠮ ᠢ ᠶᠡᠷᠦᠳᠡ ᠭᠠᠭᠴᠠ ᠬᠦᠮᠦᠨ ᠴᠠᠮᠨᠠᠳᠠᠭ᠃       ︵ᠵᠢᠷᠭᠤᠭ᠎ᠠ︶ ᠴᠤᠶᠢᠷᠵᠢᠯ ᠴᠠᠮ       ᠴᠤᠶᠢᠷᠵᠢᠯ ᠴᠠᠮ ᠭᠡᠳᠡᠭ ᠨᠢ ᠡᠷᠯᠢᠭ ᠨᠣᠮᠣᠨ ᠬᠠᠭᠠᠨ ᠢ ᠵᠢᠭᠠᠵᠤ ᠪᠤᠢ᠃ ᠲᠤᠰ ᠴᠠᠮ ᠳᠤ ᠴᠤᠶᠢᠷᠢᠯᠵᠢᠯᠴᠠᠮᠪᠠᠩ᠂ ᠴᠤᠶᠢᠷᠢᠯᠵᠢᠯᠭᠠᠷᠪᠤ᠂ ᠴᠤᠶᠢᠷᠢᠯᠵᠢᠯᠰᠡᠷᠪᠦ᠂ ᠴᠣᠶᠢᠷᠢᠯᠵᠢᠯᠮᠠᠷᠪᠦ᠂ ᠴᠣᠶᠢᠷᠵᠢᠯᠨᠡᠪᠦ ᠶᠢ ᠲᠠᠪᠤ ᠴᠠᠮᠴᠢᠨ ᠴᠠᠮᠨᠠᠳᠠᠭ ᠪᠦᠭᠡᠳ ᠲᠤᠰ ᠲᠤᠰ ᠤᠨ ᠬᠤᠪᠴᠠᠰᠤ᠂ ᠪᠠᠭ ᠪᠠ ᠲᠤᠭᠯᠠᠯᠳᠠ ᠶᠢᠨ ᠬᠡᠷᠡᠭᠰᠡᠯ ᠨᠢ ᠪᠦᠷ ᠠᠳᠠᠯᠢ ᠦᠭᠡᠢ ᠪᠠᠶᠢᠳᠠᠭ᠃       ︵ᠲᠤᠯᠤᠭ᠎ᠠ︶ ᠲᠦᠰᠢ ᠯᠾᠠᠮᠤ ᠴᠠᠮ       ᠲᠦᠰᠢ ᠯᠾᠠᠮᠤ ᠭᠡᠳᠡᠭ ᠪᠤᠯᠢ ᠲᠦᠷᠪᠡᠨ ᠤᠯᠠᠷᠢᠯ ᠤᠨ ᠦᠬᠢᠨ ᠲᠡᠭᠷᠢ ᠭᠡᠰᠡᠨ ᠤᠳᠬ᠎ᠠ ᠲᠠᠢ ᠲᠥᠪᠡᠳ ᠦᠭᠡ ᠪᠤᠯᠤᠨ᠎ᠠ᠃ ᠵᠠᠷᠢᠮ ᠭᠠᠵᠠᠷ ᠲᠤ ᠪᠠᠰᠠ ᠠᠮ᠎ᠠ ᠪᠤᠷᠬᠠᠨ ᠭᠡᠳᠡᠭ᠃ ᠤᠯᠠᠩᠬᠢ ᠰᠦᠮ᠎ᠡ ᠬᠡᠶᠢᠳ ᠲᠤ ᠯᠾᠠᠮᠤ᠂ ᠴᠠᠮᠪᠠᠩ ᠲᠤᠰ ᠲᠤᠰ ᠨᠢᠭᠡ ᠬᠦᠮᠦᠨ᠂ ᠨᠤᠭᠤᠭᠠᠨ᠂ ᠤᠯᠠᠭᠠᠨ᠂ ᠰᠢᠷ᠎ᠠ᠂ ᠬᠠᠷ᠎ᠠ ᠲᠦᠷᠪᠡᠨ ᠦᠩᠭᠡ ᠶᠢᠨ ᠬᠤᠪᠴᠠᠰᠤ ᠪᠠ ᠪᠠᠭ ᠡᠮᠦᠰᠴᠦ᠂ ᠲᠦᠷᠪᠡᠨ ᠤᠯᠠᠷᠢᠯ ᠢ ᠲᠦᠯᠦᠭᠡᠯᠡᠨ ᠲᠦᠰᠢ ᠯᠾᠠᠮᠤ ᠲᠦᠷᠪᠡᠨ ᠬᠦᠮᠦᠨ᠂ ᠯᠾᠠᠮᠤ  ᠶᠢᠨ ᠬᠤᠶᠠᠷ ᠰᠢᠳᠠᠷ ᠳᠠᠭᠠᠭᠰᠠᠳ ᠵᠡᠷᠭᠡ ᠨᠠᠢᠮᠠᠨ ᠬᠦᠮᠦᠨ ᠴᠠᠮᠨᠠᠳᠠᠭ᠃       ︵ᠨᠠᠢᠮᠠ︶ ᠡᠪᠦᠭᠡᠨ ᠡᠮᠡᠭᠡᠨ ᠴᠠᠮ       ᠡᠪᠦᠭᠡᠨ ᠡᠮᠡᠭᠡᠨ ᠴᠠᠮ ᠢ ᠪᠠᠰᠠ ᠫᠦᠮᠦ ᠭᠡᠳᠡᠭ᠃ ᠴᠠᠭᠠᠨ ᠰᠠᠬᠠᠯ ᠴᠠᠭᠠᠨ ᠬᠦᠮᠦᠰᠭᠡ ᠲᠠᠢ ᠪᠡᠶ᠎ᠡ ᠳᠡᠭᠡᠨ ᠪᠣᠷᠤ ᠬᠦᠷᠡᠩ ᠦᠩᠭᠡᠲᠡᠢ ᠲᠣᠷᠭᠠᠨ ᠳᠡᠪᠡᠯ ᠡᠮᠦᠰᠴᠦ᠂ ᠬᠦᠵᠦᠭᠦᠨ ᠳᠡᠭᠡᠨ ᠽᠠᠨᠳᠠᠨ ᠡᠷᠢᠬᠡ ᠵᠡᠬᠦᠵᠦ᠂ ᠲᠤᠷᠭᠠᠨ ᠪᠦᠰᠡ ᠪᠦᠰᠡᠯᠡᠨ᠂ ᠲᠡᠷᠢᠬᠦᠨ ᠳᠡᠭᠡᠨ ᠤᠷᠳᠤ ᠬᠡᠵᠢᠭᠡ ᠪᠠᠨ ᠰᠤᠯᠠ ᠲᠠᠯᠪᠢᠨ ᠢᠨᠢᠶᠡᠮᠰᠦᠭᠯᠡᠭᠰᠡᠨ ᠡᠪᠦᠭᠡᠨ ᠤ ᠲᠦᠷᠢᠳᠦ ᠪᠠᠭ ᠡᠮᠦᠰᠴᠦ᠂ ᠭᠠᠷ ᠲᠤ ᠪᠠᠨ ᠪᠤᠬᠢᠷ ᠲᠠᠶᠠᠭ ᠲᠤᠯᠵᠤ ᠴᠠᠮᠨᠠᠳᠠᠭ᠃ ᠡᠮᠡᠭᠡᠨ ᠴᠠᠮ ᠤ ᠴᠠᠮᠴᠢᠨ ᠨᠢ ᠬᠥᠬᠡ ᠪᠤᠶᠤ ᠨᠤᠭᠤᠭᠠᠨ ᠳᠡᠪᠡᠯ ᠡᠮᠦᠰᠴᠦ᠂ ᠭᠠᠳᠠᠭᠤᠷ ᠨᠢ ᠤᠤᠵᠢ ᠳᠠᠪᠬᠤᠷᠯᠠᠨ᠂ ᠳᠡᠭᠡᠭᠦᠷ ᠨᠢ ᠳᠤᠷᠳᠤᠩ ᠪᠦᠰᠡ ᠪᠦᠰᠡᠯᠡᠵᠤ᠂ ᠬᠦᠵᠦᠬᠦᠨ ᠳᠡᠭᠡᠨ ᠡᠷᠢᠬᠡ ᠵᠡᠬᠦᠳᠡᠭ᠃ ᠴᠠᠯ ᠪᠤᠭᠤᠷᠤᠯ ᠬᠡᠵᠢᠬᠡ ᠲᠠᠢ᠂ ᠴᠢᠬᠢᠨ ᠳᠤ ᠪᠠᠨ ᠲᠤᠮᠤ ᠡᠭᠡᠮᠦᠭ ᠵᠡᠬᠦᠵᠤ᠂ ᠪᠠᠶᠠᠷᠯᠠᠩᠭᠤᠷ ᠲᠦᠷᠢᠳᠤ ᠬᠦᠭᠰᠢᠨ ᠤ ᠪᠠᠭ ᠵᠡᠬᠦᠵᠤ᠂ ᠭᠠᠷ ᠲᠤ ᠪᠠᠨ ᠪᠤᠬᠢᠷ ᠲᠠᠶᠠᠭ ᠲᠤᠯᠵᠤ ᠴᠠᠮᠨᠠᠳᠠᠭ᠃ ᠲᠤᠰ ᠴᠠᠮ ᠳᠤ ᠶᠢᠷᠳᠢᠨᠴᠦ ᠶᠢᠨ ᠬᠦᠮᠦᠨ ᠲᠦᠷᠦᠯᠬᠢᠳᠡᠨ ᠤ ᠥᠰᠬᠦ᠂ ᠥᠳᠡᠯᠬᠦ ᠵᠡᠷᠭᠡ ᠠᠮᠢᠳᠤᠷᠠᠯ ᠤᠨ ᠵᠢᠮ᠎ᠡ ᠶᠤᠰᠤ ᠶᠢ ᠲᠦᠷᠰᠦᠯᠡᠨ ᠴᠠᠮᠨᠠᠳᠠᠭ᠃ ᠬᠠᠶ᠋ᠢᠩᠬᠢᠷᠸ᠎ᠠ ᠰᠦᠮ᠎ᠡ ᠶᠢᠨ ᠴᠠᠭᠠᠨ ᠡᠪᠦᠭᠡᠨ ᠪᠠ ᠡᠮᠡᠭᠡᠨ ᠴᠠᠮ ᠨᠢ ᠪᠤᠰᠤᠳ ᠰᠦᠮ᠎ᠡ ᠳᠤ ᠪᠠᠶᠢᠳᠠᠭ ᠴᠠᠭᠠᠨ ᠡᠪᠦᠭᠡᠨ᠂ ᠬᠠᠱᠠᠩ ᠡᠪᠦᠭᠡᠨ᠂ ᠡᠪᠦᠭᠡᠨ ᠡᠮᠡᠭᠡᠨ ᠴᠠᠮ ᠤᠨ ᠭᠤᠷᠪᠠᠨ ᠠᠳᠠᠯᠢ ᠪᠤᠰᠤ ᠳᠦᠷᠢ ᠶᠢ ᠨᠢᠭᠡᠳᠭᠡᠨ ᠴᠠᠮᠨᠠᠳᠠᠭ ᠢᠶᠠᠷ ᠢᠶᠠᠨ ᠦᠪᠡᠷᠮᠢᠴᠡ ᠤᠨᠴᠠᠯᠢᠭ ᠲᠠᠢ ᠪᠦᠭᠡᠳ ᠲᠣᠩ ᠪᠦᠳᠦᠭᠡᠯᠴᠢ ᠪᠠᠷ ᠴᠠᠭᠠᠨ ᠡᠪᠦᠭᠡᠨ ᠤ ᠨᠡᠶᠢᠳᠡᠯᠢᠭ ᠳᠦᠷᠢ ᠶᠢ ᠪᠦᠳᠦᠭᠡᠵᠤ᠂ ᠮᠣᠩᠭᠤᠯ ᠠᠷᠠᠳ ᠲᠦᠮᠡᠨ ᠤ ᠠᠮᠢᠳᠤᠷᠠᠯ ᠪᠠ ᠤᠨᠴᠠᠯᠢᠭ  ᠲᠠᠢ ᠵᠤᠬᠢᠴᠠᠭᠤᠯᠵᠤ ᠴᠢᠳᠠᠭᠰᠠᠨ ᠶᠤᠮ᠃        ︵ᠶᠢᠰᠦ︶ ᠮᠠᠾᠠᠺᠠᠯᠠ ᠴᠠᠮ        ᠮᠠᠾᠠᠺᠠᠯᠠ ᠴᠠᠮ ᠢ ᠪᠠᠰᠠ ᠭᠤᠮᠪᠤ ᠴᠠᠮ ᠭᠡᠳᠡᠭ᠃ ᠮᠠᠾᠠᠺᠠᠯᠠ ᠪᠣᠯ ᠨᠢᠭᠡᠨ ᠲᠣᠭᠰᠢᠨ ᠰᠠᠬᠢᠭᠤᠯᠰᠤᠨ ᠪᠣᠯᠣᠨ᠎ᠠ᠃ ᠪᠡᠶ᠎ᠡ ᠳᠡᠭᠡᠨ ᠬᠠᠷ᠎ᠠ ᠦᠩᠭᠡ ᠲᠠᠢ ᠮᠠᠩᠨᠤᠭ ᠲᠤᠷᠭᠠᠨ ᠲᠡᠭᠡᠷ᠎ᠡ ᠯᠤᠤ ᠬᠠᠳᠬᠤᠭᠰᠠᠨ ᠳᠡᠪᠡᠯ ᠡᠮᠦᠰᠴᠦ ᠭᠠᠳᠠᠭᠤᠷ ᠨᠢ ᠶᠠᠰᠤᠨ ᠴᠢᠮᠡᠭ ᠵᠡᠬᠦᠨ ᠬᠡᠯᠳᠦᠷᠭᠡ ᠶᠢᠨ ᠬᠤᠸᠠᠷ ᠬᠠᠳᠬᠤᠭᠰᠠᠨ ᠴᠡᠭᠡᠵᠢᠮᠡᠭ ᠵᠡᠬᠦᠳᠡᠭ᠃ ᠬᠦᠵᠦᠬᠦᠨ ᠳᠡᠭᠡᠨ ᠬᠦᠮᠦᠨ ᠤ ᠲᠣᠯᠣᠭᠠᠢ ᠶᠢ ᠬᠤᠯᠪᠤᠵᠤ ᠬᠢᠭᠰᠡᠨ ᠡᠷᠢᠬᠡ ᠵᠡᠬᠦᠳᠡᠭ᠃ ᠲᠤᠰ ᠴᠠᠮ ᠳᠤ ᠮᠠᠾᠠᠺᠠᠯᠠ ᠰᠠᠬᠢᠭᠤᠯᠰᠤᠨ ᠬᠠᠨᠢᠳᠠᠨ ᠲᠠᠢ ᠪᠠᠨ ᠬᠠᠮᠳᠤ ᠲᠤᠭᠰᠢᠨ ᠰᠦᠷᠯᠢᠭ ᠳᠦᠷᠢ ᠲᠠᠢ ᠭᠠᠷᠴᠤ ᠢᠷᠡᠨ ᠪᠤᠷᠬᠠᠨ ᠪᠠᠭᠰᠢ ᠶᠢᠨ ᠨᠣᠮᠯᠠᠯ ᠢ ᠴᠢᠩᠭ᠎ᠠ ᠰᠠᠬᠢᠨ᠂ ᠡᠷᠳᠡᠨᠢᠰ ᠤᠨ ᠭᠡᠭᠡᠨ ᠴᠤᠭ ᠰᠦᠯᠳᠡ ᠪᠠᠨ ᠮᠠᠨᠳᠤᠭᠤᠯᠤᠨ ᠠᠯᠢᠪᠠ ᠴᠢᠳᠬᠦᠷ ᠰᠢᠮᠨᠤᠰ ᠢ ᠲᠠᠷᠤᠭᠠᠳ ᠶᠢᠷᠳᠢᠨᠴᠦ ᠶᠢᠨ ᠬᠦᠮᠦᠨ ᠠᠮᠢᠳᠠᠨ ᠢ ᠠᠮᠤᠷᠵᠢᠭᠤᠯᠤᠨ ᠪᠠᠶᠠᠰᠬᠠᠵᠤ᠂ ᠢᠯᠠᠭᠤᠭᠰᠠᠨ ᠪᠤᠷᠬᠠᠨ ᠤ ᠨᠣᠮ ᠢ ᠳᠡᠯᠭᠡᠷᠡᠬᠦᠯᠬᠦ ᠪᠠᠷ ᠲᠡᠮᠡᠴᠡᠵᠤ᠂ ᠬᠦᠮᠦᠨ ᠠᠮᠢᠳᠠᠨ ᠤ ᠠᠯᠢᠪᠠ ᠰᠠᠶᠢᠨ ᠰᠠᠶᠢᠬᠠᠨ ᠢ ᠵᠦᠩᠨᠡᠵᠤ ᠪᠠᠶᠢᠬᠤ ᠶᠢ ᠢᠯᠡᠳᠬᠡᠨ ᠴᠠᠮᠨᠠᠳᠠᠭ᠃        ︵ᠠᠷᠪᠠ︶ ᠵᠠᠮᠰᠠᠷᠠᠩ ᠴᠠᠮ        ᠵᠠᠮᠰᠠᠷᠡᠩ ᠢ ᠪᠠᠰᠠ ᠤᠯᠠᠭᠠᠨ ᠰᠠᠭᠢᠭᠤᠰᠤ ᠭᠡᠳᠡᠭ᠃ ᠪᠡᠶ᠎ᠡ ᠳᠡᠭᠡᠨ ᠭᠠᠯ ᠤᠯᠠᠭᠠᠨ ᠮᠠᠩᠨᠤᠭ ᠲᠤᠷᠭᠠᠨ ᠲᠡᠭᠡᠷ᠎ᠡ ᠬᠡ ᠤᠭᠠᠯᠵᠠ ᠭᠤᠶᠤᠯᠠᠨ ᠤᠶᠤᠭᠰᠠᠨ ᠲᠡᠪᠡᠯ ᠡᠮᠦᠰᠴᠦ᠂ ᠭᠠᠳᠠᠭᠤᠷ ᠨᠢ ᠬᠠᠷ᠎ᠠ ᠪᠤᠶᠤ ᠬᠥᠬᠡ ᠲᠤᠷᠭᠠᠨ ᠲᠡᠭᠡᠷ᠎ᠡ ᠤᠯᠠᠭᠠᠨ ᠦᠩᠭᠡ ᠶᠢᠨ  ᠲᠣᠷᠭ᠎ᠠ ᠪᠠᠷ ᠬᠡᠯᠳᠦᠷᠭᠡ ᠶᠢᠨ ᠬᠤᠸᠠᠷ ᠬᠠᠶᠢᠴᠢᠯᠠᠨ ᠤᠶᠤᠭᠰᠠᠨ ᠴᠡᠭᠡᠵᠢᠮᠡᠭ ᠡᠮᠦᠰᠳᠡᠭ᠃ ᠪᠠᠷᠠᠭᠤᠨ ᠲᠠᠯ᠎ᠠ ᠳᠠᠭᠠᠨ ᠰᠠᠭᠠᠳᠠᠭ ᠵᠡᠬᠦᠵᠦ᠂ ᠵᠡᠬᠦᠨ ᠲᠠᠯ᠎ᠠ ᠳᠠᠭᠠᠨ ᠨᠤᠮᠤ ᠳᠡᠭᠦᠵᠢᠯᠡᠳᠡᠭ᠃ ᠬᠤᠷᠴᠠ ᠭᠤᠷᠪᠠᠨ ᠨᠢᠳᠤᠷ ᠲᠠᠢ᠂ ᠲᠤᠤᠷᠠᠳᠤ ᠤᠷᠤᠭᠤᠯ ᠢᠶᠠᠨ ᠵᠠᠭᠤᠵᠤ᠂ ᠬᠢᠯᠢᠩᠨᠡᠭᠰᠡᠨ ᠪᠠᠶᠢᠳᠠᠯ ᠲᠠᠢ᠂ ᠤᠷᠤᠢ ᠲᠡᠭᠡᠷ᠎ᠡ ᠨᠢ ᠲᠠᠪᠤᠨ ᠬᠤᠬᠢᠮᠠᠢ ᠶᠢᠨ ᠲᠤᠯᠤᠭᠠᠢ ᠪᠠᠷ ᠲᠢᠳᠢᠮᠯᠡᠵᠤ᠂ ᠤᠯᠠᠭᠠᠨ ᠦᠰᠦ ᠨᠢ ᠰᠡᠷᠪᠡᠶᠢᠭᠰᠡᠨ ᠤᠯᠠᠭᠠᠨ ᠦᠩᠭᠡ ᠶᠢᠨ ᠲᠤᠭᠰᠢᠨ ᠲᠦᠷᠢᠳᠤ ᠪᠠᠭ ᠡᠮᠦᠰᠦᠭᠡᠳ ᠢᠯᠳᠦ ᠠᠳᠬᠤᠨ᠂ ᠬᠤᠷᠤᠭᠤᠨ ᠳᠠᠭᠠᠨ ᠬᠦᠯᠢᠶᠡᠰᠦ ᠤᠶᠠᠵᠤ᠂ ᠬᠥᠯ ᠳᠡᠭᠡᠨ ᠠᠷᠠᠰᠤᠨ ᠭᠤᠲᠤᠯ ᠡᠮᠦᠰᠴᠦ ᠴᠠᠮᠨᠠᠳᠠᠭ᠃ ᠵᠠᠮᠰᠠᠷᠠᠩ ᠴᠠᠮ ᠪᠣᠯ ᠵᠠᠮᠰᠠᠷᠡᠩ ᠰᠠᠬᠢᠭᠤᠯᠰᠤᠨ ᠤ ᠳᠦᠷᠢ ᠶᠢ ᠢᠯᠡᠳᠭᠡᠵᠤ ᠴᠠᠮᠨᠠᠳᠠᠭ᠃ ᠵᠠᠮᠰᠠᠷᠡᠩ ᠪᠤᠷᠬᠠᠨ ᠪᠣᠯ ᠮᠣᠩᠭᠤᠯ ᠲᠥᠪᠡᠳ ᠤᠷᠣᠨ ᠳᠤ ᠲᠠᠬᠢᠳᠠᠭ ᠭᠠᠵᠠᠷ ᠤᠰᠤ ᠶᠢ ᠡᠵᠡᠯᠡᠨ ᠬᠠᠮᠠᠭᠠᠯᠠᠭᠴᠢ ᠪᠤᠷᠬᠠᠨ ᠶᠤᠮ᠃        ︵ᠠᠷᠪᠠᠨ ᠨᠢᠭᠡ︶ ᠬᠤᠩ ᠬᠡᠷᠢᠶ᠎ᠡ ᠰᠢᠷ᠎ᠠ ᠰᠢᠪᠠᠭᠤᠨ ᠴᠠᠮ        ᠬᠤᠩ ᠬᠡᠷᠢᠶ᠎ᠡ ᠬᠢᠭᠡᠳ ᠰᠢᠷ᠎ᠠ ᠰᠢᠪᠠᠭᠤᠨ ᠴᠠᠮ ᠢ ᠲᠤᠰ ᠲᠤᠰ ᠨᠢᠭᠡ ᠴᠠᠮᠴᠢᠨ ᠴᠠᠮᠨᠠᠳᠠᠭ᠃ ᠬᠤᠩ ᠬᠡᠷᠢᠶ᠎ᠡ ᠬᠠᠷ᠎ᠠ ᠮᠠᠩᠨᠤᠭ ᠡᠮᠦᠰᠴᠦ᠂ ᠲᠡᠷᠢᠬᠦᠨ ᠳᠡᠭᠡᠨ ᠬᠡᠷᠢᠶ᠎ᠡ ᠰᠢᠪᠠᠭᠤᠨ ᠤ ᠲᠦᠷᠢᠳᠦ ᠪᠠᠭ ᠡᠮᠦᠰᠦᠨ ᠴᠠᠮᠨᠠᠳᠠᠭ᠃ ᠰᠢᠷ᠎ᠠ ᠰᠢᠪᠠᠭᠤ ᠲᠤᠯᠤᠭᠠᠢ ᠳᠠᠭᠠᠨ ᠰᠢᠷ᠎ᠠ ᠦᠩᠭᠡᠲᠦ ᠪᠠᠭ ᠡᠮᠦᠰᠴᠦ ᠴᠠᠮᠨᠠᠳᠠᠭ᠃ ᠲᠤᠰ ᠬᠤᠶᠠᠷ ᠴᠠᠮ ᠤᠨ ᠬᠦᠳᠡᠯᠭᠡᠭᠡᠨ ᠨᠢ ᠬᠤᠷᠴᠠ ᠰᠢᠷᠦᠬᠦᠨ᠂ ᠭᠠᠪᠰᠢᠭᠠᠢ ᠲᠦᠷᠭᠡᠨ ᠪᠦᠭᠡᠳ ᠬᠠᠷᠢᠯᠴᠠᠨ ᠦᠷᠢᠰᠦᠯᠳᠡᠨ ᠲᠡᠮᠡᠴᠡᠯᠳᠦᠬᠦ ᠪᠠᠶᠢᠳᠠᠯ ᠭᠠᠷᠭᠠᠳᠠᠭ᠃        ︵ᠠᠷᠪᠠᠨ ᠬᠤᠶᠠᠷ︶ ᠱᠠᠨᠠᠭ ᠴᠠᠮ        ᠱᠠᠨᠠᠭ ᠴᠠᠮ ᠢ ᠪᠠᠰᠠ ᠳᠠᠷᠤᠭ ᠴᠠᠮ ᠭᠡᠵᠤ ᠬᠡᠯᠡᠳᠡᠭ᠃ ᠱᠠᠨᠠᠭ ᠴᠠᠮ ᠪᠠᠭ ᠡᠮᠦᠰᠳᠡᠭ ᠦᠭᠡᠢ ᠮᠠᠯᠠᠭᠠᠢ ᠶᠢᠨ ᠶᠠᠩᠵᠤ ᠪᠠᠷ ᠨᠢ ᠱᠠᠨᠠᠭ ᠭᠡᠵᠤ ᠲᠥᠪᠡᠳ ᠢᠶᠠᠷ ᠨᠡᠷᠡᠯᠡᠳᠡᠭ᠃ ᠮᠤᠩᠭᠤᠯ ᠢᠶᠠᠷ ᠬᠠᠷ᠎ᠠ ᠮᠠᠯᠠᠭᠠᠶᠢᠳᠠᠨ ᠭᠡᠵᠤ ᠨᠡᠷᠡᠯᠡᠳᠡᠭ᠃ ᠬᠠᠶ᠋ᠢᠩᠬᠢᠷᠸ᠎ᠠ ᠰᠦᠮ᠎ᠡ ᠰᠡᠬᠦᠯᠴᠢ ᠶᠢᠨ ᠦᠶ᠎ᠡ ᠳᠤ ᠲᠥᠷᠪᠡᠨ ᠱᠠᠨᠠᠭ ᠴᠠᠮᠨᠠᠳᠠᠭ ᠪᠠᠶᠢᠵᠠᠢ᠃ ᠱᠠᠨᠠᠭ ᠴᠠᠮ ᠨᠢ ᠡᠨᠡᠷᠢᠩᠬᠦᠢ ᠲᠦᠷᠢ ᠲᠠᠢ ᠪᠤᠷᠬᠠᠳ ᠤᠨ ᠲᠦᠷᠢ ᠶᠢ ᠲᠦᠷᠰᠦᠯᠡᠨ ᠢᠯᠡᠳᠬᠡᠳᠡᠭ᠃ ᠱᠠᠨᠠᠭ ᠴᠠᠮᠨᠠᠯᠳᠠ ᠨᠢ ᠠᠯᠢᠪᠠ ᠴᠢᠳᠬᠦᠷ ᠰᠢᠮᠨᠤᠰ ᠢ ᠲᠠᠷᠤᠵᠤ᠂ ᠲᠦᠮᠡᠨ ᠠᠮᠢᠳᠠᠨ ᠤ ᠠᠮᠤᠷ ᠵᠢᠷᠭᠠᠯ ᠲᠠᠢ ᠪᠠᠶᠢᠳᠠᠯ ᠢ ᠲᠦᠷᠰᠦᠯᠡᠨ ᠢᠯᠡᠳᠭᠡᠳᠡᠭ᠃        ︵ᠠᠷᠪᠠᠨ ᠭᠤᠷᠪᠠ︶ ᠬᠦᠷᠢᠶ᠎ᠡ ᠴᠠᠮ        ᠬᠦᠷᠢᠶ᠎ᠡ ᠴᠠᠮ ᠭᠡᠳᠡᠭ ᠨᠢ ᠪᠦᠬᠦ ᠴᠠᠮ ᠢ ᠲᠠᠬᠢᠨ ᠨᠢᠭᠡ ᠤᠳᠠᠭ᠎ᠠ ᠲᠠᠯᠠᠪᠠᠢ ᠳᠤ ᠭᠠᠷᠭᠠᠵᠤ ᠬᠦᠷᠢᠶᠡᠯᠡᠵᠤ ᠵᠤᠭᠰᠤᠭᠠᠳ ᠬᠠᠮᠳᠤ ᠪᠠᠷ ᠴᠠᠮᠨᠠᠬᠤ ᠬᠠᠮᠳᠤ ᠶᠢᠨ ᠪᠦᠵᠢᠭ ᠪᠤᠯᠣᠨ᠎ᠠ᠃ ᠢᠮᠠᠭᠠᠨ ᠪᠦᠷᠢᠶ᠎ᠡ ᠶᠢᠨ ᠭᠤᠷᠪᠠ ᠤᠳᠠᠭ᠎ᠠ ᠶᠢᠨ ᠤᠷᠢᠯᠲᠠ ᠪᠠᠷ ᠪᠦᠬᠦ ᠴᠠᠮᠴᠢᠨ ᠭᠠᠷᠴᠤ ᠢᠷᠡᠭᠡᠳ ᠴᠠᠮᠪᠠᠩ ᠤᠨ ᠲᠠᠭᠠᠭᠤᠯᠭ᠎ᠠ ᠪᠠᠷ ᠴᠠᠮᠷᠠ ᠶᠢᠨ ᠳᠤᠮᠳᠠ ᠨᠢ ᠵᠤᠭᠰᠤᠵᠤ᠂ ᠪᠤᠰᠤᠳ ᠴᠠᠮ ᠨᠢ ᠬᠦᠷᠢᠶᠡᠯᠡᠵᠤ ᠵᠤᠭᠰᠤᠭᠠᠳ ᠬᠠᠮᠳᠤ ᠪᠠᠷ ᠴᠠᠮᠨᠠᠳᠠᠭ᠃        ᠬᠠᠶ᠋ᠢᠩᠬᠢᠷᠸ᠎ᠠ ᠰᠦᠮ᠎ᠡ ᠶᠢᠨ ᠴᠠᠮ 6 ᠰᠠᠷ᠎ᠠ ᠶᠢᠨ14 ᠪᠠ15 ᠬᠤᠶᠠᠷ ᠡᠳᠦᠷ ᠴᠠᠮᠨᠠᠳᠠᠭ᠃14 ᠤ ᠡᠳᠦᠷ ᠯᠢᠩᠬ᠎ᠠ ᠰᠡᠭᠯᠡᠵᠦ᠂ ᠰᠤᠷ ᠵᠠᠯᠠᠬᠤ ᠶᠣᠰᠤᠯᠠᠯ ᠶᠠᠪᠤᠭᠤᠯᠵᠤ᠂ ᠰᠤᠷ ᠵᠠᠯᠠᠭᠠᠳ ᠪᠦᠬᠦ ᠡᠳᠦᠷ ᠤᠨ ᠢᠷᠦᠭᠡᠯ ᠤᠨ ᠬᠤᠷᠠᠯ ᠲᠡᠭᠦᠰᠳᠡᠭ᠃ 15 ᠤ ᠡᠳᠦᠷ ᠤᠤᠯ ᠶᠤᠰᠤᠭᠠᠷ ᠴᠠᠮ ᠢᠶᠠᠨ ᠲᠠᠬᠢᠨ ᠴᠠᠮᠨᠠᠳᠠᠭ ᠪᠤᠯᠪᠠᠴᠤ ︽ᠯᠢᠩᠬ᠎ᠠ︾ ᠡᠪᠳᠡᠬᠦ ᠠᠭᠤᠯᠭ᠎ᠠ ᠪᠠᠶᠢᠬᠤ ᠦᠭᠡᠢ᠂ ᠮᠠᠶᠢᠳᠠᠷᠢ ᠪᠤᠷᠬᠠᠨ ᠡᠷᠭᠢᠬᠦ ᠶᠤᠰᠤᠯᠠᠯ ᠶᠠᠪᠤᠭᠤᠯᠵᠤ ᠪᠦᠬᠦ ᠴᠠᠮ ᠲᠡᠭᠦᠰᠳᠡᠭ᠃        2007 ᠤᠨ ᠳᠤ ᠬᠦᠪᠡᠭᠡᠲᠦ ᠰᠢᠷ᠎ᠠ ᠬᠤᠰᠢᠭᠤᠨ ᠤ ᠬᠠᠶ᠋ᠢᠩᠬᠢᠷᠸ᠎ᠠ ᠰᠦᠮ᠎ᠡ ᠶᠢᠨ ᠴᠠᠮ ᠪᠦᠵᠢᠭ ᠨᠢ ᠪᠦᠬᠦ ᠤᠯᠤᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠲᠠᠩᠰᠠᠯᠠᠭᠳᠠᠵᠤ᠂ ᠤᠯᠤᠰ ᠤᠨ ᠤᠷᠠᠯᠢᠭ ᠤᠨ ᠲᠠᠶᠢᠰᠠᠨ ᠳᠤ ᠲᠡᠪᠰᠢᠬᠦᠯᠦᠭᠳᠡᠵᠦ᠂ ᠴᠠᠮ ᠰᠤᠳᠤᠯᠤᠭᠠᠴᠢ ᠰᠤ᠂ ᠲᠤᠷᠵᠢᠵᠠᠪ ᠭᠤᠸᠠᠢ ᠦᠩᠭᠡ ᠬᠡᠷᠡᠯᠳᠡᠢ ᠪᠠᠷ ᠦᠪᠦᠷ ᠮᠤᠩᠭᠤᠯ ᠤᠨ ᠪᠤᠳᠠᠰ ᠤᠨ ᠪᠤᠰᠤ ᠰᠤᠶᠤᠯ ᠤᠨ — ᠴᠠᠮ ᠤᠨ ᠤᠯᠠᠮᠵᠢᠯᠠᠨ ᠵᠠᠯᠭᠠᠮᠵᠢᠯᠠᠭᠴᠢ ᠪᠠᠷ ᠦᠨᠡᠯᠡᠭᠳᠡᠵᠡᠢ᠃
 
ᠢᠷᠡᠯᠲᠡ᠄ ︽ᠶᠡᠭᠡ ᠲᠤᠰᠠᠳᠠᠢ ᠬᠡᠶᠢᠳ- ᠬᠠᠶ᠋ᠢᠩᠬᠢᠷᠸ᠎ᠠ︾ ᠭᠡᠬᠦ ᠨᠣᠮ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号