ᠬᠦᠪᠡᠭᠡᠲᠤ ᠰᠢᠷ᠎ᠠ ᠬᠤᠰᠢᠭᠤᠨ ᠤ ᠰᠢᠨ᠎ᠠ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠤᠷᠢᠯᠠᠭᠰᠡᠨ | ᠠᠭᠤᠰᠬᠢᠨ ᠤ ᠦᠷᠪᠡᠰᠤᠯ ᠢ ᠰᠡᠷᠬᠡᠶᠢᠯᠡᠨ ᠡᠵᠡᠮᠳᠡᠬᠦ ᠠᠵᠢᠯ ᠤᠨ ᠵᠢᠯᠤᠭᠤᠳᠬᠤ ᠬᠡᠯᠳᠡᠰ ᠤᠨ ᠵᠡᠷᠯᠢᠭ᠋ | ︵ᠨᠢᠭᠡᠳᠦᠭᠡᠷ ᠲᠤᠭᠠᠳᠤ︶ | ᠦᠢᠷ᠎ᠠ ᠶᠢᠨ ᠬᠤᠭᠤᠴᠠᠭᠠᠨ ᠳᠤ ᠰᠢᠯᠢ ᠶᠢᠨ ᠭᠤᠤᠯ ᠠᠶᠢᠮᠠᠭ ᠤᠨ ᠭᠠᠳᠠᠨᠠᠬᠢ ᠪᠤᠰᠤᠳ ᠭᠠᠵᠡᠷ ᠤᠷᠤᠨ | ᠠᠴᠠ ᠬᠦᠪᠡᠭᠡᠲᠤ ᠰᠢᠷ᠎ᠠ ᠬᠤᠰᠢᠭᠤᠨ ᠳᠤ ᠢᠷᠡᠭᠰᠡᠨ ᠬᠦᠮᠤᠰ ᠢ ᠬᠡᠷ ᠲᠤᠨᠢ ᠲᠤᠰᠠᠭᠠᠷᠯᠠᠬᠤ ᠬᠠᠮᠢᠶᠠᠷᠤᠯᠳᠠ ᠶᠢ | ᠤᠯᠠᠮ ᠴᠢᠩᠭᠠᠳᠬᠠᠵᠤ᠂ ᠪᠦᠳᠤᠮᠵᠢᠳᠡᠢ ᠠᠷᠭ᠎ᠠ ᠬᠡᠮᠵᠢᠶ᠎ᠠ ᠲᠠᠷᠤᠶᠢᠬᠠᠨ ᠠᠪᠬᠤ ᠶᠢ ᠪᠠᠳᠤᠯᠠᠨ᠂ ᠠᠷᠡᠳ ᠲᠦᠮᠡᠨ ᠤ | ᠠᠮᠢ ᠨᠠᠰᠤᠨ ᠤ ᠠᠮᠤᠷ ᠲᠦᠪᠰᠢᠨ ᠪᠠ ᠪᠠᠶ᠎ᠠ ᠮᠠᠬᠠᠪᠤᠳ ᠤᠨ ᠡᠷᠡᠬᠦᠯ ᠮᠠᠡᠳᠤ ᠶᠢ ᠪᠠᠳᠤᠯᠠᠬᠤ ᠶᠢᠨ ᠲᠤᠰᠠᠳᠠ | ᠲᠤᠤᠷᠡᠬᠢ ᠵᠠᠷᠯᠢᠭ ᠢ ᠨᠠᠶᠢᠳᠠᠯᠠᠶᠠ᠄ | ᠨᠢᠬᠡ᠂ ᠬᠡᠷ ᠲᠤᠨᠢ ᠲᠤᠰᠠᠭᠠᠷᠯᠠᠵᠤ ᠠᠵᠢᠭᠯᠠᠯᠳᠠ ᠬᠢᠬᠦ ᠡᠳᠡᠬᠡᠳ | ᠦᠢᠷ᠎ᠠ ᠶᠢᠨ ᠬᠤᠭᠤᠴᠠᠭᠠᠨ ᠳᠤ ᠰᠢᠯᠢ ᠶᠢᠨ ᠭᠤᠤᠯ ᠠᠶᠢᠮᠠᠭ ᠤᠨ ᠭᠠᠳᠠᠨᠠᠬᠢ ᠪᠤᠰᠤᠳ ᠭᠠᠵᠡᠷ ᠤᠷᠤᠨ | ᠠᠴᠠ ᠬᠦᠪᠡᠭᠡᠲᠤ ᠰᠢᠷ᠎ᠠ ᠬᠤᠰᠢᠭᠤᠨ ᠳᠤ ᠢᠷᠡᠭᠰᠡᠨ ᠬᠦᠮᠤᠰ︔ ᠦᠢᠷ᠎ᠠ ᠶᠢᠨ ᠬᠤᠶᠡᠷ ᠭᠠᠷᠠᠭ ᠲᠤ ᠰᠢᠨ᠎ᠠ ᠬᠡᠯᠪᠡᠷᠢ | ᠶᠢᠨ ᠲᠢᠳᠢᠮᠯᠢᠭ ᠸᠢᠷᠦ᠋ᠰ ᠠᠴᠠ ᠬᠠᠯᠳᠠᠪᠤᠷᠢᠯᠠᠭᠰᠡᠨ ᠠᠭᠤᠰᠬᠢᠨ ᠤ ᠦᠷᠪᠢᠰᠤᠯ ᠤᠨ ᠬᠢᠵᠢᠭ ᠡᠬᠦᠰᠦᠭᠰᠡᠨ ᠭᠠᠵᠡᠷ | ᠲᠤ ᠤᠴᠢᠭᠰᠡᠨ ᠬᠦᠮᠤᠰ︔ ᠤᠨᠤᠰᠢᠯᠠᠭᠰᠡᠨ ᠡᠪᠡᠳᠴᠢᠳᠠᠨ᠂ ᠰᠡᠵᠢᠭᠯᠡᠯᠳᠡᠢ ᠡᠪᠡᠳᠴᠢᠳᠠᠨ᠂ ᠲᠣᠰᠠᠭᠠᠷᠯᠠᠭᠳᠠᠨ | ᠠᠵᠢᠭᠯᠠᠯᠳᠠ ᠬᠢᠵᠤ ᠪᠠᠶᠢᠭ᠎ᠠ ᠬᠦᠮᠤᠰ ᠲᠠᠢ ᠦᠢᠷᠠᠳᠤᠭᠰᠡᠳ︔ ᠬᠡᠷ ᠪᠦᠯᠢ ᠶᠢᠨ ᠪᠦᠷᠢᠯᠳᠤᠬᠦᠨ ᠪᠤᠶᠤ ᠰᠠᠳᠤᠨ | ᠲᠦᠷᠤᠯ ᠨᠢ ᠬᠢᠵᠢᠭᠳᠦ ᠤᠷᠤᠨ ᠠᠴᠠ ᠢᠷᠡᠭᠰᠡᠨ ᠬᠦᠮᠤᠰ᠃ | ᠬᠤᠶᠡᠷ᠂ ᠲᠣᠰᠠᠭᠠᠷᠯᠠᠵᠣ ᠠᠵᠢᠭᠯᠠᠯᠳᠠ ᠬᠢᠬᠦ ᠠᠷᠭ᠎ᠠ | 1.ᠰᠢᠯᠢ ᠶᠢᠨ ᠭᠤᠤᠯ ᠠᠶᠢᠮᠠᠭ ᠤᠨ ᠭᠠᠳᠠᠨᠠᠬᠢ ᠪᠤᠰᠤᠳ ᠭᠠᠵᠡᠷ ᠤᠷᠤᠨ ᠠᠴᠠ ᠢᠷᠡᠭᠰᠡᠳ ᠨᠢ ᠬᠦᠪᠡᠭᠡᠲᠤ | ᠰᠢᠷ᠎ᠠ ᠬᠤᠰᠢᠭᠤᠨ ᠳᠤ ᠢᠷᠡᠭᠰᠡᠨ ᠴᠠᠭ ᠠᠴᠠ ᠪᠠᠨ ᠡᠬᠢᠯᠡᠨ ᠠᠵᠢᠯᠯᠠᠵᠤ ᠪᠠᠶᠢᠭ᠎ᠠ ᠪᠠᠶᠢᠭᠤᠯᠭ᠎ᠠ᠂ ᠬᠠᠷᠢᠶᠠᠯᠠᠭᠳᠠᠬᠤ | ᠨᠠᠶᠢᠬᠡᠮ ᠲᠤᠭᠤᠷᠢᠭ ᠪᠤᠶᠤ ᠭᠠᠴᠠᠭᠠᠨ ᠳᠤ ᠪᠠᠨ ᠮᠡᠳᠡᠬᠦᠯᠵᠤ ᠲᠠᠩᠰᠠᠯᠠᠭᠤᠯᠬᠤ ᠶᠢᠨ ᠬᠠᠮᠳᠤ ᠤᠬᠠᠮᠰᠠᠷ ᠠᠴᠠ ᠬᠡᠷ | ᠲᠤ ᠪᠠᠨ ᠰᠠᠭᠤᠵᠤ 14 ᠡᠳᠤᠷ ᠲᠤᠰᠠᠭᠠᠷᠯᠠᠨ᠎ᠠ᠃ ᠠᠯᠪᠠ ᠪᠠᠷ ᠨᠢᠭᠤᠬᠤ ᠪᠠ ᠲᠤᠭᠳᠠᠭᠠᠯ ᠢ ᠵᠦᠷᠢᠴᠠᠨ | ᠬᠠᠮᠵᠢᠯᠴᠠᠬᠤ ᠦᠬᠡᠢ ᠠᠴᠠ ᠪᠤᠯᠵᠤ ᠬᠢᠵᠢᠭ ᠲᠠᠷᠬᠠᠭᠠᠭᠰᠡᠨ ᠪᠠᠶᠢᠪᠠᠯ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ | ᠠᠴᠠ ᠬᠠᠤᠯᠢ ᠶᠤᠰᠤᠭᠠᠷ ᠬᠠᠷᠢᠭᠤᠴᠠᠯᠭ᠎ᠠ ᠨᠠᠬᠡᠮᠵᠢᠯᠠᠨᠠ᠃ | 2.ᠲᠣᠰᠠᠭᠠᠷᠯᠠᠭᠳᠠᠨ ᠠᠵᠢᠭᠯᠠᠯᠳᠠ ᠬᠢᠵᠤ ᠪᠠᠶᠢᠭ᠎ᠠ ᠬᠦᠮᠤᠰ ᠲᠤ ᠬᠠᠷᠢᠶ᠎ᠠ ᠤᠷᠤᠨ ᠨᠢ ᠬᠠᠮᠢᠶᠠᠷᠤᠯᠳᠠ | ᠶᠠᠪᠤᠭᠤᠯᠵᠤ᠂ ᠪᠠᠶᠢᠭᠤᠯᠭ᠎ᠠ ᠳᠤ ᠠᠵᠢᠯᠯᠠᠵᠤ ᠪᠠᠶᠢᠪᠠᠯ ᠪᠠᠶᠢᠭᠤᠯᠭ᠎ᠠ ᠠᠴᠠ ᠨᠢ ᠲᠤᠰᠬᠠᠢ ᠬᠦᠮᠤᠨ ᠲᠤᠮᠢᠯᠠᠵᠤ ᠬᠢᠨᠡᠨ | ᠬᠠᠮᠢᠶᠠᠷᠬᠤ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠎ᠠ︔ ᠬᠡᠷᠪᠡ ᠪᠠᠶᠢᠭᠤᠯᠭ᠎ᠠ ᠳᠤ ᠠᠵᠢᠯᠯᠠᠵᠤ ᠪᠠᠶᠢᠬᠤ ᠦᠬᠡᠢ | ᠪᠤᠯ ᠨᠠᠶᠢᠬᠡᠮ ᠲᠤᠭᠤᠷᠢᠭ ᠪᠠ ᠭᠠᠴᠠᠭᠠᠨ ᠤ ︽ᠬᠤᠶᠡᠷ ᠵᠦᠪᠯᠡᠯ︾ ᠠᠴᠠ ᠬᠢᠨᠡᠨ ᠬᠠᠮᠢᠶᠠᠷᠤᠯᠳᠠ ᠶᠢᠨ | ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠎ᠠ᠃ ᠲᠤᠰᠠᠭᠠᠷᠯᠠᠭᠳᠠᠨ ᠠᠵᠢᠭᠯᠠᠯᠳᠠ ᠬᠢᠵᠤ ᠪᠠᠶᠢᠭ᠎ᠠ ᠬᠦᠮᠤᠰ ᠤᠨ | ᠪᠠᠶᠢᠭᠤᠯᠭ᠎ᠠ ᠪᠤᠶᠤ ᠬᠠᠷᠢᠶᠠᠯᠠᠭᠳᠠᠬᠤ ᠨᠠᠶᠢᠬᠡᠮ ᠲᠤᠭᠤᠷᠢᠭ ᠠᠴᠠ ᠲᠤᠰ ᠬᠦᠮᠤᠨ ᠳᠤ ᠮᠡᠳᠡᠭᠳᠡᠯ ᠤᠨ ᠪᠢᠴᠢᠭ ᠦᠭᠴᠤ | ᠂ ᠸᠢᠴᠠᠲ᠂ ᠤᠬᠤᠷ ᠮᠡᠳᠡᠭᠡ ᠵᠡᠷᠬᠡ ᠪᠠᠷ ᠮᠡᠳᠡᠭᠳᠡᠨ᠂ ᠲᠤᠰᠠᠭᠠᠷᠯᠠᠭᠳᠠᠵᠤ ᠪᠠᠶᠢᠭ᠎ᠠ ᠡᠳᠡᠬᠡᠳ ᠨᠢ ᠮᠡᠳᠡᠭᠳᠡᠯ | ᠤᠯᠤᠭᠰᠡᠨ ᠤ ᠲᠠᠷᠠᠭ᠎ᠠ ᠬᠠᠷᠢᠭᠤ ᠦᠭᠬᠦᠨ᠎ᠠ᠃ ᠨᠠᠶᠢᠬᠡᠮ ᠲᠤᠭᠤᠷᠢᠭ ᠠᠴᠠ ᠲᠤᠰᠠᠭᠠᠷᠯᠠᠭᠳᠠᠭᠰᠡᠨ ᠡᠳᠡᠬᠡᠳ ᠤᠨ | ᠰᠠᠭᠤᠵᠤ ᠪᠠᠶᠢᠭ᠎ᠠ ᠰᠠᠭᠤᠭᠠᠯᠢ ᠲᠤᠭᠤᠷᠢᠭ ᠤᠨ ᠤᠷᠤᠴᠠ᠂ ᠠᠰᠠᠷ ᠤᠨ ᠲᠠᠪᠬᠤᠷᠯᠢᠭ᠂ ᠬᠡᠷ ᠤᠨ ᠨᠤᠮᠧᠷ ᠢ ᠲᠣᠰ | ᠣᠷᠣᠴᠨ ᠶᠢᠨ ᠨᠢᠬᠡᠳᠣᠬᠡᠷ ᠲᠠᠪᠬᠤᠷ ᠲᠤ ᠵᠠᠷᠯᠠᠯ ᠨᠠᠶᠢᠳᠠᠯᠠᠵᠣ᠂ ᠭᠠᠴᠠᠭᠠᠨ ᠠᠴᠠ ᠲᠤᠰᠠᠭᠠᠷᠯᠠᠭᠳᠠᠭᠰᠡᠨ ᠬᠦᠮᠤᠰ ᠤᠨ | ᠪᠠᠶᠢᠭ᠎ᠠ ᠬᠤᠳᠠᠨ ᠳᠤ ᠵᠠᠷᠯᠠᠯ ᠨᠠᠶᠢᠳᠠᠯᠡᠬᠦ ᠬᠡᠷᠡᠭᠳᠠᠢ᠃ ᠬᠡᠪᠡᠴᠣ ᠲᠤᠰᠠᠭᠠᠷᠯᠠᠭᠳᠠᠭᠰᠡᠨ ᠬᠦᠮᠤᠰ ᠤᠨ ᠬᠤᠪᠢ ᠶᠢᠨ | ᠨᠢᠭᠤᠴᠠ ᠶᠢ ᠵᠠᠳᠠᠷᠠᠭᠤᠯᠵᠤ ᠪᠤᠯᠬᠤ ᠦᠬᠡᠢ ︵ᠵᠢᠱᠢᠶᠡᠯᠡᠪᠠᠯ ᠨᠡᠷ᠎ᠡ᠂ ᠤᠳᠠᠰᠤᠨ ᠨᠤᠮᠧᠷ᠂ ᠪᠡᠶ᠎ᠡ ᠶᠢᠨ ᠦᠨᠡᠮᠯᠡᠯ ᠤᠨ | ᠨᠤᠮᠧᠷ︶᠃ | 3.ᠬᠡᠷ ᠲᠤ ᠨᠢ ᠲᠣᠰᠠᠭᠠᠷᠯᠠᠵᠣ ᠪᠠᠶᠢᠬᠤ ᠬᠤᠭᠤᠴᠠᠭᠠᠨ ᠳᠤ ᠪᠤᠯᠬᠤ ᠶᠢᠨ ᠲᠤᠳᠤᠷ᠎ᠠ ᠲᠤᠰᠠᠭᠠᠷ ᠪᠠᠶᠢᠯᠭᠠᠵᠤ᠂ | ᠬᠤᠪᠢ ᠬᠦᠮᠤᠨ ᠤ ᠡᠷᠡᠬᠦᠯ ᠬᠠᠮᠠᠭᠠᠯᠠᠯ ᠢ ᠰᠠᠶᠢᠳᠤᠷ ᠠᠩᠬᠠᠷᠴᠣ᠂ ᠬᠡᠷ ᠤᠨ ᠬᠦᠮᠤᠰ ᠲᠠᠢ ᠪᠠᠨ ᠨᠢᠭᠳᠠ | ᠦᠢᠷᠠᠳᠤᠬᠤ ᠦᠬᠡᠢ ᠪᠠᠶᠢᠬᠤ ᠬᠡᠷᠡᠭᠳᠡᠢ᠃ ᠡᠳᠤᠷ ᠪᠤᠯᠭᠠᠨ ᠤ ᠦᠳᠠ ᠶᠢᠨ ᠡᠮᠤᠨ᠎ᠠ ᠶᠢᠨ 9 ᠴᠠᠭ᠂ ᠦᠳᠠ ᠶᠢᠨ | ᠬᠤᠶᠢᠨ᠎ᠠ ᠶᠢᠨ 3 ᠴᠠᠭ ᠲᠤ ᠥᠪᠡᠷᠰᠡᠳ ᠢᠶᠠᠨ ᠪᠠᠶ᠎ᠠ ᠶᠢᠨ ᠬᠠᠯᠠᠭᠤᠨ ᠢᠶᠠᠨ ᠬᠡᠮᠵᠢᠬᠦ ᠶᠢᠨ ᠬᠠᠮᠳᠤ ᠤᠳᠠᠰᠤ ᠪᠠᠷ | ᠪᠤᠶᠤ ᠤᠬᠤᠷ ᠮᠡᠳᠡᠭᠡ᠂ ᠸᠢᠴᠠᠲ ᠪᠠᠷ ᠮᠡᠳᠡᠭᠳᠠᠨᠠ᠃ ᠡᠯ᠎ᠠ ᠪᠠᠶᠢᠭᠤᠯᠭ᠎ᠠ᠂ ᠭᠠᠴᠠᠭ᠎ᠠ ᠨᠠᠶᠢᠬᠡᠮ ᠲᠤᠭᠤᠷᠢᠭ ᠤᠨ | ᠬᠢᠨᠡᠨ ᠬᠠᠮᠢᠶᠠᠷᠬᠤ ᠬᠠᠷᠢᠭᠤᠴᠠᠯᠭᠠᠳᠠᠨ ᠠᠴᠠ ᠲᠤᠰᠠᠭᠠᠷᠯᠠᠭᠳᠠᠨ ᠠᠵᠢᠭᠯᠠᠯᠳᠠ ᠬᠢᠵᠤ ᠪᠠᠶᠢᠭ᠎ᠠ ᠬᠦᠮᠤᠰ ᠲᠠᠢ | ᠰᠠᠶᠢᠳᠤᠷ ᠬᠠᠷᠢᠴᠠᠵᠤ᠂ ᠡᠳᠤᠷ ᠪᠤᠯᠭᠠᠨ ᠦᠷᠯᠤᠬᠡ ᠤᠷᠤᠢ ᠪᠠᠶ᠎ᠠ ᠶᠢᠨ ᠬᠠᠯᠠᠭᠤᠨ ᠢᠶᠠᠨ ᠬᠡᠮᠵᠢᠬᠦ ᠶᠢ ᠴᠢᠩᠭ᠎ᠠ | ᠨᠠᠶᠢᠳᠠᠪᠤᠷᠢᠵᠢᠭᠤᠯᠤᠨ᠂ ᠪᠠᠶ᠎ᠠ ᠶᠢᠨ ᠬᠠᠯᠠᠭᠤᠨ ᠪᠠ ᠡᠷᠡᠬᠦᠯ ᠮᠠᠡᠳᠤ ᠶᠢᠨ ᠪᠠᠶᠢᠳᠠᠯ ᠢ ᠲᠠᠩᠰᠠᠯᠠᠨ ᠲᠡᠮᠳᠡᠭᠯᠡᠨ᠎ᠠ᠃ | ᠪᠠᠶ᠎ᠠ ᠶᠢᠨ ᠬᠠᠯᠠᠭᠤᠨ ᠨᠢ 37.3 ᠭᠷᠠᠳᠦ᠋ᠰ ᠠᠴᠠ ᠬᠡᠳᠤᠷᠡᠭᠰᠡᠨ ᠪᠤᠶᠤ ᠡᠰᠡᠬᠦᠯ᠎ᠠ ᠬᠠᠯᠠᠭᠤᠷᠠᠬᠤ᠂ ᠬᠠᠨᠢᠶᠠᠯᠭᠠᠬᠤ᠂ | ᠬᠤᠭᠤᠯᠠᠢ ᠡᠪᠡᠳᠬᠦ᠂ ᠲᠠᠮᠢᠷᠳᠠᠬᠤ᠂ ᠴᠡᠬᠡᠵᠢ ᠪᠠᠴᠢᠮᠳᠠᠬᠤ ᠵᠡᠷᠬᠡ ᠰᠡᠵᠢᠭᠯᠡᠯᠳᠡᠢ ᠢᠯᠡᠷᠡᠯ ᠭᠠᠷᠪᠠᠯ᠂ | ᠲᠤᠰᠠᠭᠠᠷᠯᠠᠭᠳᠠᠵᠤ ᠪᠠᠶᠢᠭ᠎ᠠ ᠬᠦᠮᠤᠨ ᠪᠤᠶᠤ ᠬᠢᠨᠡᠨ ᠬᠠᠮᠢᠶᠠᠷᠬᠤ ᠬᠠᠷᠢᠭᠤᠴᠠᠯᠭᠠᠳᠠᠨ ᠠᠴᠠ ᠲᠠᠷᠤᠶᠢᠬᠠᠨ ᠤᠳᠠᠰᠤ ᠪᠠᠷ | ᠡᠮᠨᠡᠯᠬᠡ ᠶᠢᠨ ᠬᠤᠷᠢᠶᠠᠨ ᠤ ᠬᠠᠯᠠᠭᠤᠷᠠᠬᠤ ᠡᠬᠦᠳᠠᠨ ᠡᠮᠨᠡᠯᠬᠡ ︵13947492596᠂ 0479 — | 6222189︶ ᠳᠤ ᠮᠡᠳᠡᠬᠦᠯᠵᠤ᠂ ᠲᠠᠷᠤᠶᠢᠬᠠᠨ ᠠᠮᠠᠪᠴᠢ ᠵᠡᠬᠦᠵᠤ ᠬᠤᠰᠢᠭᠤ ᠠᠷᠠᠳ ᠤᠨ ᠡᠮᠨᠡᠯᠬᠡ ᠶᠢᠨ | ᠬᠤᠷᠢᠶᠠᠨ ᠤ ᠬᠠᠯᠠᠭᠤᠷᠠᠬᠤ ᠡᠬᠦᠳᠠᠨ ᠡᠮᠨᠡᠯᠬᠡ ᠳᠤ ᠤᠴᠢᠬᠤ ᠪᠤᠶᠤ ᠬᠤᠰᠢᠭᠤ ᠡᠮᠨᠡᠯᠬᠡ ᠶᠢᠨ ᠬᠤᠷᠢᠶᠠᠨ ᠤ 120 | ᠲᠦᠷᠬᠡᠨ ᠠᠪᠤᠷᠠᠯᠳᠠ ᠶᠢᠨ ᠲᠠᠷᠬᠡ ᠪᠠᠷ ᠬᠠᠯᠠᠭᠤᠷᠠᠬᠤ ᠡᠬᠦᠳᠠᠨ ᠡᠮᠨᠡᠯᠬᠡ ᠳᠤ ᠤᠴᠢᠵᠤ ᠡᠮᠴᠢᠯᠡᠭᠦᠯᠦᠨ᠎ᠡ᠃ ᠬᠢᠨᠡᠨ | ᠬᠠᠮᠢᠶᠠᠷᠬᠤ ᠬᠠᠷᠢᠭᠤᠴᠠᠯᠭᠠᠳᠠᠨ ᠪᠠ ᠬᠤᠰᠢᠭᠤ ᠡᠮᠨᠡᠯᠬᠡ ᠶᠢᠨ ᠬᠤᠷᠢᠶ᠎ᠠ ᠴᠠᠭ ᠲᠤᠬᠠᠢ ᠳᠤᠨᠢ ᠪᠠᠶᠢᠳᠠᠯ ᠢ ᠬᠤᠰᠢᠭᠤ | ᠬᠢᠵᠢᠭ ᠢ ᠰᠡᠷᠬᠡᠶᠢᠯᠡᠨ ᠡᠵᠡᠮᠳᠠᠬᠦ ᠵᠢᠯᠤᠭᠤᠳᠬᠤ ᠬᠡᠯᠳᠡᠰ ᠤᠨ ᠡᠮᠴᠢᠯᠡᠭᠡᠨ ᠤ ᠰᠡᠷᠭᠡᠶᠢᠯᠡᠨ ᠡᠵᠡᠮᠳᠡᠬᠦ ᠳᠤᠭᠤᠶᠢᠯᠠᠩ ︵ | 0479 — 6222994︶ ᠳᠤ ᠮᠡᠳᠡᠬᠦᠯᠤᠨ᠎ᠠ᠃ | 4.ᠲᠤᠰᠠᠭᠠᠷᠯᠠᠭᠳᠠᠨ ᠠᠵᠢᠭᠯᠠᠯᠳᠠ ᠬᠢᠵᠤ ᠪᠠᠶᠢᠭ᠎ᠠ ᠬᠦᠮᠤᠰ ᠢ ᠬᠠᠮᠵᠢᠨ ᠲᠠᠮᠵᠢᠵᠤ᠂ ᠠᠵᠢᠯᠯᠠᠵᠤ ᠪᠠᠶᠢᠭ᠎ᠠ | ᠪᠠᠶᠢᠭᠤᠯᠭ᠎ᠠ᠂ ᠨᠠᠶᠢᠬᠡᠮ ᠲᠤᠭᠤᠷᠢᠭ ᠪᠤᠶᠤ ᠭᠠᠴᠠᠭᠠᠨ ᠤ ᠬᠢᠨᠡᠨ ᠬᠠᠮᠢᠶᠠᠷᠬᠤ ᠬᠠᠷᠢᠭᠤᠴᠠᠯᠭᠠᠳᠠᠨ ᠠᠴᠠ ᠠᠮᠢᠳᠤᠷᠡᠯ | ᠤᠨ ᠬᠡᠷᠡᠭᠴᠡᠬᠡᠨ ᠤ ᠵᠥᠢᠯᠡᠰ ᠢ ᠨᠢ ᠤᠷᠤᠯᠠᠨ ᠠᠪᠴᠤ ᠦᠭᠬᠦᠨ᠎ᠠ᠃ | 5.ᠲᠤᠰᠠᠭᠠᠷᠯᠠᠭᠳᠠᠨ ᠠᠵᠢᠭᠯᠠᠬᠤ ᠬᠤᠭᠤᠴᠠᠭ᠎ᠠ ᠨᠢ ᠲᠠᠭᠤᠰᠤᠭᠰᠡᠨ ᠤ ᠲᠠᠷᠠᠭ᠎ᠠ ᠬᠡᠪ ᠤᠨ ᠪᠤᠰᠤ ᠢᠯᠡᠷᠡᠯ | ᠦᠬᠡᠢ ᠪᠤᠯ ᠠᠵᠢᠯᠯᠠᠵᠤ ᠪᠠᠶᠢᠭ᠎ᠠ ᠪᠠᠶᠢᠭᠤᠯᠭ᠎ᠠ᠂ ᠨᠠᠶᠢᠬᠡᠮ ᠲᠤᠭᠤᠷᠢᠭ ᠪᠤᠶᠤ ᠭᠠᠴᠠᠭᠠᠨ ᠤ ᠵᠦᠪᠯᠡᠯ ᠠᠴᠠ ᠦᠰᠦᠭ | ᠪᠢᠴᠢᠭ ᠤᠨ ᠬᠡᠯᠪᠡᠷᠢ ᠪᠠᠷ ︽ᠬᠡᠷ ᠲᠤᠨᠢ ᠲᠤᠰᠠᠭᠠᠷᠯᠠᠨ ᠠᠵᠢᠭᠯᠠᠬᠤ ᠶᠢ ᠦᠬᠡᠶᠢᠰᠬᠡᠬᠦ ᠮᠡᠳᠡᠭᠳᠡᠯ ᠤᠨ ᠪᠢᠴᠢᠭ︾ | ᠪᠠᠭᠤᠯᠭᠠᠵᠤ᠂ ᠲᠤᠰᠠᠭᠠᠷᠯᠠᠨ ᠠᠵᠢᠭᠯᠠᠯᠳᠠ ᠬᠢᠬᠦ ᠶᠢ ᠦᠬᠡᠶᠢᠰᠬᠡᠨᠠ᠃ ᠭᠤᠤᠯᠳᠠᠯᠭ᠎ᠠ ᠲᠠᠢ ᠡᠲᠡᠭᠡᠳ ᠤᠨ | ᠲᠤᠰᠭᠠᠷᠯᠠᠯ ᠠᠴᠠ ᠦᠭᠡᠶᠢᠰᠬᠡᠬᠦ ᠠᠵᠢᠯ ᠢ ᠳᠤᠲᠤᠭᠠᠳᠤ ᠶᠢ ᠬᠠᠮᠠᠭᠠᠯᠠᠬᠤ ᠳᠤᠪᠴᠢᠶ᠎ᠠ᠂ ᠡᠷᠡᠬᠦᠯ ᠬᠠᠮᠠᠭᠠᠯᠠᠯ ᠡᠷᠡᠬᠦᠯ | ᠴᠢᠬᠢᠷᠠᠭ ᠤᠨ ᠵᠥᠪᠯᠡᠯ ᠠᠴᠠ ᠬᠠᠷᠢᠶ᠎ᠠ ᠪᠠᠶᠢᠭᠤᠯᠭ᠎ᠠ ᠪᠤᠶᠤ ᠭᠠᠴᠠᠭ᠎ᠠ ᠨᠡᠶᠢᠭᠡᠮ ᠲᠤᠭᠤᠷᠢᠭ ᠲᠠᠢ ᠬᠠᠮᠲᠤᠷᠠᠨ | ᠶᠠᠪᠤᠭᠳᠠᠭᠤᠯᠤᠨ᠎ᠠ᠃ | 6. ᠬᠡᠷ ᠲᠤᠨᠢ ᠲᠤᠰᠠᠭᠠᠷᠯᠠᠨ ᠠᠵᠢᠭᠯᠠᠯᠳᠠ ᠬᠢᠵᠤ ᠪᠠᠶᠢᠭ᠎ᠠ ᠬᠦᠮᠤᠰ ᠤᠨ ᠳᠤᠷ᠎ᠠ ᠪᠠᠷ ᠭᠠᠳᠠᠭᠰᠢ ᠭᠠᠷᠬᠤ | ᠶᠢ ᠡᠷᠡᠰ ᠴᠠᠭᠠᠵᠠᠯᠠᠵᠤ᠂ ᠬᠡᠷ ᠪᠦᠯᠢ ᠶᠢᠨ ᠪᠦᠷᠢᠯᠳᠤᠬᠦᠨ ᠨᠢ ᠴᠦ ᠰᠠᠳᠤᠨ ᠲᠦᠷᠤᠯ ᠢᠶᠠᠷ ᠢᠶᠠᠨ ᠠᠶᠢᠯᠴᠢᠯᠠᠵᠤ᠂ | ᠡᠯ᠎ᠠ ᠲᠦᠷᠤᠯ ᠤᠨ ᠴᠤᠭᠯᠠᠭᠠᠨ ᠳᠤ ᠤᠷᠤᠯᠴᠠᠵᠤ ᠪᠤᠯᠬᠤ ᠦᠬᠡᠢ᠃ ᠢᠳᠬᠠᠯᠭ᠎ᠠ ᠶᠢ ᠰᠤᠨᠤᠰᠬᠤ ᠦᠬᠡᠢ ᠪᠤᠯ | ᠠᠵᠢᠯᠯᠠᠵᠤ ᠪᠠᠶᠢᠭ᠎ᠠ ᠪᠠᠶᠢᠭᠤᠯᠭ᠎ᠠ᠂ ᠭᠠᠴᠠᠭ᠎ᠠ ᠨᠠᠶᠢᠬᠡᠮ ᠲᠤᠭᠤᠷᠢᠭ ᠠᠴᠠ ᠲᠤᠳᠤᠭᠠᠳᠤ ᠶᠢ ᠬᠠᠮᠠᠭᠠᠯᠠᠬᠤ ᠲᠤᠪᠴᠢᠶᠠᠨ | ᠳᠤ ᠮᠡᠳᠡᠬᠦᠯᠵᠤ᠂ ᠠᠷᠡᠳ ᠤᠨ ᠴᠠᠭᠳᠠᠭ᠎ᠠ ᠤᠴᠢᠵᠤ ᠰᠤᠷᠭᠠᠨ ᠬᠦᠮᠤᠵᠢᠬᠦᠯᠵᠤ ᠲᠤᠩᠭᠤᠳᠬᠤ ᠶᠢᠨ ᠬᠠᠮᠳᠤ | ᠲᠤᠳᠤᠭᠠᠳᠤ ᠶᠢ ᠬᠠᠮᠠᠭᠠᠯᠠᠬᠤ ᠰᠠᠯᠠᠭ᠎ᠠ ᠮᠦᠴᠢᠷ ᠠᠴᠠ ᠰᠠᠷᠠᠮᠵᠢᠯᠡᠬᠦᠯᠬᠦ ᠪᠢᠴᠢᠭ ᠪᠠᠭᠤᠯᠭᠠᠨ᠂ ᠬᠠᠤᠯᠢ ᠶᠤᠰᠤᠭᠠᠷ | ᠰᠠᠷᠠᠮᠵᠢᠬᠦᠯᠤᠨᠠ᠃ ᠰᠠᠷᠠᠮᠵᠢᠯᠠᠬᠦᠯᠦᠭᠰᠡᠨ ᠤ ᠲᠠᠷᠠᠭ᠎ᠠ ᠮᠥᠨ ᠯᠠ ᠢᠳᠬᠠᠯᠭ᠎ᠠ ᠶᠢ ᠰᠤᠨᠤᠰᠬᠤ ᠦᠬᠡᠢ᠂ ᠬᠢᠵᠢᠭ ᠢ | ᠰᠡᠷᠬᠡᠶᠢᠯᠡᠬᠦ ᠠᠵᠢᠯ ᠳᠤ ᠬᠠᠮᠵᠢᠯᠴᠠᠬᠤ ᠦᠬᠡᠢ ᠲᠤᠷᠡᠪᠡᠷ ᠭᠠᠳᠠᠭᠰᠢ ᠭᠠᠷᠤᠭᠰᠡᠨ ᠪᠠᠶᠢᠪᠠᠯ ᠲᠤᠳᠤᠭᠠᠳᠤ ᠶᠢ | ᠬᠠᠮᠠᠭᠠᠯᠠᠬᠤ ᠰᠠᠯᠠᠭ᠎ᠠ ᠮᠦᠴᠢᠷ ᠠᠴᠠ ᠲᠤᠰ ᠬᠦᠮᠤᠨ ᠢ ᠵᠠᠰᠠᠭ ᠤᠨ ᠤᠷᠳᠤᠨ ᠤ ᠲᠤᠭᠳᠠᠭᠰᠡᠨ ᠲᠦᠪᠯᠡᠷᠡᠬᠦᠯᠤᠨ | ᠲᠤᠰᠠᠭᠠᠷᠯᠠᠬᠤ ᠭᠠᠵᠡᠷ ︵ᠤᠤᠯ ᠤᠨ ᠡᠬᠡ ᠨᠢᠯᠬᠠᠰ ᠤᠨ ᠡᠷᠡᠬᠦᠯᠵᠢᠯ ᠤᠨ ᠬᠤᠷᠢᠶ᠎ᠠ︶ ᠲᠤ ᠲᠤᠰᠠᠭᠠᠷᠯᠠᠬᠤ | ᠬᠤᠭᠤᠴᠠᠭ᠎ᠠ ᠳᠠᠭᠤᠰᠲᠠᠯ᠎ᠠ ᠠᠯᠪᠠᠳᠠᠯᠭ᠎ᠠ ᠪᠠᠷ ᠲᠤᠰᠠᠭᠠᠷᠯᠠᠬᠤ ᠶᠢᠨ ᠬᠠᠮᠳᠤ ︽ᠪᠦᠬᠦᠳᠠ ᠨᠠᠶᠢᠷᠠᠮᠳᠠᠬᠤ ᠲᠤᠮᠳᠠᠳᠤ | ᠠᠷᠡᠳ ᠤᠯᠤᠰ ᠤᠨ ᠬᠠᠯᠳᠠᠪᠤᠷᠢᠳᠤ ᠡᠪᠡᠳᠴᠢᠨ ᠢ ᠰᠡᠷᠬᠡᠶᠢᠯᠡᠨ ᠵᠠᠰᠠᠬᠤ ᠬᠠᠤᠯᠢ︾᠂ ︽ᠪᠦᠬᠦᠳᠠ ᠨᠠᠶᠢᠷᠠᠮᠳᠠᠬᠤ | ᠲᠤᠮᠳᠠᠳᠤ ᠠᠷᠡᠳ ᠤᠯᠤᠰ ᠤᠨ ᠡᠷᠡᠬᠦᠦ ᠶᠢᠨ ᠬᠠᠤᠯᠢ︾᠂ ︽ᠪᠦᠬᠦᠳᠠ ᠨᠠᠶᠢᠷᠠᠮᠳᠠᠬᠤ ᠲᠤᠮᠳᠠᠳᠤ ᠠᠷᠡᠳ ᠤᠯᠤᠰ | ᠤᠨ ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ ᠰᠢᠢᠳᠬᠡᠯ ᠤᠨ ᠬᠠᠤᠯᠢ︾ ᠵᠡᠷᠬᠡ ᠬᠠᠮᠢᠶ᠎ᠠ ᠪᠦᠬᠦᠢ ᠬᠠᠤᠯᠢ ᠴᠠᠭᠠᠵᠠ | ᠶᠢᠨ ᠲᠤᠭᠳᠠᠭᠠᠯ ᠢ ᠦᠡᠳᠤᠰᠤᠯᠡᠨ ᠬᠠᠤᠯᠢ ᠶᠤᠰᠤᠭᠠᠷ ᠬᠠᠷᠢᠭᠤᠴᠠᠯᠭ᠎ᠠ ᠨᠡᠬᠡᠮᠵᠢᠯᠡᠨ᠎ᠠ᠃ | ᠭᠤᠷᠪᠡ᠂ ᠲᠤᠰᠠᠭᠠᠷᠯᠠᠭᠳᠠᠨ ᠠᠵᠢᠭᠯᠠᠯᠳᠠ ᠬᠢᠬᠦ ᠳᠤ ᠠᠩᠬᠠᠷᠬᠤ ᠵᠥᠢᠯᠡᠰ | 1. ᠬᠡᠷᠪᠡ ᠤᠯᠠᠨ ᠢᠵᠢ ᠤᠷᠤᠨ ᠰᠠᠭᠤᠴᠠ ᠲᠠᠢ ᠪᠤᠯ ᠪᠤᠯᠬᠤ ᠶᠢᠨ ᠲᠤᠳᠤᠷ᠎ᠠ ᠲᠤᠰᠠᠭᠠᠷ ᠨᠢ ᠰᠠᠭᠤᠯᠭᠠᠨ᠎ᠠ | ︔ ᠵᠦᠪᠬᠡᠨ ᠨᠢᠬᠡᠯᠡ ᠢᠵᠢ ᠣᠷᠣᠨ ᠰᠠᠭᠤᠴᠠ ᠲᠠᠢ ᠪᠤᠯ ᠲᠣᠰᠠᠭᠠᠷᠯᠠᠭᠳᠠᠬᠤ ᠡᠳᠡᠬᠡᠳ ᠢ ᠲᠤᠰᠠᠭᠠᠷ ᠦᠷᠤᠬᠡᠨ ᠳᠤ | ᠰᠠᠭᠤᠯᠭᠠᠨ᠎ᠠ᠃ ᠬᠡᠷᠪᠡ ᠨᠦᠬᠦᠴᠠᠯ ᠦᠬᠡᠢ ᠪᠤᠯ ᠬᠠᠮᠤᠭ ᠨᠠᠭᠠᠳᠤ ᠵᠠᠬ᠎ᠠ ᠳᠤ ᠪᠠᠨ 1 ᠮᠧᠲᠷ ᠤᠨ ᠵᠠᠶᠢᠳᠡᠢ ᠪᠠᠶᠢᠬᠤ | ᠶᠢ ᠪᠠᠷᠢᠮᠳᠠᠯᠠᠵᠤ᠂ ᠨᠢᠬᠡ ᠤᠷᠤᠨ ᠲᠡᠬᠡᠷ᠎ᠠ ᠬᠤᠨᠤᠬᠤ ᠦᠬᠡᠢ ᠪᠠᠶᠢᠬᠤ ᠬᠡᠷᠡᠭᠳᠡᠢ᠃ ᠬᠦᠳᠡᠯᠬᠡᠬᠡᠨ ᠬᠢᠭᠰᠡᠨ ᠭᠠᠵᠡᠷ | ᠲᠤᠨᠢ ᠬᠡᠷ ᠪᠦᠯᠢ ᠶᠢᠨ ᠪᠤᠰᠤᠳ ᠪᠦᠷᠢᠯᠳᠤᠬᠦᠨ ᠪᠤᠯᠬᠤ ᠶᠢᠨ ᠲᠤᠳᠤᠷ᠎ᠠ ᠤᠴᠢᠬᠤ ᠦᠬᠡᠢ ᠪᠠᠶᠢᠵᠤ᠂ ᠬᠠᠮᠳᠤ | ᠰᠠᠭᠤᠵᠤ ᠪᠠᠶᠢᠭ᠎ᠠ ᠬᠦᠮᠤᠰ ᠲᠠᠢ ᠪᠠᠨ ᠪᠤᠯᠬᠤ ᠶᠢᠨ ᠲᠤᠳᠤᠷ᠎ᠠ ᠦᠢᠷᠠᠬᠠᠨ ᠪᠢᠳᠡᠬᠡᠢ ᠪᠠᠶᠢᠭᠠᠷᠠᠢ᠃ | 2.ᠬᠤᠰᠢᠭᠤᠨ ᠳᠤ ᠰᠠᠭᠤᠭ᠎ᠠ ᠡᠯ᠎ᠠ ᠠᠵᠤ ᠠᠬᠤᠶᠢᠯᠡᠯ ᠨᠢ ᠠᠵᠢᠯ ᠤᠨ ᠪᠠᠶᠢᠷᠢᠨ ᠳᠤ ᠪᠠᠨ ᠪᠤᠴᠠᠭᠰᠡᠨ | ᠬᠦᠮᠤᠰ ᠢ ᠲᠤᠰᠠᠭᠠᠷᠯᠠᠬᠤ ᠲᠤᠰᠬᠠᠢ ᠪᠠᠶᠢᠷᠢ ᠭᠠᠷᠭᠠᠵᠤ᠂ ᠲᠤᠰᠠᠭᠠᠷᠯᠠᠨ ᠠᠵᠢᠭᠯᠠᠯᠳᠠ ᠬᠢᠵᠤ ᠪᠠᠶᠢᠭ᠎ᠠ ᠬᠦᠮᠤᠰ ᠢ | ᠲᠤᠰᠬᠠᠢ ᠬᠦᠮᠤᠨ ᠬᠠᠷᠢᠭᠤᠴᠠᠨ ᠬᠢᠨᠡᠨ ᠬᠠᠮᠢᠶᠠᠷᠤᠨ᠎ᠠ᠃ | 3. ᠦᠷᠤᠬᠡᠨ ᠳᠤ ᠪᠠᠨ ᠬᠠᠯᠠᠭᠤᠨ ᠤ ᠬᠡᠮᠵᠢᠬᠦᠷ᠂ ᠠᠮᠠᠪᠴᠢ᠂ ᠠᠷᠢᠭᠤᠳᠬᠠᠬᠤ ᠪᠤᠳᠠᠰ᠂ ᠲᠠᠭᠯᠠᠭ᠎ᠠ ᠲᠠᠢ | ᠬᠤᠭ ᠤᠨ ᠰᠠᠪᠠ ᠢ ᠪᠡᠯᠡᠳᠬᠡᠵᠤ ᠲᠠᠯᠪᠢᠬᠤ ᠶᠢᠨ ᠬᠠᠮᠳᠤ ᠪᠤᠬᠢᠷ ᠪᠤᠳᠠᠰ ᠢᠶᠠᠨ ᠪᠢᠳᠡᠬᠦᠮᠵᠢᠯᠡᠵᠤ ᠰᠢᠢᠳᠪᠤᠷᠢᠯᠡᠬᠦ | ᠠᠵᠢᠯ ᠢ ᠰᠠᠶᠢᠳᠤᠷ ᠬᠢᠨ᠎ᠠ᠃ | 4. ᠲᠤᠰᠠᠭᠠᠷᠯᠠᠵᠤ ᠪᠠᠶᠢᠭ᠎ᠠ ᠦᠷᠤᠬᠡᠨ ᠤ ᠪᠦᠬᠦᠶᠢᠯᠡ ᠤᠷᠴᠢᠨ ᠤ ᠴᠡᠪᠡᠷᠯᠡᠭᠡ ᠪᠠ ᠠᠷᠢᠭᠤᠳᠬᠠᠯ ᠤᠨ | ᠠᠵᠢᠯ ᠢ ᠰᠠᠶᠢᠳᠤᠷ ᠬᠢᠵᠤ᠂ ᠴᠤᠩᠬᠤ ᠪᠠᠨ ᠦᠷᠬᠦᠯᠵᠢ ᠨᠡᠬᠡᠬᠡᠨ᠂ ᠠᠭᠠᠷ ᠨᠠᠪᠳᠠᠷᠠᠬᠦᠯᠤᠨᠠ᠃ ᠭᠠᠷ ᠢᠶᠠᠨ ᠰᠠᠶᠢᠳᠤᠷ | ᠤᠬᠢᠶᠠᠵᠤ᠂ ᠦᠷᠬᠦᠯᠵᠢ ᠪᠠᠶ᠎ᠠ ᠪᠠᠨ ᠪᠤᠯᠪᠠᠰᠤᠷᠠᠭᠤᠯᠤᠨ᠂ ᠰᠢᠮ᠎ᠠ ᠲᠡᠵᠢᠬᠡᠯ ᠢᠶᠠᠨ ᠲᠠᠩᠴᠠᠬᠦᠯᠵᠤ᠂ ᠰᠡᠳᠬᠢᠯ ᠰᠠᠨᠠᠭ᠎ᠠ | ᠪᠠᠨ ᠠᠭᠤᠵᠢᠭᠤ ᠪᠠᠶᠢᠯᠭᠠᠨ᠎ᠠ᠃ | 5. ᠲᠤᠰᠠᠭᠠᠷᠯᠠᠭᠳᠠᠨ ᠠᠵᠢᠭᠯᠠᠯᠳᠠ ᠬᠢᠵᠤ ᠪᠠᠶᠢᠭ᠎ᠠ ᠬᠦᠮᠤᠰ ᠨᠢ ᠬᠢᠨᠡᠨ ᠬᠠᠮᠢᠶᠠᠷᠬᠤ ᠬᠠᠷᠢᠭᠤᠴᠠᠯᠭᠠᠳᠠᠨ | ᠲᠠᠢ ᠦᠷᠬᠦᠯᠵᠢ ᠤᠳᠠᠰᠤ ᠨᠠᠪᠳᠠᠷᠡᠬᠦ ᠪᠤᠶᠤ ᠭᠠᠷ ᠤᠳᠠᠰᠤ ᠪᠠᠷ ᠨᠢᠭᠤᠷᠳᠠᠨ ᠬᠠᠷᠢᠯᠴᠠᠵᠤ᠂ ᠡᠷᠡᠬᠦᠯ ᠮᠠᠡᠳᠤ | ᠡᠮᠴᠢᠯᠡᠭᠡ ᠰᠤᠪᠢᠯᠠᠯᠳᠠ ᠶᠢᠨ ᠯᠠᠪᠯᠠᠯᠭ᠎ᠠ ᠠᠪᠤᠨ᠎ᠠ᠃ | ᠲᠦᠷᠪᠡ᠂ ᠰᠠᠵᠢᠭ᠍ᠯᠡᠯᠳᠡᠢ ᠡᠪᠡᠳᠴᠢᠳᠠᠨ ᠢᠯᠡᠷᠡᠪᠡᠯ ᠠᠪᠬᠤ ᠠᠷᠭ᠎ᠠ ᠬᠡᠮᠵᠢᠶ᠎ᠠ | ᠲᠤᠰᠠᠭᠠᠷᠯᠠᠭᠳᠠᠨ ᠠᠵᠢᠭᠯᠠᠯᠳᠠ ᠬᠢᠵᠤ ᠪᠠᠶᠢᠭ᠎ᠠ ᠬᠦᠮᠤᠰ ᠪᠤᠶᠤ ᠪᠤᠰᠤᠳ ᠡᠪᠡᠳᠴᠢᠳᠠᠨ ᠨᠢ ᠠᠨᠠᠭᠠᠬᠤ | ᠤᠬᠠᠭᠠᠨ ᠤ ᠪᠠᠶᠢᠴᠠᠭᠠᠯᠳᠠ ᠪᠠᠷ ᠲᠠᠮᠵᠢᠭᠠᠳ ᠰᠢᠨ᠎ᠠ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠤᠷᠢᠯᠠᠭᠰᠡᠨ | ᠠᠭᠤᠰᠬᠢᠨ ᠤ ᠦᠷᠪᠢᠰᠤᠯ ᠤᠨ ᠰᠡᠵᠢᠭᠯᠡᠯᠳᠡᠢ ᠡᠪᠡᠳᠴᠢᠳᠠᠨ ᠢᠶᠠᠷ ᠤᠨᠤᠰᠢᠯᠠᠭᠳᠠᠭᠰᠡᠨ ᠪᠠᠶᠢᠪᠠᠯ᠂ ᠬᠤᠰᠢᠭᠤ | ᠵᠢᠯᠤᠭᠤᠳᠬᠤ ᠬᠡᠯᠳᠡᠰ ᠤᠨ ᠨᠠᠶᠢᠬᠡᠮ ᠤᠨ ᠬᠠᠮᠢᠶᠠᠷᠤᠨ ᠡᠵᠡᠮᠳᠠᠬᠦ ᠲᠤᠭᠤᠶᠢᠯᠠᠩ ᠪᠠ ᠡᠮᠴᠢᠯᠠᠬᠡᠨ ᠤ ᠰᠡᠷᠬᠡᠶᠢᠯᠡᠨ | ᠡᠵᠡᠮᠳᠡᠬᠦ ᠲᠤᠭᠤᠶᠢᠯᠠᠩ ᠲᠠᠷᠤᠶᠢᠬᠠᠨ ᠬᠦᠳᠡᠯᠤᠯᠴᠠᠨ᠂ ︽ᠰᠢᠨ᠎ᠠ ᠬᠡᠯᠪᠡᠷᠢ ᠶᠢᠨ ᠲᠢᠳᠢᠮᠯᠢᠭ ᠸᠢᠷᠦ᠋ᠰ ᠠᠴᠠ | ᠬᠠᠯᠳᠠᠪᠤᠷᠢᠯᠠᠭᠰᠡᠨ ᠠᠭᠤᠰᠬᠢᠨ ᠤ ᠦᠷᠪᠢᠰᠤᠯ ᠢ ᠰᠡᠷᠬᠡᠶᠢᠯᠡᠨ ᠡᠵᠡᠮᠳᠡᠬᠦ ᠲᠦᠰᠤᠯ ︵ᠭᠤᠷᠪᠡᠳᠤᠭᠠᠷ ᠬᠡᠪᠯᠡᠯ︶︾ ᠪᠠ | ︽ᠰᠢᠨ᠎ᠠ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠤᠷᠢᠯᠠᠭᠰᠡᠨ ᠠᠭᠤᠰᠬᠢᠨ ᠤ ᠦᠷᠪᠢᠰᠤᠯ ᠢ ᠰᠡᠷᠬᠡᠶᠢᠯᠡᠨ | ᠡᠵᠡᠮᠳᠡᠬᠦ ᠲᠦᠰᠤᠯ ︵ᠲᠦᠷᠪᠡᠳᠤᠬᠡᠷ ᠬᠡᠪᠯᠡᠯ︶︾ ᠤᠨ ᠪᠤᠳᠡᠳᠡᠢ ᠱᠠᠭᠠᠷᠳᠠᠯᠭ᠎ᠠ ᠶᠢ ᠦᠡᠳᠤᠰᠤᠯᠡᠨ᠂ ᠡᠷᠡᠰ | ᠲᠠᠰᠤᠷᠬᠠᠢ ᠪᠦᠳᠤᠮᠵᠢᠳᠡᠢ ᠠᠷᠭ᠎ᠠ ᠬᠡᠮᠵᠢᠶ᠎ᠠ ᠠᠪᠴᠤ᠂ ᠨᠢᠭᠳᠠ ᠦᠢᠷᠠᠳᠤᠭᠰᠡᠳ ᠢ ᠬᠠᠮᠢᠶᠠᠷᠤᠨ ᠡᠵᠡᠮᠳᠡᠬᠦ ᠶᠢ | ᠬᠡᠷᠡᠭᠵᠢᠬᠦᠯᠤᠨ᠂ ᠨᠢᠭᠳᠠ ᠦᠢᠷᠠᠳᠤᠭᠰᠡᠳ ᠲᠤ ᠬᠠᠯᠳᠠᠪᠤᠷᠢᠳᠤ ᠡᠪᠡᠳᠴᠢᠨ ᠤ ᠠᠨᠠᠭᠠᠬᠤ ᠤᠬᠠᠭᠠᠨ ᠤ | ᠪᠠᠶᠢᠴᠠᠭᠠᠯᠳᠠ ᠬᠢᠬᠦ᠂ ᠨᠢᠭᠳᠠ ᠦᠢᠷᠠᠳᠤᠭᠰᠡᠳ ᠢ ᠬᠠᠮᠢᠶᠠᠷᠬᠤ ᠪᠠ ᠠᠨᠠᠭᠠᠬᠤ ᠤᠬᠠᠭᠠᠨ ᠤ ᠠᠵᠢᠭᠯᠠᠯᠳᠠ ᠬᠢᠬᠦ | ᠵᠡᠷᠬᠡ ᠠᠷᠭ᠎ᠠ ᠬᠡᠮᠵᠢᠶ᠎ᠠ ᠠᠪᠤᠨ᠎ᠠ᠃ ᠬᠤᠰᠢᠭᠤ ᠵᠢᠯᠤᠭᠤᠳᠬᠤ ᠬᠡᠯᠳᠡᠰ ᠠᠴᠠ ᠬᠦᠡᠳᠤ ᠶᠡᠭᠡ ᠬᠡᠨᠡᠳᠳᠡ ᠡᠬᠦᠰᠬᠦ | ᠤᠯᠠᠨ ᠨᠠᠶᠢᠳᠠ ᠶᠢᠨ ᠡᠷᠡᠬᠦᠯ ᠬᠠᠮᠠᠭᠠᠯᠠᠯ ᠤᠨ ᠬᠡᠷᠡᠭ ᠤᠨ ᠨᠢᠬᠡᠳᠤᠬᠡᠷ ᠲᠡᠰ ᠤᠨ ᠠᠷᠭ᠎ᠠ ᠬᠡᠮᠵᠢᠶᠡᠨ ᠤ ᠬᠠᠮᠢᠶ᠎ᠠ | ᠪᠦᠬᠦᠢ ᠱᠠᠭᠠᠷᠳᠠᠯᠭ᠎ᠠ ᠪᠠᠷ ᠬᠢᠵᠢᠭ ᠢ ᠰᠡᠷᠬᠡᠶᠢᠯᠡᠨ ᠡᠵᠡᠮᠳᠡᠬᠦ ᠡᠯ᠎ᠠ ᠲᠦᠷᠤᠯ ᠤᠨ ᠠᠵᠢᠯ ᠢ ᠦᠷᠨᠢᠬᠦᠯᠤᠨ᠎ᠠ᠃ | | ᠲᠠᠭᠠᠯᠳᠤᠭᠤᠯᠤᠯ 1.