︵ᠲᠠᠪᠤ︶ ᠠᠰᠤᠷᠤ ᠠᠶᠠᠯᠭᠤ ᠶᠢᠨ ᠥᠯᠦᠭᠡᠢ — ᠬᠦᠪᠡᠭᠡᠲᠦ ᠰᠢᠷ᠎ᠠ
ᠨᠡᠶᠢᠲᠡᠯᠡᠭᠰᠡᠨ ᠴᠠᠭ᠄
2020/5/22
      ᠠᠰᠤᠷᠤ ᠠᠶᠠᠯᠭᠤ ᠨᠢ ᠮᠣᠩᠭᠤᠯ ᠣᠷᠳᠤᠨ ᠤᠨ ᠬᠦᠭᠵᠢᠮ ᠤᠨ ᠨᠢᠭᠡ ᠲᠦᠷᠦᠯ ᠪᠠᠶᠢᠵᠤ᠂ ︽ᠢᠷᠠᠭᠤ ᠬᠦᠭᠵᠢᠮ︾᠂ ︽ᠲᠡᠭᠷᠢᠯᠢᠭ ᠠᠶᠠᠯᠭᠤᠨ︾ ᠬᠡᠮᠡᠨ ᠬᠦᠨᠲᠦᠳᠭᠡᠭᠳᠡᠵᠦ᠂ ᠶᠤᠸᠠᠨ ᠤᠯᠤᠰ ᠤᠨ ᠦᠶ᠎ᠡ ᠳᠤ ᠶᠡᠭᠡᠪᠡᠷ ᠲᠡᠯᠭᠡᠷᠡᠨ᠂ ᠮᠠᠨᠵᠤ ᠴᠢᠩ ᠤᠯᠤᠰ ᠤᠨ ᠦᠭᠡ ᠶᠢᠨ ᠡᠷᠭᠦᠯᠲᠡ ᠬᠦᠷᠦᠭᠡᠳ ᠴᠠᠬᠠᠷ ᠤᠨ ᠡᠯ᠎ᠡ ᠬᠤᠰᠢᠭᠤ ᠰᠦᠷᠦᠭ ᠤᠳ ᠲᠤᠰ ᠲᠤᠰ ᠤᠨ ᠤᠨᠴᠠᠯᠢᠭ ᠲᠠᠢ ᠠᠰᠤᠷᠤ ᠲᠠᠢ ᠪᠤᠯᠪᠠ᠃ ᠡᠨᠡ ᠬᠦ ᠠᠶᠠᠯᠭᠤ ᠶᠢ ᠮᠤᠩᠭᠤᠯ ᠦᠨᠳᠦᠰᠦᠳᠡᠨ ᠤᠨ ᠬᠦᠪᠴᠢᠳᠤ ᠪᠠ ᠴᠢᠪᠬᠠᠳᠠᠬᠤ᠂ ᠦᠯᠢᠶᠡᠪᠦᠷ ᠬᠦᠭᠵᠢᠮ ᠢᠶᠠᠷ ᠨᠡᠶᠢᠯᠡᠭᠦᠯᠦᠨ ᠬᠦᠭᠵᠢᠮᠳᠡᠬᠦ ᠪᠦᠭᠡᠳ ᠲᠤᠮᠤᠬᠠᠨ ᠬᠡᠪᠴᠢᠶᠡᠨ ᠤ ᠨᠠᠶᠢᠷ ᠶᠤᠰᠤᠯᠠᠯ ᠶᠠᠩᠵᠤ ᠵᠢᠴᠢ ᠪᠡᠯᠭᠡᠳᠡᠬᠦ ᠠᠵᠢᠯᠯᠠᠭ᠎ᠠ ᠲᠡᠭᠡᠷ᠎ᠡ ᠬᠦᠭᠵᠢᠮᠳᠡᠳᠡᠭ᠃       ᠴᠠᠬᠠᠷ ᠨᠤᠲᠤᠭ ᠲᠤ ᠤᠯᠠᠮᠵᠢᠯᠠᠭᠳᠠᠭᠰᠠᠨ ᠠᠰᠤᠷᠤ ᠶᠢᠨ 60% ᠠᠴᠠ ᠲᠡᠭᠡᠭᠰᠢᠬᠢ ᠨᠢ ᠬᠦᠪᠡᠭᠡᠲᠦ ᠰᠢᠷ᠎ᠠ ᠬᠤᠰᠢᠭᠤᠨ ᠳᠤ ᠲᠦᠪᠯᠡᠷᠡᠵᠤ ᠪᠠᠶᠢᠳᠠᠭ᠃ ᠲᠡᠬᠦᠨ ᠤ ᠲᠤᠳᠤᠷ᠎ᠠ ︽ᠠᠳᠤᠭᠤᠴᠢᠨ ᠠᠰᠣᠷᠤ︾ ᠨᠢ ᠲᠡᠦᠭᠡ ᠤᠯᠠᠮᠵᠢᠯᠠᠯ ᠤᠳᠠᠭᠠᠨ᠂ ᠲᠡᠯᠭᠡᠷᠡᠭᠰᠡᠨ ᠬᠡᠪᠴᠢᠶ᠎ᠡ ᠦᠷᠭᠡᠨ᠂ ᠪᠦᠷᠢᠨ ᠪᠦᠳᠦᠨ ᠦᠯᠡᠳᠡᠭᠰᠡᠨ ᠢᠶᠠᠷ ᠲᠡᠷᠢᠬᠦᠴᠢ ᠠᠰᠤᠷᠤ ᠬᠡᠮᠡᠭᠳᠡᠵᠡᠢ᠃       2008 ᠣᠨ ᠳᠤ ᠠᠰᠤᠷᠤ ᠨᠢ ᠦᠪᠡᠷᠳᠡᠭᠡᠨ ᠵᠡᠰᠠᠬᠤ ᠤᠷᠤᠨ ᠤ ᠲᠠᠰ ᠤᠨ ᠪᠤᠳᠠᠰ ᠤᠨ ᠪᠣᠰᠤ ᠰᠤᠶᠤᠯ ᠤᠨ ᠥᠪ ᠤᠨ ᠨᠡᠷᠡᠰ ᠲᠤ ᠪᠦᠷᠢᠳᠭᠡᠭᠳᠡᠵᠦ᠂ ᠮᠦᠨ ᠲᠤᠰ ᠵᠢᠯ ᠨᠢ ᠲᠤᠮᠳᠠᠳᠤ ᠤᠯᠤᠰ ᠤᠨ ᠠᠷᠠᠳ ᠤᠨ ᠤᠷᠠᠯᠢᠭᠴᠢᠳ ᠤᠨ ᠡᠪᠯᠡᠯ ᠠᠴᠠ ᠬᠦᠪᠡᠭᠡᠲᠦ ᠰᠢᠷ᠎ᠠ ᠬᠤᠰᠢᠭᠤ ᠶᠢ ︽ᠲᠤᠮᠳᠠᠳᠤ ᠤᠯᠤᠰ ᠤᠨ ᠠᠰᠤᠷᠤ ᠠᠶᠠᠯᠭᠤ ᠶᠢᠨ ᠨᠤᠲᠤᠭ︾ ᠬᠡᠮᠡᠨ ᠨᠡᠷᠡᠶᠢᠳᠦᠭᠰᠡᠨ ᠪᠠᠶᠢᠨ᠎ᠠ᠃       2014 ᠣᠨ ᠳᠤ ᠲᠦᠷᠪᠡᠳᠦᠭᠡᠷ ᠪᠦᠯᠦᠭ ᠤᠯᠤᠰ ᠤᠨ ᠲᠠᠰ ᠤᠨ ᠪᠤᠳᠠᠰ ᠤᠨ ᠪᠤᠰᠤ ᠰᠤᠶᠤᠯ ᠤᠨ ᠥᠪ ᠤᠨ ᠲᠥᠯᠦᠭᠡᠯᠡᠬᠦ ᠴᠢᠨᠠᠷᠳᠠᠢ ᠨᠠᠷᠡᠰ ᠲᠤ ᠵᠢᠭᠰᠠᠭᠠᠭᠳᠠᠪᠠ᠃       2018 ᠣᠨ ᠳᠤ ᠦᠪᠡᠷᠳᠡᠭᠡᠨ ᠵᠠᠰᠠᠬᠤ ᠣᠷᠣᠨ ᠤ ᠰᠣᠶᠣᠯ ᠤᠨ ᠲᠢᠩᠭᠢᠮ ᠠᠴᠠ ᠬᠦᠪᠡᠭᠡᠲᠦ ᠰᠢᠷ᠎ᠠ ᠬᠤᠰᠢᠭᠤ ᠶᠢ ︽2018-2020 ᠣᠨ ᠳᠠᠬᠢ ᠪᠦᠬᠦ ᠤᠷᠤᠨ ᠤ ᠠᠷᠠᠳ ᠤᠨ ᠰᠤᠶᠤᠯ ᠤᠷᠠᠯᠢᠭ ᠤᠨ ᠨᠤᠲᠤᠭ - ᠠᠰᠤᠷᠤ ᠠᠶᠠᠯᠭᠤ ᠶᠢᠨ ᠥᠯᠦᠭᠡᠢ︾ ᠬᠡᠮᠡᠨ ᠨᠡᠷᠡᠶᠢᠳᠪᠡ᠃ ︽ ᠲᠣᠷᠭᠠᠨ ᠨᠤᠲᠤᠭ - ᠬᠦᠪᠡᠭᠡᠲᠦ ᠰᠢᠷ᠎ᠠ ᠬᠤᠰᠢᠭᠤ︾ ᠭᠡᠬᠦ ᠨᠣᠮ ᠠᠴᠠ ᠰᠣᠩᠭᠤᠪᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号