1791 ᠣᠨ ᠳᠤ ᠲᠡᠭᠷᠢ ᠲᠡᠳᠬᠦᠭᠴᠢ ᠬᠠᠭᠠᠨ ᠬᠠᠶᠠᠩᠬᠢᠷᠸ᠎ᠠ ᠰᠦᠮ᠎ᠡ ᠳᠤ ᠮᠤᠩᠭᠤᠯ ︽ᠳ᠋ᠠᠨᠵᠤᠤᠷ︾ | ᠬᠡᠮᠡᠬᠦ ᠠᠪᠤᠷᠭᠤ ᠰᠤᠳᠤᠷ ᠢ ᠱᠠᠩᠨᠠᠨ ᠦᠭᠬᠦᠭᠰᠡᠨ ᠠᠴᠠ ᠡᠳᠦᠭᠡ ᠬᠦᠷᠳᠡᠯ᠎ᠡ ᠬᠤᠶᠠᠷ ᠵᠠᠭᠤ ᠭᠠᠷᠤᠢ ᠵᠢᠯ ᠤᠨ ᠲᠡᠦᠬᠡ | ᠲᠠᠢ ᠪᠤᠯᠪᠠ᠃ | ᠮᠤᠩᠭᠤᠯ ︽ᠳ᠋ᠠᠨᠵᠤᠤᠷ︾ ᠰᠤᠳᠤᠷ ᠪᠤᠯ ᠪᠤᠷᠬᠠᠨ ᠱᠠᠰᠢᠨ ᠤ ᠳᠡᠯᠡᠭᠡᠢ ᠳᠤ ᠠᠯᠳᠠᠷᠲᠠᠢ ᠶᠡᠭᠡ ᠬᠦᠯᠭᠡᠨ | ᠰᠤᠳᠤᠷ ᠪᠤᠯᠤᠨ᠎ᠠ᠃ ᠲᠡᠷᠡ ᠨᠢ ᠮᠠᠨ ᠤ ᠤᠯᠤᠰ ᠤᠨ ᠮᠤᠩᠭᠤᠯ᠂ ᠲᠦᠪᠡᠳ᠂ ᠮᠠᠨᠵᠤ᠂ ᠬᠢᠳᠠᠳ ᠵᠡᠷᠭᠡ ᠣᠯᠠᠨ | ᠦᠨᠳᠦᠰᠦᠳᠡᠨ ᠤ ᠰᠤᠶᠤᠯ ᠤᠨ ᠰᠤᠯᠢᠯᠴᠠᠭᠠᠨ ᠤ ᠠᠪᠤᠷᠭᠤ ᠪᠦᠳᠦᠭᠡᠯ ᠪᠤᠯᠬᠤ ᠪᠠᠷ ᠦᠯᠦ ᠪᠠᠷᠠᠨ᠂ ᠮᠤᠩᠭᠤᠯᠴᠤᠳ | ᠤᠨ ᠳᠤᠮᠳᠠ ᠪᠤᠷᠬᠠᠨ ᠱᠠᠰᠢᠨ ᠤ ᠬᠦᠭᠵᠢᠯᠲᠡ ᠶᠢᠨ ᠲᠦᠪᠯᠡᠷᠡᠭᠰᠡᠨ ᠢᠯᠡᠷᠡᠯ ᠪᠠᠶᠢᠵᠤ᠂ ᠮᠤᠩᠭᠤᠯ ᠰᠤᠶᠤᠯ ᠤᠨ | ᠲᠡᠦᠬᠡᠨ ᠳᠠᠬᠢ ᠣᠷᠴᠢᠭᠤᠯᠭ᠎ᠠ ᠶᠢᠨ ᠠᠪᠤᠷᠭᠤ᠂ ᠪᠠᠷᠯᠠᠯ ᠬᠡᠪᠯᠡᠯ ᠤᠨ ᠠᠪᠤᠷᠭᠤ ᠪᠤᠯᠵᠤ᠂ ᠤᠯᠤᠰ ᠤᠨ ᠲᠤᠳᠤᠭᠠᠳᠤ | ᠭᠠᠳᠠᠭᠠᠳᠤ ᠳᠤ ᠲᠤᠩ ᠬᠤᠪᠤᠷ ᠪᠠᠶᠢᠳᠠᠭ ᠦᠨᠡᠲᠦ ᠡᠳ᠋ ᠪᠠᠶᠢᠵᠤ᠂ ᠬᠦᠮᠦᠨ ᠲᠦᠷᠦᠯᠬᠢᠳᠡᠨ ᠤ ᠰᠤᠶᠤᠯ ᠤᠨ ᠥᠪ | ᠳᠠᠬᠢ ᠬᠤᠪᠤᠷ ᠡᠷᠳᠡᠨᠢ ᠪᠤᠯᠬᠤ ᠶᠤᠮ᠃ ︽ᠳ᠋ᠠᠨᠵᠤᠤᠷ︾ ᠳᠤ ᠪᠤᠷᠬᠠᠨ ᠱᠠᠰᠢᠨ᠂ ᠬᠠᠤᠯᠢ ᠳᠦᠷᠢᠮ᠂ ᠶᠤᠰᠤ | ᠰᠤᠷᠳᠠᠬᠤᠨ ᠤ ᠵᠦᠢᠯ ᠠᠭᠤᠯᠤᠭᠳᠠᠵᠤ ᠪᠠᠶᠢᠬᠤ ᠠᠴᠠ ᠭᠠᠳᠠᠨ᠎ᠠ ᠬᠦᠨ ᠤᠬᠠᠭᠠᠨ᠂ ᠯᠤᠬᠢᠭ ᠵᠦᠢ᠂ ᠬᠡᠯᠡ ᠵᠦᠢ᠂ | ᠰᠢᠯᠦᠭ ᠲᠠᠭᠤᠯᠠᠯ᠂ ᠤᠷᠠᠨ ᠵᠢᠷᠤᠭ᠂ ᠲᠡᠭᠷᠢ ᠶᠢᠨ ᠵᠦᠢ᠂ ᠴᠠᠭ ᠤᠯᠠᠷᠢᠯ᠂ ᠡᠮ ᠡᠮᠨᠡᠯᠭᠡ᠂ ᠭᠠᠷ ᠤᠷᠠᠯᠠᠯ ᠵᠡᠷᠭᠡ ᠤᠯᠠᠨ | ᠠᠷᠪᠢᠨ ᠬᠦᠷᠢᠶ᠎ᠡ ᠬᠡᠪᠴᠢᠶ᠎ᠡ ᠶᠢ ᠪᠠᠭᠳᠠᠭᠠᠵᠤ ᠪᠠᠶᠢᠳᠠᠭ᠃ | 1791 ᠣᠨ ᠳᠤ᠂ ᠮᠠᠨᠵᠤ ᠶᠢᠨ ᠲᠡᠭᠷᠢ ᠲᠡᠳᠬᠦᠭᠴᠢ ᠬᠠᠭᠠᠨ ᠠᠴᠠ ᠮᠤᠩᠭᠤᠯ ᠤᠨ ᠶᠡᠭᠡ ᠬᠦᠯᠭᠡᠨ ᠰᠤᠳᠤᠷ | — ︽ᠳ᠋ᠠᠨᠵᠤᠤᠷ︾ ᠪᠤᠯᠤᠨ ᠲᠡᠷᠢᠬᠦᠨ ᠯᠠᠮᠠ ᠶᠢᠨ ᠲᠠᠮᠠᠭ᠎ᠠ ᠬᠤᠶᠠᠷ ᠢ ᠬᠦᠪᠡᠭᠡᠲᠦ ᠰᠢᠷ᠎ᠠ ᠬᠤᠰᠢᠭᠤᠨ ᠤ | ᠬᠠᠶᠠᠩᠬᠢᠷᠸ᠎ᠠ ᠰᠦᠮ᠎ᠡ ᠶᠢᠨ ᠬᠤᠶᠠᠳᠤᠭᠠᠷ ᠲᠦᠷᠢ ᠶᠢᠨ ᠬᠡᠬᠡᠨ ᠰᠡᠴᠡᠨ ᠴᠤᠷᠵᠢ ᠳᠤᠷ ᠱᠠᠩᠨᠠᠭᠰᠠᠨ ᠪᠢᠯᠡ᠃ ᠲᠤᠬᠠᠢ | ᠶᠢᠨ ᠦᠶ᠎ᠡ ᠳᠤ ᠰᠦᠮ᠎ᠡ ᠶᠢᠨ ᠬᠠᠮᠢᠶᠠᠷᠤᠯᠲᠠ ᠰᠠᠶᠢᠨ ᠪᠠᠶᠢᠭᠰᠠᠨ ᠲᠤᠯᠠ ᠮᠤᠩᠭᠤᠯ ︽ᠳ᠋ᠠᠨᠵᠤᠤᠷ︾ ᠢ ᠮᠠᠰᠢ ᠰᠠᠶᠢᠨ | ᠪᠦᠷᠢᠨ ᠪᠦᠳᠦᠨ ᠬᠠᠳᠠᠭᠠᠯᠠᠭᠰᠠᠭᠠᠷ ᠢᠷᠡᠭᠰᠡᠨ ᠶᠤᠮ᠃ ᠡᠳᠦᠬᠡ ᠲᠡᠯᠡᠭᠡᠢ ᠲᠡᠭᠡᠷ᠎ᠡ ᠮᠤᠩᠭᠤᠯ ︽ᠳ᠋ᠠᠨᠵᠤᠤᠷ︾ ᠨᠢ | ᠲᠤᠮᠳᠠᠳᠤ ᠤᠯᠤᠰ ᠲᠤ ᠬᠤᠶᠠᠷ ᠢᠵᠢ᠂ ᠮᠤᠩᠭᠤᠯ ᠤᠯᠤᠰ ᠲᠤ ᠨᠢᠭᠡ ᠢᠵᠢ ᠨᠡᠶᠢᠲᠡ ᠭᠤᠷᠪᠠᠭ᠋ᠠᠨ ᠢᠵᠢ | ᠬᠠᠳᠠᠭᠠᠯᠠᠭᠳᠠᠵᠤ ᠪᠤᠢ᠃ ᠡᠬᠦᠨ ᠤ ᠲᠤᠳᠤᠷ᠎ᠠ ᠬᠠᠶᠠᠩᠬᠢᠷᠸ᠎ᠠ ᠰᠦᠮ᠎ᠡ ᠳᠤ ᠬᠠᠳᠠᠭᠠᠯᠠᠭᠳᠠᠵᠤ ᠪᠠᠶᠢᠭᠰᠠᠨ ︽ᠳ᠋ᠠᠨᠵᠤᠤᠷ︾ | ᠨᠢ ᠴᠠᠭᠠᠰᠤ ᠨᠢ ᠨᠠᠷᠢᠯᠢᠭ᠂ ᠦᠰᠦᠭ ᠨᠢ ᠲᠤᠳᠤ᠂ ᠵᠢᠷᠤᠭ ᠤᠷᠠᠯᠠᠯ ᠨᠢ ᠭᠤᠶᠤᠮᠰᠤᠭ᠂ ᠪᠦᠷᠢᠨ ᠪᠦᠳᠦᠨ | ᠬᠠᠳᠠᠭᠠᠯᠠᠭᠳᠠᠵᠤ ᠢᠷᠡᠭᠰᠡᠨ ᠢᠶᠠᠷ ᠢᠶᠠᠨ ᠬᠠᠮᠤᠭ ᠤᠨ ᠰᠠᠶᠢᠨ ᠨᠢᠭᠡᠨ ᠢᠵᠢ ᠶᠤᠮ᠃ ᠲᠤᠰ ᠪᠡᠭᠡᠵᠢᠩ ᠮᠤᠳᠤᠨ ᠪᠠᠷ | ᠤᠨ ᠮᠤᠩᠭᠤᠯ ︽ᠳ᠋ᠠᠨᠵᠤᠤᠷ︾ ᠤᠨ ᠵᠢᠷᠤᠭ ᠤᠷᠠᠯᠠᠯ ᠨᠢ ᠮᠠᠰᠢ ᠭᠤᠶᠤ ᠬᠡᠬᠡᠨᠴᠢᠷ ᠪᠠᠶᠢᠵᠤ᠂ ᠪᠤᠳᠢ ᠪᠦᠷᠢ ᠶᠢᠨ | ᠬᠠᠪᠳᠠᠰᠤ ᠮᠤᠳᠤᠨ ᠤ ᠳᠤᠳᠤᠷ᠎ᠠ ᠲᠠᠯ᠎ᠠ ᠪᠠ ᠪᠤᠳᠢ ᠶᠢᠨ ᠡᠬᠢᠨ ᠳᠤ ᠪᠦᠷ ᠦᠩᠭᠡ ᠮᠢᠷᠠᠯᠵᠠᠭᠰᠠᠨ ᠵᠢᠷᠤᠮᠠᠯ ᠪᠤᠷᠬᠠᠨ | ᠤ ᠬᠦᠷᠦᠭ ᠤᠳ ᠪᠠᠶᠢᠵᠤ᠂ ᠨᠠᠶᠢᠲᠡ1120 ᠬᠤᠪᠢ ᠪᠤᠷᠬᠠᠨ ᠤ ᠦᠩᠭᠡᠲᠦ ᠵᠢᠷᠤᠮᠠᠯ ᠬᠦᠷᠦᠭ ᠲᠠᠢ ᠶᠤᠮ᠃ ᠡᠳᠡᠭᠡᠷ | ᠦᠩᠭᠡᠲᠦ ᠪᠤᠷᠬᠠᠨ ᠤ ᠬᠦᠷᠦᠭ ᠵᠢᠷᠤᠭ ᠢ ᠠᠯᠲᠠ᠂ ᠮᠦᠩᠬᠦ᠂ ᠱᠢᠷᠦ᠂ ᠰᠤᠪᠤᠳ᠂ ᠤᠭ᠍ᠶᠤ᠂ ᠨᠤᠮᠢᠨ᠂ ᠯᠠᠪᠠᠢ᠂ ᠵᠡᠰ᠂ ᠭᠠᠩ | ᠵᠡᠷᠭᠡ ᠡᠷᠳᠡᠨᠢᠰ ᠢ ᠨᠠᠶᠢᠷᠠᠭᠤᠯᠵᠤ ᠵᠢᠷᠤᠵᠤ ᠪᠦᠳᠦᠭᠡᠭᠰᠡᠨ ᠶᠤᠮ᠃ ᠡᠳᠡᠭᠡᠷ ᠬᠦᠷᠦᠭ ᠵᠢᠷᠤᠭ ᠢ ᠪᠤᠷᠬᠠᠨ ᠪᠦᠷᠢ ᠶᠢᠨ | ᠬᠡᠪ ᠨᠠᠮᠪᠠ ᠪᠠ ᠬᠦᠷᠦᠭ ᠵᠢᠷᠤᠭ ᠢ ᠪᠦᠳᠦᠭᠡᠨ ᠵᠢᠷᠤᠬᠤ ᠤᠨᠤᠯ ᠤᠨ ᠵᠤᠬᠢᠶᠠᠯ ︽ᠪᠡᠶ᠎ᠡ ᠰᠡᠳᠬᠢᠯ ᠤᠨ ᠬᠤᠪᠢ | ᠬᠡᠮᠵᠢᠶᠡᠨ ᠤᠷᠤᠰᠢᠪᠠ︾᠂ ︽ᠲᠤᠭᠤᠯᠤᠭᠰᠠᠨ ᠪᠤᠷᠬᠠᠨ ᠤ ᠨᠤᠮᠯᠠᠭᠰᠠᠨ ᠪᠡᠶ᠎ᠡ ᠲᠦᠷᠰᠦ ᠶᠢᠨ ᠬᠡᠮᠵᠢᠶᠡᠨ ᠤ ᠲᠠᠶᠢᠯᠪᠦᠷᠢ | ᠬᠡᠮᠡᠬᠦ︾᠂ ︽ᠵᠢᠷᠤᠭ ᠤᠨ ᠪᠡᠯᠭᠡ ᠴᠢᠨᠠᠷ ᠤᠷᠤᠰᠢᠪᠠ︾᠂ ︽ᠪᠡᠶ᠎ᠡ ᠶᠢᠨ ᠲᠦᠷᠰᠦ ᠬᠦᠷᠦᠭ ᠬᠡᠮᠵᠢᠶᠡᠨ ᠤ ᠪᠡᠯᠭᠡ | ᠴᠢᠨᠠᠷ ᠬᠡᠮᠡᠭᠳᠡᠬᠦ︾ ᠵᠡᠷᠭᠡ ᠳᠤ ᠲᠤᠭᠳᠠᠭᠤᠨ ᠨᠤᠮᠯᠠᠭᠰᠠᠨ ᠶᠤᠰᠤ ᠪᠠᠷ ᠭᠤᠶᠤ ᠰᠠᠶᠢᠬᠠᠨ ᠤᠷᠠᠯᠢᠭ ᠤᠨ ᠬᠡᠪ ᠨᠠᠮᠪᠠ | ᠲᠠᠢ ᠵᠢᠷᠤᠵᠤ ᠪᠦᠳᠦᠭᠡᠪᠡ᠃ ᠪᠠᠰᠠ ᠪᠤᠳᠢ ᠪᠦᠷᠢ ᠶᠢᠨ ᠭᠠᠳᠠᠷ ᠲᠠᠯ᠎ᠠ ᠳᠤ ᠨᠠᠢᠮᠠᠨ ᠲᠠᠬᠢᠯ ᠤᠨ ᠵᠢᠷᠤᠭ ᠲᠠᠢ ᠪᠠᠶᠢᠳᠠᠭ᠃ | ᠪᠤᠳᠢ ᠶᠢᠨ ᠦᠰᠦᠭ ᠤᠨ ᠰᠡᠶᠢᠯᠪᠦᠷᠢ ᠨᠢ ᠴᠤ ᠲᠡᠷᠢ ᠲᠡᠭᠰᠢ᠂ ᠭᠤᠶᠤ ᠦᠵᠡᠮᠦᠷᠢ ᠲᠠᠢ ᠪᠠᠶᠢᠳᠠᠭ᠃ ᠡᠳᠡᠭᠡᠷ ᠨᠢ | ᠲᠤᠬᠠᠢ ᠶᠢᠨ ᠦᠶ᠎ᠡ ᠶᠢᠨ ᠤᠷᠠᠨ ᠵᠢᠷᠤᠭ᠂ ᠰᠢᠷ ᠪᠤᠳᠤᠭ᠂ ᠪᠠᠷ ᠬᠡᠪᠯᠡᠯ ᠤᠨ ᠤᠷ᠎ᠠ ᠮᠡᠷᠭᠡᠵᠢᠯ ᠢ ᠰᠤᠳᠤᠯᠬᠤ ᠳᠤ | ᠴᠢᠬᠤᠯᠠ ᠯᠠᠪᠯᠠᠯᠲᠠ ᠪᠤᠯᠪᠠ᠃ | ᠡᠳᠦᠭᠡ ᠡᠨᠡ ᠰᠤᠳᠤᠷ ᠢ ᠥᠪᠦᠷ ᠮᠤᠩᠭᠤᠯ ᠤᠨᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠨᠤᠮ ᠤᠨ ᠰᠠᠩ ᠳᠤ ᠬᠠᠳᠠᠭᠠᠯᠠᠵᠤ ᠪᠤᠢ᠃ 2007 ᠣᠨ ᠳᠤ᠂ ᠬᠦᠪᠡᠭᠡᠲᠦ ᠰᠢᠷ᠎ᠠ ᠬᠤᠰᠢᠭᠤ ᠨᠢ ︽ᠮᠤᠩᠭᠤᠯ ︿ | ᠳ᠋ᠠᠨᠵᠤᠤᠷ﹀ ᠢ ᠥᠪᠯᠡᠭᠰᠡᠨ ᠲᠠᠭᠰᠢᠨ ᠤᠷᠤᠨ︾ ᠢᠶᠠᠷ ᠵᠦᠪᠰᠢᠶᠡᠷᠡᠨ ᠨᠡᠷᠡᠶᠢᠳᠦᠭᠳᠡᠪᠡ᠃ ᠬᠠᠶᠠᠩᠬᠢᠷᠸ᠎ᠠ ᠰᠦᠮ᠎ᠡ ᠨᠢ | ᠮᠤᠩᠭᠤᠯ ︽ᠳ᠋ᠠᠨᠵᠤᠤᠷ︾ ᠢ ᠥᠪᠯᠡᠭᠰᠡᠨ ᠠᠩᠬᠠᠨ ᠤ ᠰᠦᠮ᠎ᠡ ᠪᠤᠯᠪᠠ᠃ ᠬᠦᠪᠡᠭᠡᠲᠦ ᠰᠢᠷ᠎ᠠ ᠬᠤᠰᠢᠭᠤ ᠨᠢ ᠲᠤᠰ | ᠦᠨᠡᠳᠦ ᠲᠡᠦᠬᠡᠨ ᠰᠤᠳᠤᠷ ᠢ ᠦᠨᠢᠲᠡ ᠲᠤᠷᠠᠰᠬᠠᠬᠤ ᠶᠢᠨ ᠲᠤᠯᠠᠳᠠ 2007 ᠣᠨ ᠳᠤ ᠬᠠᠶᠠᠩᠬᠢᠷᠸ᠎ᠠ ᠰᠦᠮ᠎ᠡ ᠶᠢᠨ | ᠵᠡᠬᠦᠨ ᠬᠤᠶᠢᠲᠤ ᠠᠭᠤᠯᠠ ᠶᠢᠨ ᠤᠷᠤᠢ ᠲᠡᠭᠡᠷ᠎ᠡ ︽ᠳ᠋ᠠᠨᠵᠤᠤᠷ︾ ᠤᠨ ᠲᠤᠷᠠᠰᠬᠠᠯ ᠤᠨ ᠬᠦᠰᠢᠶ᠎ᠡ ᠪᠤᠰᠬᠠᠭᠰᠠᠨ ᠶᠤᠮ᠃ | ᠡᠨᠡ ᠬᠦᠰᠢᠶ᠎ᠡ ᠨᠢ ᠰᠦᠮ᠎ᠡ ᠶᠢᠨ ᠠᠷᠤ ᠳᠤ ᠰᠦᠨᠳᠡᠷᠯᠡᠬᠦ ᠪᠧᠲ᠋ᠧ ᠤᠪᠤᠭᠠᠨ ᠤ ᠵᠡᠬᠦᠨ ᠡᠮᠦᠨ᠎ᠡ ᠲᠠᠯ᠎ᠠ ᠳᠤ | ᠪᠠᠶᠢᠷᠢᠰᠢᠵᠦ ᠪᠠᠶᠢᠳᠠᠭ᠃ ᠨᠤᠲᠤᠭ ᠤᠨ ᠬᠦᠮᠦᠰ ︽ᠳ᠋ᠠᠨᠵᠤᠤᠷ ᠤᠪᠤᠭ᠎ᠠ︾ ᠬᠡᠮᠡᠨ ᠬᠦᠨᠳᠦᠳᠬᠡᠨ ᠲᠠᠭᠤᠳᠠᠳᠠᠭ᠃ |