᠄ ︽ᠬᠥᠪᠡᠭᠡᠲᠦ ᠰᠢᠷ᠎ᠠ ᠬᠤᠰᠢᠭᠤᠨ ᠤ ᠰᠢᠨ᠎ᠠ ᠬᠡᠯᠪᠡᠷᠢ ᠶᠢᠨ ᠲᠢᠳᠢᠮᠯᠢᠭ ᠸᠢᠷᠦ᠋ᠰ | ᠠᠴᠠ ᠬᠠᠯᠳᠠᠪᠤᠷᠢᠯᠠᠭᠰᠡᠨ ᠠᠭᠤᠰᠬᠢᠨ ᠤ ᠦᠷᠪᠢᠰᠤᠯ ᠤᠨ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠵᠢᠯ ᠤᠨ | ᠬᠡᠷ ᠲᠤᠨᠢ ᠲᠤᠰᠠᠭᠠᠷᠯᠠᠬᠤ ᠮᠡᠳᠡᠭᠳᠡᠬᠦ ᠪᠢᠴᠢᠭ︾ ᠤᠨ ᠵᠠᠭᠪᠤᠷ | ᠲᠠᠭᠠᠯᠳᠤᠭᠤᠯᠤᠯ 2.᠄ ︽ᠰᠢᠨᠡᠪᠤᠯᠠᠭ ᠪᠠᠯᠭᠠᠰᠤᠨ ᠤ ᠰᠠᠭᠤᠭᠠᠯᠢ ᠠᠷᠠᠳ ᠤᠨ ᠲᠤᠭᠤᠷᠢᠭ ᠤᠨ ᠬᠡᠷ ᠲᠤᠨᠢ | ᠲᠤᠰᠠᠭᠠᠷᠯᠠᠬᠤ ᠡᠳᠡᠬᠡᠳ ᠤᠨ ᠲᠤᠬᠠᠢ ᠵᠠᠷᠯᠠᠯ︾ | ᠲᠠᠭᠠᠯᠳᠤᠭᠤᠯᠤᠯ 3.᠄ ︽ᠰᠢᠨᠡᠪᠤᠯᠠᠭ ᠪᠠᠯᠭᠠᠰᠤᠨ ᠤ ᠪᠠᠶᠢᠰᠢᠩ ᠭᠡᠷ ᠪᠠ ᠪᠤᠰᠤᠳ ᠰᠤᠮᠤ ᠪᠠᠯᠭᠠᠰᠤ | ᠭᠠᠴᠠᠭᠠᠨ ᠤ ᠬᠡᠷ ᠲᠤᠨᠢ ᠲᠤᠰᠠᠭᠠᠷᠯᠠᠬᠤ ᠡᠳᠡᠬᠡᠳ ᠤᠨ ᠲᠤᠬᠠᠢ ᠵᠠᠷᠯᠠᠯ︾ | ᠲᠠᠭᠠᠯᠳᠤᠭᠤᠯᠤᠯ 4.᠄ ︽ᠬᠡᠷ ᠲᠤᠨᠢ ᠲᠣᠰᠠᠭᠠᠷᠯᠠᠨ ᠠᠵᠢᠭᠯᠠᠬᠤ ᠶᠢ ᠦᠬᠡᠶᠢᠰᠬᠡᠬᠦ ᠮᠡᠳᠡᠭᠳᠡᠯ ᠤᠨ ᠪᠢᠴᠢᠭ︾ | ︵ᠡᠩ ᠤᠨ ᠨᠢᠭᠤᠷᠯᠡᠯ︶ | ᠲᠠᠭᠠᠯᠳᠤᠭᠤᠯᠤᠯ 5.᠄ ︽ᠬᠡᠷ ᠲᠤᠨᠢ ᠲᠣᠰᠠᠭᠠᠷᠯᠠᠨ ᠠᠵᠢᠭᠯᠠᠬᠤ ᠶᠢ ᠦᠬᠡᠶᠢᠰᠬᠡᠬᠦ ᠮᠡᠳᠡᠭᠳᠡᠯ ᠤᠨ ᠪᠢᠴᠢᠭ︾ | ︵ᠭᠤᠤᠯᠳᠠᠯᠭ᠎ᠠ ᠲᠠᠢ ᠨᠢᠭᠤᠷᠯᠡᠯ︶ | | | ᠬᠥᠪᠡᠭᠡᠲᠦ ᠰᠢᠷ᠎ᠠ ᠬᠤᠰᠢᠭᠤᠨ ᠤ ᠰᠢᠨ᠎ᠠ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠤᠷᠢᠯᠠᠭᠰᠡᠨ | ᠠᠭᠤᠰᠬᠢᠨ ᠤ ᠦᠷᠪᠢᠰᠤᠯ ᠢ ᠰᠡᠷᠬᠡᠶᠢᠯᠡᠨ ᠡᠵᠡᠮᠳᠡᠬᠦ ᠠᠵᠢᠯ ᠤᠨ ᠵᠢᠯᠤᠭᠤᠳᠬᠤ ᠬᠡᠯᠳᠡᠰ | 2020 ᠤᠨ ᠤ 2 ᠰᠠᠷ᠎ᠠ ᠶᠢᠨ 4 ᠤ ᠡᠳᠤᠷ | | | ᠲᠠᠭᠠᠯᠳᠤᠭᠤᠯᠤᠯ1. | ᠬᠥᠪᠡᠭᠡᠲᠦ ᠰᠢᠷ᠎ᠠ ᠬᠤᠰᠢᠭᠤᠨ ᠤ ᠰᠢᠨ᠎ᠠ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠤᠷᠢᠯᠠᠭᠰᠡᠨ | ᠠᠭᠤᠰᠬᠢᠨ ᠤ ᠦᠷᠪᠢᠰᠤᠯ ᠤᠨ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠵᠢᠯ ᠤᠨ ᠬᠡᠷ ᠲᠤᠨᠢ | ᠲᠤᠰᠠᠭᠠᠷᠯᠠᠬᠤ ᠮᠡᠳᠡᠭᠳᠡᠬᠦ ᠪᠢᠴᠢᠭ | | ᠲᠠᠨ᠎ᠠ᠄ | ᠤᠳᠤᠬᠠᠨ ᠳᠤ ᠰᠢᠨ᠎ᠠ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠤᠷᠢᠯᠠᠭᠰᠡᠨ ᠠᠭᠤᠰᠬᠢᠨ ᠤ | ᠦᠷᠪᠢᠰᠤᠯ ᠤᠨ ᠬᠢᠵᠢᠭ ᠢ ᠰᠡᠷᠬᠡᠶᠢᠯᠡᠨ ᠡᠵᠡᠮᠳᠡᠬᠦ ᠠᠵᠢᠯ ᠶᠠᠭ ᠵᠠᠩᠬᠢᠯᠠᠭ᠎ᠠ ᠶᠢᠨ ᠱᠠᠳᠤᠨ ᠳᠤ ᠪᠠᠨ ᠤᠷᠤᠭᠠᠳ | ᠪᠠᠶᠢᠨ᠎ᠠ᠃ ᠲᠠᠨ ᠤ ᠬᠤᠪᠢ ᠪᠠᠶ᠎ᠠ᠂ ᠬᠡᠷ ᠤᠨ ᠬᠦᠮᠤᠰ ᠪᠠ ᠦᠷᠤᠬᠡᠯ ᠪᠤᠰᠤᠳ ᠤᠨ ᠡᠷᠡᠬᠦᠯ ᠮᠠᠡᠳᠤ ᠶᠢᠨ ᠲᠦᠯᠤᠬᠡ | ᠤᠳᠤ ᠬᠡᠷ ᠲᠤᠨᠢ ᠲᠤᠰᠠᠭᠠᠷᠯᠠᠬᠤ ᠬᠠᠮᠢᠶ᠎ᠠ ᠪᠦᠬᠦᠢ ᠶᠠᠪᠤᠳᠠᠯ ᠢ ᠲᠤᠤᠷᠡᠬᠢ ᠮᠠᠳᠤ ᠮᠡᠳᠡᠭᠳᠡᠶ᠎ᠠ᠄ | 1. ᠲᠠ ᠮᠡᠳᠡᠭᠳᠡᠯ ᠤᠨ ᠪᠢᠴᠢᠭ ᠢ ᠤᠯᠤᠭᠰᠡᠨ ᠴᠠᠭ ᠠᠴᠠ ᠪᠠᠨ ᠡᠬᠢᠯᠡᠨ ᠡᠷᠬᠡᠪᠰᠢ ᠬᠡᠷ ᠲᠤ ᠪᠠᠨ 14 | ᠡᠳᠤᠷ ᠲᠤᠰᠠᠭᠠᠷᠯᠠᠵᠤ ᠭᠠᠳᠠᠭᠰᠢ ᠭᠠᠷᠬᠤ ᠶᠢ ᠡᠷᠡᠰ ᠬᠤᠷᠢᠭᠯᠠᠨ᠎ᠠ᠃ | 2. ᠲᠠ ᠦᠪᠡᠷ ᠤᠨ ᠠᠵᠢᠯᠯᠠᠵᠤ ᠪᠠᠶᠢᠭ᠎ᠠ ᠪᠠᠶᠢᠭᠤᠯᠭ᠎ᠠ ᠪᠤᠶᠤ ᠭᠠᠴᠠᠭᠠᠨ ︵ᠨᠠᠶᠢᠬᠡᠮ ᠲᠤᠭᠤᠷᠢᠭ︶ ᠤ | ᠲᠤᠬᠢᠷᠠᠭᠤᠯᠭ᠎ᠠ ᠳᠤ ᠨᠢᠭᠳᠠ ᠬᠠᠮᠵᠢᠯᠴᠠᠨ᠂ ᠡᠳᠤᠷ ᠪᠦᠷᠢ ᠬᠤᠶᠡᠷ ᠤᠳᠠᠭ᠎ᠠ ᠪᠠᠶ᠎ᠠ ᠶᠢᠨ ᠬᠠᠯᠠᠭᠤᠨ ᠢᠶᠠᠨ ᠬᠡᠮᠵᠢᠬᠦ | ᠶᠢ ᠪᠠᠶᠠᠯᠠᠬᠦᠯᠬᠦ ᠶᠢᠨ ᠬᠠᠮᠳᠤ ᠬᠠᠯᠠᠭᠤᠨ ᠤ ᠬᠡᠮᠵᠢᠶ᠎ᠠ ᠪᠠᠨ ᠦᠨᠡᠨ ᠪᠤᠳᠡᠳᠡᠢ ᠮᠡᠳᠡᠬᠦᠯᠤᠨ᠎ᠠ︔ ᠬᠡᠷᠪᠡ ᠬᠠᠯᠠᠭᠤᠷᠠᠬᠤ | ︵ᠰᠤᠭᠤᠨ ᠤ ᠬᠠᠯᠠᠭᠤᠨ ᠨᠢ 37.30C ᠠᠴᠠ ᠶᠡᠭᠡ︶ ᠲᠠᠮᠢᠷᠳᠠᠬᠤ᠂ ᠬᠠᠨᠢᠶᠠᠬᠤ ᠵᠡᠷᠬᠡ ᠢᠯᠡᠷᠡᠯ ᠲᠠᠢ ᠪᠠᠶᠢᠪᠠᠯ | ᠲᠠᠷᠤᠶᠢᠬᠠᠨ ᠬᠢᠨᠡᠨ ᠬᠠᠮᠢᠶᠠᠷᠬᠤ ᠬᠠᠷᠢᠭᠤᠴᠠᠯᠭᠠᠳᠠᠨ ᠳᠤ ᠮᠡᠳᠡᠬᠦᠯᠤᠨ᠎ᠠ᠃ | ︵ᠬᠠᠷᠢᠯᠴᠠᠬᠤ ᠬᠦᠮᠤᠨ᠄ ᠬᠠᠷᠢᠯᠴᠠᠬᠤ ᠤᠳᠠᠰᠤ᠄ ︶ | 3. ᠲᠠ ᠬᠡᠷᠪᠡ ᠬᠦᠢᠴᠡᠳᠬᠡᠬᠦ ᠴᠢᠬᠤᠯᠠ ᠲᠠᠢ ᠪᠠᠴᠢᠮ ᠤᠴᠢᠷ ᠲᠠᠢ ᠪᠤᠯ ᠲᠠᠷᠤᠶᠢᠬᠠᠨ ᠲᠤᠬᠠᠢ ᠶᠢᠨ ᠭᠠᠵᠡᠷ | ᠤᠨ ᠬᠢ ᠪᠠᠨ ᠠᠵᠢᠯᠯᠠᠬᠤ ᠪᠠᠶᠢᠭᠤᠯᠭ᠎ᠠ ᠪᠤᠶᠤ ᠭᠠᠴᠠᠭ᠎ᠠ ︵ᠨᠠᠶᠢᠬᠡᠮ ᠲᠤᠭᠤᠷᠢᠭ︶ ᠳᠤ ᠪᠠᠨ ᠮᠡᠳᠡᠬᠦᠯᠵᠤ᠂ ᠲᠠᠳᠠᠨ | ᠢᠶᠠᠷ ᠬᠠᠮᠵᠢᠭᠤᠯᠤᠨ ᠬᠦᠢᠴᠡᠳᠬᠡᠬᠡᠷᠢ᠃ | ︵ᠬᠠᠷᠢᠯᠴᠠᠬᠤ ᠬᠦᠮᠤᠨ᠄ ᠬᠠᠷᠢᠯᠴᠠᠬᠤ ᠤᠳᠠᠰᠤ᠄ ︶ | 4. ᠬᠡᠷ ᠲᠤ ᠪᠠᠨ ᠲᠤᠰᠠᠭᠠᠷᠯᠠᠭᠳᠠᠵᠤ ᠪᠠᠶᠢᠭ᠎ᠠ ᠬᠤᠭᠤᠴᠠᠭᠠᠨ ᠳᠤ ᠪᠠᠶ᠎ᠠ ᠪᠠᠨ ᠪᠣᠯᠪᠠᠰᠣᠷᠠᠭᠤᠯᠣᠨ᠂ | ᠦᠷᠬᠦᠯᠵᠢ ᠰᠠᠯᠬᠢ ᠨᠠᠪᠳᠠᠷᠠᠬᠦᠯᠵᠤ᠂ ᠢᠳᠡᠬᠡᠨ ᠤᠮᠳᠠᠭᠠᠨ ᠢᠶᠠᠨ ᠲᠠᠩᠴᠠᠬᠦᠯᠤᠨ᠂ ᠡᠷᠡᠬᠦᠯ ᠬᠠᠮᠠᠭᠠᠯᠠᠯ ᠢ ᠡᠷᠬᠢᠮᠯᠡᠵᠤ᠂ | ᠰᠠᠶᠢᠳᠤᠷ ᠠᠷᠢᠭᠤᠳᠬᠠᠨ᠂ ᠬᠡᠷ ᠲᠤ ᠪᠠᠨ ᠵᠤᠴᠢᠨ ᠢᠷᠡᠬᠦᠯᠬᠦ ᠦᠬᠡᠢ ᠪᠠᠶᠢᠬᠤ ᠬᠡᠷᠡᠭᠳᠡᠢ᠃ | 5. ᠢᠳᠬᠠᠯᠭ᠎ᠠ ᠶᠢ ᠰᠤᠨᠤᠰᠬᠤ ᠦᠬᠡᠢ ᠲᠤᠷᠡᠪᠡᠷ ᠭᠠᠳᠠᠭᠰᠢ ᠭᠠᠷᠴᠤ ᠬᠦᠡᠳᠤ ᠨᠤᠴᠢᠳᠡᠢ ᠦᠷ᠎ᠠ ᠳ᠋ᠦᠡᠭ | ᠳᠤ ᠬᠦᠷᠦᠭᠰᠡᠨ ᠪᠠᠶᠢᠪᠠᠯ ︽ᠪᠦᠬᠦᠳᠠ ᠨᠠᠶᠢᠷᠠᠮᠳᠠᠬᠤ ᠲᠤᠮᠳᠠᠳᠤ ᠠᠷᠡᠳ ᠤᠯᠤᠰ ᠤᠨ ᠬᠠᠯᠳᠠᠪᠤᠷᠢᠳᠤ ᠡᠪᠡᠳᠴᠢᠨ ᠢ | ᠰᠡᠷᠬᠡᠶᠢᠯᠡᠨ ᠵᠠᠰᠠᠬᠤ ᠬᠠᠤᠯᠢ︾ ᠶᠢᠨ ᠶᠤᠰᠤᠭᠠᠷ ᠢᠷᠬᠡᠨ ᠤ ᠬᠡᠷᠡᠭ ᠤᠨ ᠬᠠᠷᠢᠭᠤᠴᠠᠯᠭ᠎ᠠ ᠪᠠ ᠡᠷᠡᠬᠦᠦ ᠶᠢᠨ | ᠬᠠᠷᠢᠭᠤᠴᠠᠯᠭ᠎ᠠ ᠴᠢᠩᠭ᠎ᠠ ᠨᠠᠬᠡᠮᠵᠢᠯᠠᠨᠠ᠃ | ᠲᠠᠨ ᠤ ᠮᠠᠨ ᠤ ᠠᠵᠢᠯ ᠢ ᠦᠢᠯᠠᠭᠠᠨ ᠲᠡᠮᠵᠢᠭᠰᠡᠨ ᠳᠤ ᠮᠠᠰᠢ ᠪᠠᠶᠠᠷᠯᠠᠯ᠎ᠠ︕ | ______ ᠨᠠᠶᠢᠬᠡᠮ ᠲᠤᠭᠤᠷᠢᠭ ︵ᠭᠠᠴᠠᠭ᠎ᠠ ᠪᠤᠶᠤ ᠪᠠᠶᠢᠭᠤᠯᠭ᠎ᠠ︶ | 2020 ᠤᠨ ᠤ ᠰᠠᠷ᠎ᠠ ᠶᠢᠨ ᠤ ᠡᠳᠤᠷ | | | ᠲᠠᠭᠠᠯᠳᠤᠭᠤᠯᠤᠯ 2. | ᠰᠢᠨᠡᠪᠤᠯᠠᠭ ᠪᠠᠯᠭᠠᠰᠤᠨ ᠤ ᠰᠠᠭᠤᠭᠠᠯᠢ ᠠᠷᠠᠳ ᠤᠨ ᠲᠤᠭᠤᠷᠢᠭ ᠤᠨ ᠬᠡᠷ ᠲᠤᠨᠢ ᠲᠤᠰᠠᠭᠠᠷᠯᠠᠬᠤ | ᠡᠳᠡᠬᠡᠳ ᠤᠨ ᠲᠤᠬᠠᠢ ᠵᠠᠷᠯᠠᠯ | ᠰᠠᠭᠤᠭᠠᠯᠢ ᠠᠷᠠᠳ ᠪᠠ ᠠᠶᠢᠯᠴᠢᠯᠠᠬᠤ ᠪᠠᠷ ᠢᠷᠡᠭᠰᠡᠳ ᠲᠤ᠄ | ᠲᠤᠰ ᠠᠰᠠᠷ ᠤᠨ______ ᠤᠷᠤᠴᠠ ᠶᠢᠨ______ ᠲᠠᠪᠬᠤᠷᠯᠢᠭ ᠤᠨ______ ᠬᠡᠷ ᠲᠤ ᠲᠤᠰᠠᠭᠠᠷᠯᠠᠭᠳᠠᠨ | ᠠᠵᠢᠭᠯᠠᠯᠳᠠ ᠬᠢᠵᠤ ᠪᠠᠶᠢᠭ᠎ᠠ ᠬᠦᠮᠤᠨ ᠪᠤᠢ᠃ ᠲᠤᠰᠠᠭᠠᠷᠯᠠᠨ ᠠᠵᠢᠭᠯᠠᠯᠳᠠ ᠬᠢᠬᠦ ᠬᠤᠭᠤᠴᠠᠭ᠎ᠠ ᠨᠢ 2020 ᠤᠨ | ᠤ______ ᠰᠠᠷ᠎ᠠ ᠶᠢᠨ______ ᠤ ᠡᠳᠤᠷ ᠠᠴᠠ 2020 ᠤᠨ ᠤ______ ᠰᠠᠷ᠎ᠠ ᠶᠢᠨ______ ᠤ | ᠡᠳᠤᠷ ᠪᠣᠯᠳᠠᠯ᠎ᠠ᠃ ᠲᠤᠰ ᠬᠤᠭᠤᠴᠠᠭᠠᠨ ᠳᠤ ᠬᠠᠷᠢᠯᠴᠠᠨ ᠲᠤᠭᠤᠷᠢᠬᠤ ᠪᠤᠶᠤ ᠲᠤᠰᠠᠭᠠᠷᠯᠠᠭᠳᠠᠵᠤ ᠪᠠᠶᠢᠭᠠᠬᠦ᠋ᠮᠤᠨ ᠤ | ᠭᠠᠳᠠᠭᠰᠢ ᠭᠠᠷᠬᠤ ᠶᠢ ᠡᠷᠡᠰ ᠬᠤᠷᠢᠭᠯᠠᠨ᠎ᠠ᠃ | | | ______ ᠨᠠᠶᠢᠬᠡᠮ ᠲᠤᠭᠤᠷᠢᠭ | 2020 ᠤᠨ ᠤ______ ᠰᠠᠷ᠎ᠠ ᠶᠢᠨ______ ᠤ ᠡᠳᠤᠷ | | | | | ᠲᠠᠭᠠᠯᠳᠤᠭᠤᠯᠤᠯ 3. | | ᠰᠢᠨᠡᠪᠤᠯᠠᠭ ᠪᠠᠯᠭᠠᠰᠤᠨ ᠤ ᠪᠠᠶᠢᠰᠢᠩ ᠭᠡᠷ ᠪᠠ ᠪᠤᠰᠤᠳ ᠰᠤᠮᠤ ᠪᠠᠯᠭᠠᠰᠤ ᠭᠠᠴᠠᠭᠠᠨ ᠤ ᠬᠡᠷ | ᠲᠤᠨᠢ ᠲᠤᠰᠠᠭᠠᠷᠯᠠᠬᠤ ᠡᠳᠡᠬᠡᠳ ᠤᠨ ᠲᠤᠬᠠᠢ ᠵᠠᠷᠯᠠᠯ | ᠰᠠᠭᠤᠭᠠᠯᠢ ᠠᠷᠠᠳ ᠪᠠ ᠠᠶᠢᠯᠴᠢᠯᠠᠬᠤ ᠪᠠᠷ ᠢᠷᠡᠭᠰᠡᠳ ᠲᠤ᠄ | ᠲᠤᠰ ᠭᠠᠴᠠᠭ᠎ᠠ ︵ᠤᠷᠤᠨ ᠲᠤᠭᠤᠷᠢᠭ︶ ᠤᠨ______ ᠬᠡᠷ ᠲᠤ ᠲᠤᠰᠠᠭᠠᠷᠯᠠᠭᠳᠠᠨ ᠠᠵᠢᠭᠯᠠᠯᠳᠠ | ᠬᠢᠵᠤ ᠪᠠᠶᠢᠭ᠎ᠠ ᠬᠦᠮᠤᠨ ᠪᠤᠢ᠃ ᠬᠡᠷ ᠲᠤᠨᠢ ᠲᠤᠰᠠᠭᠠᠷᠯᠠᠨ ᠠᠵᠢᠭᠯᠠᠯᠳᠠ ᠬᠢᠬᠦ ᠬᠤᠭᠤᠴᠠᠭ᠎ᠠ ᠨᠢ᠄ 2020 ᠤᠨ | ᠤ______ ᠰᠠᠷ᠎ᠠ ᠶᠢᠨ______ ᠤ ᠡᠳᠤᠷ ᠠᠴᠠ 2020 ᠤᠨ ᠤ______ᠰᠠᠷ᠎ᠠ ᠶᠢᠨ______ ᠤ | ᠡᠳᠤᠷ ᠪᠤᠯᠳᠠᠯ᠎ᠠ᠃ ᠬᠠᠷᠢᠯᠴᠠᠨ ᠲᠤᠭᠤᠷᠢᠬᠤ ᠪᠠ ᠲᠤᠰᠠᠭᠠᠷᠯᠠᠭᠳᠠᠵᠤ ᠪᠠᠶᠢᠭ᠎ᠠ ᠬᠦᠮᠤᠨ ᠤ ᠭᠠᠳᠠᠭᠰᠢ ᠭᠠᠷᠬᠤ ᠶᠢ | ᠡᠷᠡᠰ ᠬᠤᠷᠢᠭᠯᠠᠨ᠎ᠠ᠃ | | | | ______ ᠭᠠᠴᠠᠭᠠᠨ ᠤ ᠵᠦᠪᠯᠡᠯ ︵ᠰᠠᠭᠤᠭᠠᠯᠢ ᠠᠷᠠᠳ ᠤᠨ ᠲᠤᠭᠤᠷᠢᠭ︶ | 2020 ᠤᠨ ᠤ ᠰᠠᠷ᠎ᠠ ᠶᠢᠨ ᠤ ᠡᠳᠤᠷ | | | ᠲᠠᠭᠠᠯᠳᠤᠭᠤᠯᠤᠯ 4. | ᠬᠡᠷ ᠲᠤᠨᠢ ᠲᠣᠰᠠᠭᠠᠷᠯᠠᠨ ᠠᠵᠢᠭᠯᠠᠬᠤ ᠶᠢ ᠦᠬᠡᠶᠢᠰᠬᠡᠬᠦ ᠮᠡᠳᠡᠭᠳᠡᠯ ᠤᠨ ᠪᠢᠴᠢᠭ | ︵ᠡᠩ ᠤᠨ ᠨᠢᠭᠤᠷᠯᠡᠯ︶ | ᠲᠠᠨ ᠤ ᠳᠤᠰᠠᠭᠠᠷᠯᠠᠨ ᠠᠵᠢᠭᠯᠠᠬᠤ ᠬᠤᠭᠤᠴᠠᠭᠠᠨ ᠳᠤ ᠭᠠᠴᠠᠭ᠎ᠠ᠂ ᠨᠡᠶᠢᠭᠡᠮ ᠲᠤᠭᠤᠷᠢᠭ ᠪᠠ ᠡᠷᠡᠬᠦᠯ | ᠬᠠᠮᠠᠭᠠᠯᠠᠯ ᠤᠨ ᠰᠠᠯᠠᠭ᠎ᠠ ᠮᠥᠴᠢᠷ ᠤᠨ ᠠᠵᠢᠯ ᠳᠤ ᠳᠡᠮᠵᠢᠯᠭᠡ ᠦᠵᠡᠭᠦᠯᠦᠭᠰᠡᠨ ᠳᠤ ᠲᠠᠯᠠᠷᠬᠠᠵᠤ ᠪᠠᠶᠢᠨ᠎ᠠ᠃ 2020 | ᠤᠨ ᠤ______ᠰᠠᠷ᠎ᠠ ᠶᠢᠨ______ ᠤ ᠡᠳᠤᠷ ᠠᠴᠠ 2020 ᠤᠨ ᠤ______ ᠰᠠᠷ᠎ᠠ ᠶᠢᠨ______ | ᠤ ᠡᠳᠤᠷ ᠪᠤᠯᠲᠠᠯᠠᠬᠢ 14 ᠡᠳᠦᠷ ᠳᠤᠰᠠᠭᠠᠷᠯᠠᠭᠳᠠᠵᠤ᠂ ᠲᠤᠰ ᠬᠤᠭᠤᠴᠠᠭᠠᠨ ᠳᠤ ᠲᠠ ᠬᠠᠯᠠᠭᠤᠷᠠᠬᠤ᠂ ᠲᠠᠮᠢᠷᠳᠠᠬᠤ᠂ | ᠬᠠᠨᠢᠶᠠᠬᠤ ᠵᠡᠷᠭᠡ ᠬᠡᠪ ᠤᠨ ᠪᠤᠰᠤ ᠢᠯᠡᠷᠡᠯ ᠭᠠᠷᠤᠭᠰᠠᠨ ᠦᠭᠡᠢ ᠬᠡᠵᠦ ᠮᠡᠳᠡᠭᠦᠯᠪᠡ᠃ ᠪᠡᠶ᠎ᠡ ᠶᠢᠨ ᠬᠠᠯᠠᠭᠤᠨ ᠤ | ᠬᠡᠮᠵᠢᠯᠲᠡ ᠪᠠᠷ ᠤᠳᠤᠬᠠᠨ ᠳᠤ______ ᠭᠷᠠᠳᠦ᠋ᠰ ᠪᠠᠶᠢᠵᠤ᠂ ᠬᠡᠪ ᠤᠨ ᠪᠠᠶᠢᠳᠠᠯ ᠤᠨ ᠬᠡᠪᠴᠢᠶᠡᠨ ᠳᠤ ᠪᠠᠶᠢᠵᠤ᠂ | ᠲᠤᠰ ᠡᠳᠦᠷ ᠠᠴᠠ ᠡᠬᠢᠯᠡᠨ ᠳᠤᠰᠠᠭᠠᠷᠯᠠᠯ ᠢ ᠦᠭᠡᠶᠢᠰᠭᠡᠨ᠎ᠡ᠃ | ᠲᠠᠨ ᠤ ᠪᠠ ᠲᠠᠨ ᠤ ᠭᠡᠷ ᠪᠥᠯᠢ ᠶᠢᠨ ᠬᠦᠮᠦᠰ ᠤᠨ ᠡᠷᠡᠬᠦᠯ ᠮᠡᠨᠳᠦ ᠶᠢᠨ ᠲᠥᠯᠦᠭᠡ᠂ ᠭᠠᠳᠠᠭᠰᠢ ᠭᠠᠷᠴᠤ | ᠬᠥᠳᠡᠯᠭᠡᠭᠡᠨ ᠬᠢᠬᠦ ᠪᠠᠨ ᠪᠠᠭᠠᠰᠬᠠᠵᠤ᠂ ᠤᠷᠤᠨ ᠰᠠᠭᠤᠴᠠ ᠪᠠ ᠬᠤᠪᠢ ᠬᠦᠮᠦᠨ ᠤ ᠠᠷᠢᠭᠤᠨ ᠴᠡᠪᠡᠷ ᠢ ᠠᠩᠬᠠᠷᠴᠤ᠂ | ᠦᠷᠭᠦᠯᠵᠢ ᠤᠷᠤᠨ ᠰᠠᠭᠤᠴᠠ ᠳᠠᠭᠠᠨ ᠴᠡᠪᠡᠷ ᠠᠭᠠᠷ ᠨᠡᠪᠲᠡᠷᠡᠭᠦᠯᠦᠨ᠂ ᠡᠳᠦᠷ ᠲᠤᠳᠤᠮ ᠤᠨ ᠬᠡᠷᠡᠭᠯᠡᠭᠡᠨ ᠤ ᠪᠤᠳᠠᠰ | ᠳᠤᠭᠲᠠᠭᠰᠠᠨ ᠬᠤᠭᠤᠴᠠᠭ᠎ᠠ ᠲᠠᠢ ᠠᠷᠢᠭᠤᠳᠬᠠᠵᠤ᠂ ᠦᠷᠭᠦᠯᠵᠢ ᠰᠠᠪᠤᠩ ᠪᠠ ᠰᠫᠤᠷᠲ ᠢᠶᠠᠷ ᠭᠠᠷ ᠢᠶᠠᠨ ᠤᠬᠢᠶᠠᠵᠤ᠂ | ᠭᠠᠳᠠᠭᠰᠢ ᠭᠠᠷᠪᠠᠯ ᠠᠮᠠᠪᠴᠢ ᠵᠡᠭᠦᠵᠦ᠂ ᠬᠤᠪᠢ ᠪᠠᠶ᠎ᠠ ᠪᠠ ᠭᠡᠷ ᠪᠥᠯᠢ ᠶᠢᠨ ᠬᠦᠮᠦᠰ ᠤᠨ ᠡᠷᠡᠬᠦᠯ ᠮᠡᠨᠳᠦ ᠶᠢᠨ | ᠪᠠᠶᠢᠴᠠᠭᠠᠯᠲᠠ ᠶᠢ ᠰᠠᠶᠢᠲᠤᠷ ᠬᠢᠬᠦ ᠶᠢ ᠰᠠᠨᠠᠭᠠᠴᠢᠯᠠᠵᠤ ᠪᠠᠶᠢᠨ᠎ᠠ᠃ | ᠬᠡᠷᠪᠡ ᠬᠠᠯᠠᠭᠤᠷᠠᠬᠤ᠂ ᠲᠠᠮᠢᠷᠳᠠᠬᠤ᠂ ᠬᠠᠨᠢᠶᠠᠬᠤ ᠵᠡᠷᠭᠡ ᠬᠡᠪ ᠤᠨ ᠪᠤᠰᠤ ᠢᠯᠡᠷᠡᠯ ᠢᠯᠡᠷᠡᠪᠡᠯ᠂ ᠲᠠᠷᠤᠶᠢᠬᠠᠨ | ᠠᠮᠠᠪᠴᠢ ᠵᠡᠬᠦᠵᠤ ᠬᠤᠰᠢᠭᠤ ᠠᠷᠠᠳ ᠤᠨ ᠡᠮᠨᠡᠯᠬᠡ ᠶᠢᠨ ᠬᠤᠷᠢᠶᠠᠨ ᠤ ᠬᠠᠯᠠᠭᠤᠷᠠᠬᠤ ᠡᠬᠦᠳᠠᠨ ᠡᠮᠨᠡᠯᠬᠡ ᠳᠤ ᠤᠴᠢᠬᠤ | ᠪᠤᠶᠤ ᠪᠤᠰᠤᠳ ᠭᠠᠵᠠᠷ ᠤᠷᠤᠨ ᠤ ᠳᠤᠭᠲᠠᠭᠰᠠᠨ ᠬᠠᠯᠠᠭᠤᠷᠠᠬᠤ ᠡᠭᠦᠳᠡᠨ ᠡᠮᠨᠡᠯᠭᠡ ᠳᠤ ᠤᠴᠢᠵᠤ ᠡᠮᠴᠢᠯᠡᠭᠦᠯᠵᠦ᠂ | ᠤᠯᠠᠨ ᠨᠡᠶᠢᠲᠡ ᠶᠢᠨ ᠵᠠᠮ ᠬᠠᠷᠢᠯᠴᠠᠭᠠᠨ ᠤ ᠮᠠᠰᠢᠨ ᠳᠤ ᠰᠠᠭᠤᠬᠤ᠂ ᠬᠦᠮᠦᠨ ᠤᠯᠠᠨ ᠴᠤᠭᠯᠠᠭᠰᠠᠨ ᠲᠠᠯᠠᠪᠤᠷ ᠢᠶᠠᠷ | ᠥᠩᠭᠡᠷᠡᠬᠦ ᠠᠴᠠ ᠵᠠᠶᠢᠯᠠᠰᠬᠢᠨ᠎ᠡ᠃ ᠡᠮᠴᠢᠯᠡᠬᠦᠯᠬᠦ ᠳᠤ ᠥᠪᠡᠷ ᠤᠨ ᠶᠠᠪᠤᠵᠤ ᠰᠠᠭᠤᠭᠰᠠᠨ ᠥᠩᠭᠡᠷᠡᠯᠲᠡ ᠵᠢᠴᠢ | ᠡᠪᠡᠳᠴᠢᠯᠡᠭᠰᠡᠨ ᠠᠴᠠ ᠬᠤᠶᠢᠰᠢ ᠨᠢᠭᠲᠠ ᠤᠶᠢᠷᠠᠳᠤᠭᠰᠠᠨ ᠬᠦᠮᠦᠨ ᠤ ᠪᠠᠶᠢᠳᠠᠯ ᠢ ᠡᠮᠴᠢ ᠳᠤ ᠦᠨᠡᠨ ᠪᠤᠳᠠᠲᠠᠢ | ᠮᠡᠳᠡᠭᠦᠯᠵᠦ᠂ ᠡᠮᠴᠢ ᠶᠢᠨ ᠬᠠᠮᠢᠶ᠎ᠠ ᠪᠥᠬᠦᠢ ᠪᠠᠶᠢᠴᠠᠭᠠᠯᠲᠠ ᠬᠢᠬᠦ ᠳᠤ ᠢᠳᠡᠪᠬᠢᠲᠠᠢ ᠬᠠᠪᠰᠤᠷᠤᠯᠴᠠᠬᠤ ᠬᠡᠷᠡᠭᠲᠠᠢ᠃ | ᠲᠤᠰ ᠬᠦᠮᠦᠨ ᠠᠮᠠᠯᠠᠬᠤ ᠨᠢ᠄ ᠳᠡᠭᠡᠷᠡᠬᠢ ᠳᠤᠷᠠᠳᠤᠭᠰᠠᠨ ᠭᠡᠷ ᠲᠡᠭᠡᠨ ᠳᠤᠰᠭᠠᠷᠯᠠᠭᠳᠠᠭᠰᠠᠨ ᠬᠤᠭᠤᠴᠠᠭᠠᠨ ᠳᠠᠬᠢ | ᠢᠯᠡᠷᠡᠯ ᠨᠢ ᠦᠨᠡᠨ ᠪᠤᠳᠠᠲᠠᠢ᠃ | ᠬᠡᠷ ᠲᠤᠨᠢ ᠲᠣᠰᠠᠭᠠᠷᠯᠠᠨ ᠠᠵᠢᠭᠯᠠᠬᠤ ᠶᠢ ᠦᠬᠡᠶᠢᠰᠬᠡᠬᠦ ᠬᠦᠮᠦᠨ ᠤ ᠭᠠᠷ ᠤᠨ ᠦᠰᠦᠭ᠄______ | ᠬᠠᠷᠢᠯᠴᠠᠬᠤ ᠤᠲᠠᠰᠤ᠄______ | ᠬᠢᠨᠠᠨ ᠬᠠᠮᠢᠶᠠᠷᠬᠤ ᠬᠠᠷᠢᠭᠤᠴᠠᠯᠭᠠᠲᠠᠨ ᠤ ᠭᠠᠷ ᠤᠨ ᠦᠰᠦᠭ᠄______ | ᠬᠠᠷᠢᠯᠴᠠᠬᠤ ᠤᠲᠠᠰᠤ᠄______ | _____ | ᠪᠠᠶᠢᠭᠤᠯᠭ᠎ᠠ ︵ᠭᠠᠴᠠᠭ᠎ᠠ ᠨᠠᠶᠢᠬᠡᠮ ᠲᠤᠭᠤᠷᠢᠭ︶ ᠤᠨ ᠠᠯᠪᠠᠨ ᠲᠠᠮᠠᠭ᠎ᠠ | ______ ᠤᠨ ᠤ______ ᠰᠠᠷ᠎ᠠ ᠶᠢᠨ______ ᠤ ᠡᠳᠦᠷ | | | | ᠲᠠᠭᠠᠯᠳᠤᠭᠤᠯᠤᠯ 5. | ᠬᠡᠷ ᠲᠤᠨᠢ ᠲᠣᠰᠠᠭᠠᠷᠯᠠᠨ ᠠᠵᠢᠭᠯᠠᠬᠤ ᠶᠢ ᠦᠬᠡᠶᠢᠰᠬᠡᠬᠦ ᠮᠡᠳᠡᠭᠳᠡᠯ ᠤᠨ ᠪᠢᠴᠢᠭ | ︵ᠡᠩ ᠤᠨ ᠨᠢᠭᠤᠷᠯᠡᠯ︶ | ᠲᠠᠨ ᠤ ᠳᠤᠰᠠᠭᠠᠷᠯᠠᠨ ᠠᠵᠢᠭᠯᠠᠬᠤ ᠬᠤᠭᠤᠴᠠᠭᠠᠨ ᠳᠤ ᠭᠠᠴᠠᠭ᠎ᠠ᠂ ᠨᠡᠶᠢᠭᠡᠮ ᠲᠤᠭᠤᠷᠢᠭ ᠪᠠ ᠡᠷᠡᠬᠦᠯ | ᠬᠠᠮᠠᠭᠠᠯᠠᠯ ᠤᠨ ᠰᠠᠯᠠᠭ᠎ᠠ ᠮᠥᠴᠢᠷ ᠤᠨ ᠠᠵᠢᠯ ᠳᠤ ᠳᠡᠮᠵᠢᠯᠭᠡ ᠦᠵᠡᠭᠦᠯᠦᠭᠰᠡᠨ ᠳᠤ ᠲᠠᠯᠠᠷᠬᠠᠵᠤ ᠪᠠᠶᠢᠨ᠎ᠠ᠃ 2020 | ᠤᠨ ᠤ______ ᠰᠠᠷ᠎ᠠ ᠶᠢᠨ______ ᠤ ᠡᠳᠤᠷ ᠠᠴᠠ 2020 ᠤᠨ ᠤ______ ᠰᠠᠷ᠎ᠠ | ᠶᠢᠨ______ ᠤ ᠡᠳᠤᠷ ᠪᠤᠯᠲᠠᠯᠠᠬᠢ 14 ᠡᠳᠦᠷ ᠳᠤᠰᠠᠭᠠᠷᠯᠠᠭᠳᠠᠵᠤ᠂ ᠲᠤᠰ ᠬᠤᠭᠤᠴᠠᠭᠠᠨ ᠳᠤ ᠲᠠ | ᠬᠠᠯᠠᠭᠤᠷᠠᠬᠤ᠂ ᠲᠠᠮᠢᠷᠳᠠᠬᠤ᠂ ᠬᠠᠨᠢᠶᠠᠬᠤ ᠵᠡᠷᠭᠡ ᠬᠡᠪ ᠤᠨ ᠪᠤᠰᠤ ᠢᠯᠡᠷᠡᠯ ᠭᠠᠷᠤᠭᠰᠠᠨ ᠦᠭᠡᠢ ᠬᠡᠵᠦ ᠮᠡᠳᠡᠭᠦᠯᠪᠡ᠃ | ᠪᠡᠶ᠎ᠡ ᠶᠢᠨ ᠬᠠᠯᠠᠭᠤᠨ ᠤ ᠬᠡᠮᠵᠢᠯᠲᠡ ᠪᠠᠷ ᠤᠳᠤᠬᠠᠨ ᠳᠤ______ ᠭᠷᠠᠳᠦ᠋ᠰ ᠪᠠᠶᠢᠵᠤ᠂ ᠬᠡᠪ ᠤᠨ ᠪᠠᠶᠢᠳᠠᠯ ᠤᠨ | ᠬᠡᠪᠴᠢᠶᠡᠨ ᠳᠤ ᠪᠠᠶᠢᠵᠤ᠂ ᠲᠤᠰ ᠡᠳᠦᠷ ᠠᠴᠠ ᠡᠬᠢᠯᠡᠨ ᠳᠤᠰᠠᠭᠠᠷᠯᠠᠯ ᠢ ᠦᠭᠡᠶᠢᠰᠭᠡᠨ᠎ᠡ᠃ | ᠲᠠᠨ ᠤ ᠪᠠ ᠲᠠᠨ ᠤ ᠭᠡᠷ ᠪᠥᠯᠢ ᠶᠢᠨ ᠬᠦᠮᠦᠰ ᠤᠨ ᠡᠷᠡᠬᠦᠯ ᠮᠡᠨᠳᠦ ᠶᠢᠨ ᠲᠥᠯᠦᠭᠡ᠂ ᠭᠠᠳᠠᠭᠰᠢ ᠭᠠᠷᠴᠤ | ᠬᠥᠳᠡᠯᠭᠡᠭᠡᠨ ᠬᠢᠬᠦ ᠪᠠᠨ ᠪᠠᠭᠠᠰᠬᠠᠵᠤ᠂ ᠤᠷᠤᠨ ᠰᠠᠭᠤᠴᠠ ᠪᠠ ᠬᠤᠪᠢ ᠬᠦᠮᠦᠨ ᠤ ᠠᠷᠢᠭᠤᠨ ᠴᠡᠪᠡᠷ ᠢ ᠠᠩᠬᠠᠷᠴᠤ᠂ | ᠦᠷᠭᠦᠯᠵᠢ ᠤᠷᠤᠨ ᠰᠠᠭᠤᠴᠠ ᠳᠠᠭᠠᠨ ᠴᠡᠪᠡᠷ ᠠᠭᠠᠷ ᠨᠡᠪᠲᠡᠷᠡᠭᠦᠯᠦᠨ᠂ ᠡᠳᠦᠷ ᠲᠤᠳᠤᠮ ᠤᠨ ᠬᠡᠷᠡᠭᠯᠡᠭᠡᠨ ᠤ ᠪᠤᠳᠠᠰ | ᠳᠤᠭᠲᠠᠭᠰᠠᠨ ᠬᠤᠭᠤᠴᠠᠭ᠎ᠠ ᠲᠠᠢ ᠠᠷᠢᠭᠤᠳᠬᠠᠵᠤ᠂ ᠦᠷᠭᠦᠯᠵᠢ ᠰᠠᠪᠤᠩ ᠪᠠ ᠰᠫᠤᠷᠲ ᠢᠶᠠᠷ ᠭᠠᠷ ᠢᠶᠠᠨ ᠤᠬᠢᠶᠠᠵᠤ᠂ | ᠭᠠᠳᠠᠭᠰᠢ ᠭᠠᠷᠪᠠᠯ ᠠᠮᠠᠪᠴᠢ ᠵᠡᠭᠦᠵᠦ᠂ ᠬᠤᠪᠢ ᠪᠠᠶ᠎ᠠ ᠪᠠ ᠭᠡᠷ ᠪᠥᠯᠢ ᠶᠢᠨ ᠬᠦᠮᠦᠰ ᠤᠨ ᠡᠷᠡᠬᠦᠯ ᠮᠡᠨᠳᠦ ᠶᠢᠨ | ᠪᠠᠶᠢᠴᠠᠭᠠᠯᠲᠠ ᠶᠢ ᠰᠠᠶᠢᠲᠤᠷ ᠬᠢᠬᠦ ᠶᠢ ᠰᠠᠨᠠᠭᠠᠴᠢᠯᠠᠵᠤ ᠪᠠᠶᠢᠨ᠎ᠠ᠃ | ᠬᠡᠷᠪᠡ ᠬᠠᠯᠠᠭᠤᠷᠠᠬᠤ᠂ ᠲᠠᠮᠢᠷᠳᠠᠬᠤ᠂ ᠬᠠᠨᠢᠶᠠᠬᠤ ᠵᠡᠷᠭᠡ ᠬᠡᠪ ᠤᠨ ᠪᠤᠰᠤ ᠢᠯᠡᠷᠡᠯ ᠢᠯᠡᠷᠡᠪᠡᠯ᠂ | ᠲᠠᠷᠤᠶᠢᠬᠠᠨ ᠠᠮᠠᠪᠴᠢ ᠵᠡᠬᠦᠵᠤ ᠬᠤᠰᠢᠭᠤ ᠠᠷᠠᠳ ᠤᠨ ᠡᠮᠨᠡᠯᠬᠡ ᠶᠢᠨ ᠬᠤᠷᠢᠶᠠᠨ ᠤ ᠬᠠᠯᠠᠭᠤᠷᠠᠬᠤ ᠡᠬᠦᠳᠠᠨ ᠡᠮᠨᠡᠯᠬᠡ | ᠳᠤ ᠤᠴᠢᠬᠤ ᠪᠤᠶᠤ ᠪᠤᠰᠤᠳ ᠭᠠᠵᠠᠷ ᠤᠷᠤᠨ ᠤ ᠳᠤᠭᠲᠠᠭᠰᠠᠨ ᠬᠠᠯᠠᠭᠤᠷᠠᠬᠤ ᠡᠭᠦᠳᠡᠨ ᠡᠮᠨᠡᠯᠭᠡ ᠳᠤ ᠤᠴᠢᠵᠤ | ᠡᠮᠴᠢᠯᠡᠭᠦᠯᠵᠦ᠂ ᠤᠯᠠᠨ ᠨᠡᠶᠢᠲᠡ ᠶᠢᠨ ᠵᠠᠮ ᠬᠠᠷᠢᠯᠴᠠᠭᠠᠨ ᠤ ᠮᠠᠰᠢᠨ ᠳᠤ ᠰᠠᠭᠤᠬᠤ᠂ ᠬᠦᠮᠦᠨ ᠤᠯᠠᠨ ᠴᠤᠭᠯᠠᠭᠰᠠᠨ | ᠲᠠᠯᠠᠪᠤᠷ ᠢᠶᠠᠷ ᠥᠩᠭᠡᠷᠡᠬᠦ ᠠᠴᠠ ᠵᠠᠶᠢᠯᠠᠰᠬᠢᠨ᠎ᠡ᠃ ᠡᠮᠴᠢᠯᠡᠬᠦᠯᠬᠦ ᠳᠤ ᠥᠪᠡᠷ ᠤᠨ ᠶᠠᠪᠤᠵᠤ ᠰᠠᠭᠤᠭᠰᠠᠨ ᠥᠩᠭᠡᠷᠡᠯᠲᠡ | ᠵᠢᠴᠢ ᠡᠪᠡᠳᠴᠢᠯᠡᠭᠰᠡᠨ ᠠᠴᠠ ᠬᠤᠶᠢᠰᠢ ᠨᠢᠭᠲᠠ ᠤᠶᠢᠷᠠᠳᠤᠭᠰᠠᠨ ᠬᠦᠮᠦᠨ ᠤ ᠪᠠᠶᠢᠳᠠᠯ ᠢ ᠡᠮᠴᠢ ᠳᠤ ᠦᠨᠡᠨ | ᠪᠤᠳᠠᠲᠠᠢ ᠮᠡᠳᠡᠭᠦᠯᠵᠦ᠂ ᠡᠮᠴᠢ ᠶᠢᠨ ᠬᠠᠮᠢᠶ᠎ᠠ ᠪᠥᠬᠦᠢ ᠪᠠᠶᠢᠴᠠᠭᠠᠯᠲᠠ ᠬᠢᠬᠦ ᠳᠤ ᠢᠳᠡᠪᠬᠢᠲᠠᠢ ᠬᠠᠪᠰᠤᠷᠤᠯᠴᠠᠬᠤ | ᠬᠡᠷᠡᠭᠲᠠᠢ᠃ | ᠲᠤᠰ ᠬᠦᠮᠦᠨ ᠠᠮᠠᠯᠠᠬᠤ ᠨᠢ᠄ ᠳᠡᠭᠡᠷᠡᠬᠢ ᠳᠤᠷᠠᠳᠤᠭᠰᠠᠨ ᠭᠡᠷ ᠲᠡᠭᠡᠨ ᠳᠤᠰᠭᠠᠷᠯᠠᠭᠳᠠᠭᠰᠠᠨ ᠬᠤᠭᠤᠴᠠᠭᠠᠨ | ᠳᠠᠬᠢ ᠢᠯᠡᠷᠡᠯ ᠨᠢ ᠦᠨᠡᠨ ᠪᠤᠳᠠᠲᠠᠢ᠃ | ᠬᠡᠷ ᠲᠤᠨᠢ ᠲᠣᠰᠠᠭᠠᠷᠯᠠᠨ ᠠᠵᠢᠭᠯᠠᠬᠤ ᠶᠢ ᠦᠬᠡᠶᠢᠰᠬᠡᠬᠦ ᠬᠦᠮᠦᠨ ᠤ ᠭᠠᠷ ᠤᠨ ᠦᠰᠦᠭ᠄ | ______ ᠬᠠᠷᠢᠯᠴᠠᠬᠤ ᠤᠲᠠᠰᠤ᠄______ | ᠬᠢᠨᠠᠨ ᠬᠠᠮᠢᠶᠠᠷᠬᠤ ᠬᠠᠷᠢᠭᠤᠴᠠᠯᠭᠠᠲᠠᠨ ᠤ ᠭᠠᠷ ᠤᠨ ᠦᠰᠦᠭ᠄ ______ | ᠬᠠᠷᠢᠯᠴᠠᠬᠤ ᠤᠲᠠᠰᠤ᠄______ | ᠡᠮᠴᠢᠯᠡᠭᠡᠨ ᠤ ᠬᠦᠮᠦᠰ ᠤᠨ ᠭᠠᠷ ᠤᠨ ᠦᠰᠦᠭ᠄ ______ | ᠬᠠᠷᠢᠯᠴᠠᠬᠤ ᠤᠲᠠᠰᠤ᠄______ | ᠬᠠᠷᠢᠶ᠎ᠠ ᠲᠤᠭᠤᠷᠢᠭ ᠤᠨ ᠠᠷᠠᠳ ᠤᠨ ᠴᠠᠭᠳᠠᠭᠠᠨ ᠤ ᠭᠠᠷ ᠤᠨ ᠦᠰᠦᠭ᠄ ______ | ᠬᠠᠷᠢᠯᠴᠠᠬᠤ ᠤᠲᠠᠰᠤ᠄______ | | ______ᠪᠠᠶᠢᠭᠤᠯᠭ᠎ᠠ ︵ᠭᠠᠴᠠᠭ᠎ᠠ ᠨᠠᠶᠢᠬᠡᠮ ᠲᠤᠭᠤᠷᠢᠭ︶ ᠤᠨ ᠠᠯᠪᠠᠨ ᠲᠠᠮᠠᠭ᠎ᠠ | —— ᠤᠨ ᠤ —— ᠰᠠᠷ᠎ᠠ ᠶᠢᠨ —— ᠤ ᠡᠳᠦᠷ |